ᠠᠯᠠᠱᠠ ᠶᠢᠨ ᠢᠮᠠᠭᠠᠨ ᠤ ᠰᠠᠭᠠᠯᠢ ᠶᠢᠨ ᠰᠤᠶᠤᠯ
ᠨᠡᠶᠢᠲᠡᠯᠡᠭᠰᠡᠨ ᠴᠠᠭ᠄
2019/12/11
  ᠮᠤᠩᠭᠤᠯᠴᠤᠳ ᠠᠯᠢ ᠡᠷᠳᠡ ᠡᠪᠦᠭᠡ ᠲᠡᠭᠡᠳᠦᠰ ᠠᠴᠠ ᠪᠠᠨ ᠡᠬᠢᠯᠡᠨ ᠲᠠᠪᠤᠨ ᠬᠤᠰᠢᠭᠤ ᠮᠠᠯ ᠤᠨ ᠰᠦ ᠰᠠᠭᠠᠯᠢ ᠶᠢ ᠠᠯᠢ ᠶᠢ ᠨᠢ ᠴᠦ ᠲᠤᠳᠠᠬᠳᠠᠭᠤᠯᠤᠯ ᠦᠭᠡᠢ ᠡᠳ᠋ᠯᠡᠭᠰᠡᠭᠡᠷ ᠢᠷᠡᠭᠰᠡᠨ ᠪᠦᠭᠡᠳ ᠢᠳᠡᠭᠡᠨ ᠤ ᠲᠡᠭᠡᠵᠢ ᠪᠠᠨ ᠪᠤᠯᠭᠠᠨ ᠲᠡᠭᠷᠢ ᠭᠠᠵᠠᠷ ᠲᠠᠭᠠᠨ ᠡᠷᠬᠦᠵᠦ ᠰᠠᠶᠢᠨ ᠰᠠᠶᠢᠬᠠᠨ ᠢᠶᠠᠨ ᠵᠦᠡᠭᠨᠡᠨ ᠪᠡᠯᠭᠡᠰᠢᠶᠡᠭᠰᠡᠭᠡᠷ ᠡᠨᠡ ᠡᠷᠡᠨ ᠳᠤ ᠬᠦᠷᠴᠦ ᠢᠷᠡᠵᠡᠢ ᠃ ᠶᠡᠷᠤᠨᠢ ᠭᠡᠬᠦᠤ᠂ ᠦᠨᠢᠶ᠎ᠠ᠂ ᠬᠤᠨᠢ ᠶᠢᠨ ᠰᠦ ᠰᠠᠭᠠᠯᠢ ᠨᠢ ᠪᠦᠬᠦ ᠮᠤᠩᠭᠤᠯᠴᠤᠳ ᠤᠨ ᠲᠤᠮᠳᠠ ᠨᠡᠶᠢᠳᠡᠮ ᠬᠡᠷᠡᠭᠯᠡᠭᠳᠡᠭᠰᠡᠭᠡᠷ ᠢᠷᠡᠭᠰᠡᠨ ᠢ ᠪᠢᠳᠠ ᠮᠡᠳᠡᠨ᠎ᠠ᠃ ᠬᠡᠪᠡᠴᠦ ᠭᠠᠵᠠᠷ ᠭᠠᠵᠠᠷ ᠤᠨ ᠪᠠᠶᠢᠭᠠᠯᠢ ᠶᠢᠨ ᠤᠷᠴᠢᠨ ᠨᠦᠬᠦᠴᠡᠯ ᠤᠨ ᠠᠳᠠᠯᠢ ᠦᠭᠡᠢ ᠠᠴᠠ ᠭᠤᠪᠢᠷᠬᠠᠬ ᠤᠷᠤᠨ ᠳᠤ ᠲᠡᠮᠡᠭᠡ ᠮᠠᠯᠵᠢᠵᠦ᠂ ᠠᠭᠤᠯᠠᠷᠬᠠᠬ ᠤᠷᠤᠨ ᠳᠤ ᠢᠮᠠᠭ᠎ᠠ ᠮᠠᠯᠵᠢᠳᠠᠬ ᠠᠴᠠ ᠪᠤᠯᠵᠦ ᠦᠪᠦᠷ ᠮᠤᠩᠭᠤᠯ ᠤᠷᠤᠨ ᠤ ᠠᠯᠠᠱᠠ᠂ ᠤᠷᠠᠳ᠂ ᠤᠷᠳᠤᠰ ᠵᠡᠷᠭᠡ ᠭᠠᠵᠠᠷ ᠤᠷᠤᠨ ᠳᠤ ᠢᠮᠠᠭ᠎ᠠ᠂ ᠲᠡᠮᠡᠭᠡ ᠮᠠᠯᠵᠢᠵᠦ ᠪᠠᠶᠢᠳᠠᠬ ᠠᠴᠠ ᠢᠡᠭᠭᠡᠨ ᠤ ᠰᠠᠭᠠᠯᠢ ᠶᠢᠨ ᠰᠤᠶᠤᠯ᠂ ᠢᠮᠠᠭᠠᠨ ᠤ ᠰᠠᠭᠠᠯᠢ ᠶᠢᠨ ᠰᠤᠶᠤᠯ ᠬᠦᠮᠦᠨ ᠠᠷᠠᠳ ᠤᠨ ᠲᠤᠮᠳᠠ ᠨᠡᠶᠢᠳᠡᠮ ᠲᠡᠯᠭᠡᠷᠡᠵᠦ ᠤᠯᠠᠮᠵᠢᠯᠠᠬᠳᠠᠬᠰᠠᠭᠠᠷ ᠢᠷᠡᠵᠡᠢ᠃ ᠨᠡᠩ ᠢᠯᠠᠩᠭᠤᠶ᠎ᠠ ᠠᠯᠠᠱᠠ ᠶᠢᠨ ᠢᠮᠠᠭᠠᠨ ᠤ ᠰᠠᠭᠠᠯᠢ ᠶᠢᠨ ᠰᠤᠶᠤᠯ ᠨᠢ ᠪᠤᠰᠤᠳ ᠭᠠᠵᠠᠷ ᠤᠷᠤᠨ ᠲᠠᠢ ᠠᠳᠠᠯᠢᠳᠬᠠᠪᠠᠯ ᠪᠠᠭ᠎ᠠ ᠰᠠᠭ᠎ᠠ ᠦᠪᠡᠷᠮᠢᠴᠡ ᠤᠨᠴᠠᠯᠢᠬ ᠲᠠᠢ ᠪᠤᠯᠪᠠᠴᠦ ᠶᠡᠬᠡᠨᠭᠬᠢ ᠳᠡᠭᠡᠨ ᠮᠤᠩᠭᠤᠯᠴᠤᠳ ᠤᠨ ᠰᠠᠭᠠᠯᠢ ᠶᠢᠨ ᠰᠤᠶᠤᠯ ᠠᠳᠠᠯᠢ ᠪᠠᠶᠢᠳᠠᠬ ᠶᠤᠮ᠃ ᠬᠠᠷᠢᠨ ᠠᠯᠠᠱᠠ ᠳᠤ ᠲᠠᠪᠤᠨ ᠬᠤᠰᠢᠭᠤ ᠮᠠᠯ ᠤᠨ ᠲᠤᠳᠤᠷ᠎ᠠ ᠲᠡᠮᠡᠭᠡ᠂ ᠬᠤᠨᠢ᠂ ᠢᠮᠠᠭ᠎ᠠ ᠮᠠᠯᠵᠢᠬᠤ ᠪᠠᠷ ᠭᠤᠤᠯᠯᠠᠵᠦ᠂ ᠡᠬᠦᠨ ᠤ ᠲᠤᠳᠤᠷ᠎ᠠ ᠢᠮᠠᠭ᠎ᠠ ᠤᠯᠠᠩᠬᠢ ᠲᠤᠭ᠎ᠠ ᠶᠢ ᠡᠵᠡᠯᠡᠵᠦ᠂ ᠠᠷᠠᠰᠤ ᠨᠤᠯᠤᠤᠷ ᠤᠨ ᠭᠠᠷᠤᠯᠳᠠ ᠶᠡᠭᠡ ᠪᠠᠶᠢᠵᠦ᠂ ᠮᠠᠯᠴᠢᠳ ᠤᠨ ᠤᠷᠤᠯᠭ᠎ᠠ ᠶᠢᠨ ᠭᠤᠤᠯ ᠢᠷᠡᠯᠳᠡ ᠪᠤᠯᠵᠦ ᠪᠠᠶᠢᠳᠠᠬ ᠢᠶᠠᠷ ᠪᠠᠷᠠᠬᠤ ᠦᠭᠡᠢ ᠢᠮᠠᠭᠠᠨ ᠤ ᠰᠠᠭᠠᠯᠢ ᠶᠢᠨ ᠬᠡᠷᠡᠭᠯᠡᠯᠳᠡ ᠨᠡᠶᠢᠳᠡᠮ ᠲᠡᠯᠭᠡᠷᠡᠵᠦ᠂ ᠡᠨᠡᠬᠦ ᠦᠨᠢ ᠤᠳᠠᠭᠠᠨ ᠲᠡᠤᠬᠡ ᠲᠠᠢ ᠰᠤᠶᠤᠯ ᠨᠢ ᠪᠤᠰᠤᠳ ᠰᠤᠶᠤᠯ ᠲᠠᠢ ᠠᠳᠠᠯᠢ ᠪᠠᠷ ᠤᠳᠤ ᠪᠤᠯᠳᠠᠯ᠎ᠠ ᠮᠠᠯᠴᠢᠳ ᠤᠨ ᠲᠤᠮᠳᠠ ᠤᠯᠠᠮᠵᠢᠯᠠᠬᠳᠠᠬᠰᠠᠭᠠᠷ ᠪᠠᠶᠢᠨ᠎ᠠ᠃ ᠢᠮᠠᠭᠠᠨ ᠤ ᠰᠠᠭᠠᠯᠢ ᠶᠢᠨ ᠬᠡᠷᠡᠭᠴᠡᠭᠡ ᠪᠠᠭ᠎ᠠ ᠪᠠᠶᠢᠬᠤ ᠳᠤ ᠪᠠᠭᠠᠰᠤ ᠠᠯᠳᠠᠪᠠᠯ ᠲᠤᠮᠤᠴᠤᠤᠯ ᠠᠴᠠ ᠢᠮᠠᠭᠠᠨ ᠤ ᠰᠦ ᠬᠦᠭᠡᠷᠤᠭᠦᠯᠦᠨ ᠤᠤᠭᠤᠯᠭᠠᠳᠠᠬ ᠪᠠᠶᠢᠬᠰᠠᠨ᠂ ᠡᠨᠡ ᠨᠢ ᠢᠮᠠᠭᠠᠨ ᠤ ᠰᠦ ᠪᠠᠭᠠᠰᠤ ᠶᠢ ᠬᠤᠷᠭᠤᠰᠤᠯᠠᠭᠤᠯᠵᠦ ᠬᠠᠳᠠᠭᠤᠷᠠᠭᠤᠯᠳᠠᠬ ᠠᠴᠠ ᠪᠤᠯᠤᠬᠰᠠᠨ ᠪᠠᠶᠢᠬ᠎ᠠ᠃ ᠡᠬᠦᠨ ᠠᠴᠠ ᠪᠢᠳᠠ ᠢᠮᠠᠭᠠᠨ ᠰᠦ ᠴᠦ ᠪᠤᠰᠤᠳ ᠠᠮᠢᠳᠠᠨ ᠤ ᠰᠦ ᠲᠠᠢ ᠠᠳᠠᠯᠢ ᠪᠠᠷ ᠡᠮᠴᠢᠯᠡᠬᠡᠨ ᠤ ᠦᠢᠯᠡᠳᠦᠯ ᠲᠠᠢ ᠭᠡᠳᠡᠭ ᠢ ᠮᠡᠳᠡᠵᠦ ᠪᠤᠯᠤᠨ᠎ᠠ᠃ ᠤᠢᠢᠷ᠎ᠠ ᠶᠢᠨ ᠵᠢᠯ ᠤᠳ ᠲᠤ ᠵᠠᠷᠢᠮ ᠤᠯᠤᠰ ᠤᠷᠤᠨ ᠵᠢᠴᠢ ᠮᠠᠨ ᠤ ᠤᠯᠤᠰ ᠤᠨ ᠵᠠᠷᠢᠮ ᠭᠠᠵᠠᠷ ᠤᠷᠤᠨ ᠳᠤ ᠢᠮᠠᠭᠠᠨ ᠤ ᠰᠦ ᠶᠢ ᠬᠡᠷᠡᠭᠯᠡᠬᠦ ᠬᠠᠯᠠᠭᠤᠷᠠᠯ ᠪᠤᠢ ᠪᠤᠯᠵᠦ᠂ ᠢᠮᠠᠭᠠᠨ ᠤ ᠰᠦ ᠶᠢᠨ ᠲᠠᠯᠬ᠎ᠠ᠂ ᠢᠮᠠᠭᠠᠨ ᠤ ᠰᠦ ᠶᠢᠨ ᠭᠤᠶᠤᠯᠠᠯ ᠤᠨ ᠪᠤᠳᠠᠰ ᠵᠠᠬ᠎ᠠ ᠲᠡᠯᠭᠡᠬᠦᠷ ᠲᠤ ᠤᠷᠤᠨ ᠪᠠᠶᠢᠷᠢ ᠪᠠᠨ ᠡᠵᠡᠯᠡᠭᠰᠡᠨ ᠪᠠᠶᠢᠨ᠎ᠠ᠃ ᠡᠨᠡ ᠨᠢ ᠢᠮᠠᠭᠠᠨ ᠤ ᠰᠦ ᠪᠤᠯ ᠰᠢᠮ᠎ᠠ ᠲᠡᠵᠢᠭᠡᠯ ᠢᠶᠠᠷ ᠦᠨᠳᠦᠷ ᠪᠦᠭᠡᠳ ᠡᠷᠡᠬᠦᠯᠵᠢᠯ ᠤᠨ ᠦᠢᠯᠡᠳᠦᠯ ᠢᠶᠠᠷ ᠰᠠᠶᠢᠨ ᠭᠡᠳᠡᠭ ᠢ ᠬᠠᠷᠠᠭᠤᠯᠤᠬᠰᠠᠨ ᠠᠵᠢ᠃ ᠬᠠᠮᠢᠶ᠎ᠠ ᠪᠦᠬᠦᠢ ᠰᠤᠳᠤᠯᠭᠠᠨ ᠤ ᠭᠡᠷᠡᠴᠢ ᠪᠠᠷᠢᠮᠳᠠ ᠶᠢ ᠦᠨᠳᠦᠰᠦᠯᠡᠪᠡᠯ᠂ ᠢᠮᠠᠭᠠᠨ ᠤ ᠰᠦ ᠨᠢ ᠬᠤᠳᠤᠭᠤᠳᠦ ᠨᠠᠷᠢᠨ ᠭᠡᠳᠡᠰᠦ ᠶᠢ ᠴᠡᠪᠡᠷᠰᠢᠬᠦᠯᠦᠨ ᠰᠢᠩᠭᠡᠭᠡᠯᠳᠡ ᠶᠢ ᠰᠠᠶᠢᠵᠢᠷᠠᠭᠤᠯᠳᠠᠬ᠃ ᠦᠨᠢᠶᠡᠨ ᠤ ᠰᠦ ᠪᠤᠯ ᠬᠦᠴᠢᠯᠯᠢᠭ ᠪᠠᠶᠢᠳᠠᠬ᠂ ᠬᠠᠷᠢᠨ ᠢᠮᠠᠭᠠᠨ ᠤ ᠰᠦ ᠪᠤᠯ ᠬᠤᠵᠢᠷᠯᠢᠬ ᠪᠠᠶᠢᠵᠦ᠂ ᠦᠭᠡᠬᠦᠨ ᠪᠦᠮᠪᠦᠭᠡᠯᠢᠭ ᠨᠢ ᠲᠦᠢᠯ ᠤᠨ ᠪᠠᠭ᠎ᠠ᠂ ᠦᠨᠢᠶᠡᠨ ᠤ ᠰᠦ ᠶᠢᠨ ᠭᠤᠷᠪᠠᠨ ᠤ ᠨᠢᠭᠡ ᠳᠤ ᠬᠦᠷᠴᠦ ᠪᠠᠶᠢᠳᠠᠬ ᠲᠤᠯᠠ ᠤᠬᠤᠷᠬᠠᠨ ᠬᠤᠭᠤᠴᠠᠭᠠᠨ ᠳᠤ ᠰᠢᠩᠭᠡᠵᠦ᠂ ᠬᠤᠳᠤᠭᠤᠳᠦ ᠭᠡᠳᠡᠰᠤᠨ ᠤ ᠡᠪᠡᠳᠴᠢᠨ ᠢ ᠵᠠᠰᠠᠬᠤ ᠳᠤ ᠪᠤᠰᠤᠳ ᠠᠮᠢᠳᠠᠨ ᠤ ᠰᠦ ᠠᠴᠠ ᠦᠢᠯᠡᠳᠦᠯ ᠰᠠᠶᠢᠨ ᠪᠠᠶᠢᠳᠠᠬ᠃ ᠢᠮᠠᠭᠠᠨ ᠤ ᠰᠦ ᠶᠢᠨ ᠺᠠᠯᠽ ᠶᠢᠨ ᠠᠭᠤᠯᠬᠤᠨ ᠪᠠᠰᠠ ᠦᠨᠳᠦᠷ ᠪᠠᠶᠢᠵᠦ᠂ ᠦᠨᠢᠶᠡᠨ ᠤ ᠰᠦ ᠶᠢᠨ 1.3 ᠲᠠᠬᠢᠨ ᠳᠤ ᠬᠦᠷᠴᠦ᠂ ᠦᠰᠪᠦᠷᠢ ᠦᠶ᠎ᠠ ᠶᠢᠨ ᠪᠠᠭᠠᠴᠤᠳ ᠤᠨ ᠰᠢᠮ᠎ᠠ ᠲᠡᠵᠢᠭᠡᠯ ᠢ ᠬᠠᠨᠭ᠍ᠭᠠᠬᠤ ᠤᠭᠢ ᠤᠮᠳᠠᠭᠠᠨ ᠪᠤᠯᠳᠠᠬ᠃ ᠢᠮᠠᠭᠠᠨ ᠤ ᠰᠦ ᠶᠢᠨ ᠲᠤᠳᠤᠷᠠᠬᠢ EGF ᠡᠰ ᠨᠢ ᠬᠦᠮᠦᠨ ᠤ ᠨᠢᠭᠤᠷ ᠤᠨ ᠠᠷᠠᠰᠤ ᠶᠢ ᠴᠠᠶᠢᠷᠠᠭᠤᠯᠬᠤ ᠵᠢᠴᠢ ᠵᠦᠭᠡᠯᠡᠨ ᠤᠰᠤᠷᠬᠠᠬ ᠪᠤᠯᠭᠠᠳᠠᠬ ᠪᠦᠭᠡᠳ ᠦᠭᠡᠬᠦᠯᠢᠭ ᠡᠳ᠋ ᠨᠢ ᠦᠨᠢᠶᠡᠨ ᠤ ᠰᠦ ᠶᠢᠨ 1.5 ᠲᠠᠬᠢᠨ ᠳᠤ ᠬᠦᠷᠴᠦ᠂ ᠬᠦᠮᠦᠨ ᠤ ᠡᠯᠢᠭᠡᠨ ᠡᠪᠡᠳᠴᠢᠨ ᠢ ᠵᠠᠰᠠᠬᠤ ᠪᠤᠶᠤ ᠰᠡᠷᠭᠡᠶᠢᠯᠡᠬᠦ ᠳᠤ ᠠᠰᠢᠬᠳᠠᠢ᠃ ᠡᠬᠦᠨ ᠠᠴᠠ ᠭᠠᠳᠠᠨ᠎ᠠ ᠪᠠᠰᠠ ᠢᠮᠠᠭᠠᠨ ᠤ ᠰᠦ ᠶᠢᠨ ᠸᠢᠲ᠋ᠠᠮᠢᠨ B1᠂ ᠸᠢᠲ᠋ᠠᠮᠢᠨ A ᠶᠢᠨ ᠠᠭᠤᠯᠬᠤᠨ ᠨᠡᠯᠢᠶᠡᠳ ᠦᠨᠳᠦᠷ ᠪᠤᠯᠬᠤᠷ ᠶᠡᠭᠡ ᠲᠠᠷᠢᠬᠢᠨ ᠤ ᠪᠤᠶᠢᠵᠢᠯᠳᠠ ᠪᠠ ᠤᠶᠤᠨ ᠤᠬᠠᠭᠠᠨ ᠳᠤ ᠲᠤᠰᠠᠲᠠᠢ ᠪᠠᠶᠢᠳᠠᠬ᠃ ᠢᠮᠠᠭ᠎ᠠ ᠰᠠᠭᠠᠬᠤ ᠬᠢᠭᠡᠳ ᠢᠳᠡᠭᠡᠨ ᠤᠮᠳᠠᠭᠠᠨ ᠳᠤ ᠬᠡᠷᠡᠭᠯᠡᠬᠦ ᠵᠠᠩ ᠦᠢᠯᠡ ᠶᠡᠷᠤᠨᠢ ᠮᠤᠩᠭᠤᠯᠴᠤᠳ ᠤᠨ ᠴᠠᠭᠠᠨ ᠢᠳᠡᠭᠡᠨ ᠤ ᠡᠬᠡ ᠪᠦᠳᠦᠭᠡᠭᠳᠡᠬᠦᠨ ᠪᠤᠯᠬᠤ ᠪᠤᠳᠠ ᠪᠤᠬ ᠮᠠᠯ ᠤᠨ ᠰᠦ ᠨᠢ ᠤᠯᠠᠷᠢᠯ ᠤᠨ ᠴᠢᠨᠠᠷᠳᠠᠢ ᠪᠠᠶᠢᠳᠠᠬ᠃ ᠮᠠᠯ ᠲᠦᠯᠯᠡᠬᠦ ᠬᠠᠪᠤᠷ ᠤᠨ ᠡᠬᠢᠨ ᠰᠠᠷ᠎ᠠ ᠶᠢᠨ ᠦᠶ᠎ᠠ ᠪᠠᠷ ᠤᠭᠤᠷᠠᠬ ᠰᠦ ᠡᠬᠢᠯᠡᠨ ᠭᠠᠷᠴᠦ ᠮᠠᠯ ᠭᠡᠭᠡᠯ ᠳᠤ ᠭᠠᠷᠬᠤ ᠨᠠᠮᠤᠷ ᠤᠨ ᠰᠢᠪᠳᠤᠷᠭᠠᠨ ᠤ ᠦᠶ᠎ᠠ ᠪᠠᠷ ᠮᠠᠯ ᠤᠨ ᠰᠦ ᠲᠠᠳᠠᠷᠠᠬᠤ ᠶᠢ ᠲᠠᠭᠠᠯᠳᠤᠨ ᠰᠠᠭᠠᠯᠢ ᠵᠤᠬᠰᠤᠳᠠᠬ᠃ ᠠᠯᠠᠱᠠ ᠳᠤ ᠲᠠᠪᠤᠨ ᠬᠤᠰᠢᠭᠤ ᠮᠠᠯ ᠠᠴᠠ ᠬᠠᠮᠤᠬ ᠲᠦᠷᠦᠬᠦᠨ ᠳᠤ ᠢᠮᠠᠭᠠᠨ ᠤ ᠰᠠᠭᠠᠯᠢ ᠶᠢ ᠬᠢᠳᠡᠭ᠃ ᠠᠯᠠᠱᠠ ᠶᠢᠨ ᠶᠡᠬᠡᠨᠭᠬᠢ ᠭᠠᠵᠠᠷ ᠲᠤ ᠬᠤᠷᠠᠭ᠎ᠠ ᠶᠢ ᠬᠦᠬᠦᠬᠦᠯ ᠠᠴᠠ ᠰᠠᠯᠭᠠᠬᠤ ᠭᠡᠵᠦ ᠬᠡᠳᠦᠨ ᠡᠳᠦᠷ ᠬᠤᠨᠢ ᠰᠠᠭᠠᠬᠤ ᠠᠴᠠ ᠪᠢᠰᠢ ᠲᠤᠰᠬᠠᠢᠢᠯᠠᠨ ᠰᠠᠭᠠᠯᠢ ᠠᠪᠳᠠᠬ ᠵᠠᠩᠰᠢᠯ ᠪᠠᠶᠢᠳᠠᠬ ᠦᠭᠡᠢ᠃ ᠢᠮᠠᠭ᠎ᠠ ᠶᠢ ᠬᠠᠷᠢᠨ ᠲᠤᠰᠬᠠᠢ ᠰᠠᠭᠠᠵᠦ ᠰᠠᠭᠠᠯᠢ ᠬᠢᠵᠦ ᠲᠦᠷᠪᠡᠨ ᠤᠯᠠᠷᠢᠯ ᠤᠨ ᠢᠳᠡᠬᠦ ᠴᠠᠭᠠᠨ ᠢᠳᠡᠭᠡᠨ ᠢᠶᠠᠨ ᠪᠡᠯᠡᠳᠭᠡᠳᠡᠭ᠃ ᠢᠮᠠᠭ᠎ᠠ ᠶᠢ ᠨᠢᠭᠡ ᠡᠳᠦᠷ ᠲᠤ ᠦᠷᠯᠦᠭᠡ ᠠᠰᠬᠠᠨ ᠬᠤᠶᠠᠷ ᠤᠳᠠᠭ᠎ᠠ ᠰᠠᠭᠠᠳᠠᠬ᠃ ᠰᠠᠭᠠᠬᠤ ᠳᠠᠭᠠᠨ ᠡᠬᠡ ᠢᠰᠢᠭᠡ ᠶᠢ ᠰᠠᠯᠭᠠᠨ ᠲᠤᠰᠠᠭᠠᠷᠯᠠᠬᠤ ᠪᠤᠶᠤ ᠬᠤᠯᠪᠤᠵᠦ ᠰᠠᠭᠠᠳᠠᠬ᠃ ᠶᠡᠷᠤᠨᠢ ᠬᠤᠯᠪᠤᠵᠦ ᠰᠠᠭᠠᠬᠤ ᠠᠷᠭ᠎ᠠ ᠨᠢ ᠲᠦᠭᠡᠮᠡᠯ ᠬᠡᠷᠡᠭᠯᠡᠭᠳᠡᠭᠰᠡᠭᠡᠷ ᠢᠷᠡᠵᠦ᠂ ᠲᠤᠰᠬᠠᠢ ᠲᠡᠮᠳᠡᠭ ᠲᠠᠯᠪᠢᠬᠰᠠᠨ ᠢᠮᠠᠭ᠎ᠠ ᠪᠠᠨ ᠬᠤᠳᠠᠨ ᠠᠴᠠ ᠢᠯᠭᠠᠨ ᠲᠠᠭᠤᠵᠦ ᠠᠪᠴᠢᠷᠠᠭᠠᠳ ᠬᠤᠯᠪᠤᠭ᠎ᠠ ᠶᠢᠨ ᠤᠷᠳᠤ ᠲᠡᠭᠡᠰᠦ ᠪᠠᠷ ᠰᠠᠭᠠᠬᠤ ᠢᠮᠠᠭ᠎ᠠ ᠪᠠᠨ ᠲᠤᠯᠤᠭᠠᠢ ᠲᠤᠯᠤᠭᠠᠢ ᠶᠢ ᠨᠢ ᠰᠤᠯᠪᠢᠴᠠᠭᠤᠯᠤᠨ ᠬᠦᠪᠦᠷᠡᠬᠡᠢ ᠬᠤᠯᠪᠤᠵᠦ ᠬᠡᠯᠬᠢᠨ᠎ᠠ᠃ ᠬᠤᠯᠪᠤᠵᠦ ᠰᠤᠷᠤᠬᠰᠠᠨ ᠢᠮᠠᠭ᠎ᠠ ᠡᠬᠢᠨ ᠤ ᠬᠤᠶᠠᠷ ᠢᠮᠠᠭ᠎ᠠ ᠶᠢ ᠬᠤᠯᠪᠤᠭᠠᠳ ᠵᠤᠬᠰᠤᠭᠠᠪᠠᠯ ᠪᠤᠰᠤᠳ ᠨᠢ ᠠᠶᠠᠨᠳᠠᠭᠠᠨ ᠬᠤᠯᠪᠤᠭᠠᠨ ᠳᠤ ᠲᠠᠪᠬᠢᠨ ᠢᠷᠡᠵᠦ ᠤᠷᠤᠳᠠᠬ᠃ ᠢᠮᠠᠭ᠎ᠠ ᠶᠢ ᠦᠨᠢᠶ᠎ᠠ ᠰᠠᠭᠠᠬᠤ ᠰᠢᠬ ᠲᠤᠭᠤᠯ ᠢ ᠨᠢ ᠬᠦᠬᠦᠬᠦᠯᠵᠦ ᠢᠪᠢᠯᠭᠡᠬᠦ ᠦᠭᠡᠢ᠂ ᠬᠠᠷᠢᠨ ᠬᠦᠬᠦ ᠶᠢ ᠨᠢ ᠭᠠᠷ ᠢᠶᠠᠷ ᠢᠶᠠᠨ ᠬᠦᠡᠭᠬᠡᠭᠡᠨ ᠨᠤᠳᠤᠷᠴᠦ ᠰᠦ ᠪᠠᠭᠤᠯᠭᠠᠳᠠᠬ᠃ ᠰᠠᠭᠠᠭᠠᠳ ᠪᠠᠷᠠᠪᠠᠯ ᠢᠰᠢᠭᠡ ᠬᠦᠬᠦᠬᠦ ᠠᠴᠠ ᠨᠢ ᠰᠡᠷᠭᠡᠶᠢᠯᠡᠬᠦ ᠶᠢᠨ ᠲᠦᠯᠦᠭᠡ ᠲᠠᠬᠢᠨ ᠨᠢᠯᠴᠠᠭᠠᠢ ᠮᠠᠯ ᠤᠨ ᠪᠠᠭᠠᠰᠤ ᠶᠢ ᠬᠤᠨᠢᠨ ᠨᠤᠤᠰᠤᠨ ᠳᠤ ᠪᠢᠯᠳᠠᠨ ᠬᠦᠬᠦ ᠶᠢ ᠨᠢ ᠤᠷᠢᠶᠠᠵᠦ ᠪᠠᠷᠠᠭᠠᠳ ᠬᠤᠯᠪᠤᠭ᠎ᠠ ᠶᠢᠨ ᠠᠳᠠᠬ ᠠᠴᠠ ᠲᠡᠭᠡᠰᠦ ᠪᠠᠨ ᠠᠯᠳᠠᠷᠠᠭᠠᠪᠠᠯ ᠬᠤᠯᠪᠤᠭ᠎ᠠ ᠦᠪᠡᠷ ᠢᠶᠠᠨ ᠲᠠᠶᠢᠯᠤᠬᠳᠠᠴᠢᠬᠠᠨ᠎ᠠ᠃ ᠶᠡᠷᠤᠨᠢ ᠪᠤᠷᠤᠭ᠎ᠠ ᠬᠤᠷ᠎ᠠ ᠡᠯᠪᠡᠭ ᠵᠢᠯ ᠡᠷᠳᠡᠨ ᠠᠴᠠ ᠨᠢᠭᠡ ᠬᠦᠬᠦ ᠶᠢ ᠨᠢ ᠤᠷᠢᠶᠠᠨ ᠰᠠᠭᠠᠵᠦ ᠂ ᠨᠠᠮᠤᠷ ᠤᠷᠤᠢ ᠪᠤᠯᠵᠦ ᠢᠰᠢᠭᠡ ᠨᠢ ᠬᠦᠷᠪᠡᠵᠢᠪᠡᠯ ᠬᠤᠶᠠᠷ ᠬᠦᠬᠦ ᠶᠢ ᠨᠢ ᠤᠷᠢᠶᠠᠨ ᠰᠠᠭᠠᠵᠦ᠂ ᠬᠡᠬᠡᠯ ᠳᠤ ᠭᠠᠷᠴᠦ ᠰᠦ ᠲᠠᠳᠠᠷᠠᠬᠤ ᠪᠤᠯᠳᠠᠯ᠎ᠠ ᠰᠠᠭᠠᠳᠠᠬ ᠠᠵᠢ᠃ ᠢᠮᠠᠭ᠎ᠠ ᠪᠠᠨ ᠰᠠᠭᠠᠵᠦ ᠡᠬᠢᠯᠡᠪᠡᠯ ᠠᠶᠢᠯ ᠵᠡᠷᠭᠡᠯᠡᠳᠡᠭᠡ ᠠᠴᠠ ᠪᠠᠨ ᠬᠦᠷᠦᠩᠭᠡ ᠵᠠᠯᠠᠬᠤ ᠪᠤᠶᠤ ᠤᠷᠢᠳᠦ ᠡᠪᠤᠯ ᠤᠨ ᠬᠠᠳᠠᠭᠠᠯᠠᠬᠰᠠᠨ ᠠᠶᠢᠷᠠᠬ ᠵᠢᠴᠢ ᠲᠤᠰᠬᠠᠢ ᠢᠰᠭᠡᠬᠦᠷ ᠢᠶᠠᠷ ᠠᠶᠢᠷᠠᠬ ᠢᠰᠭᠡᠵᠦ ᠠᠶᠢᠷᠠᠬᠯᠠᠳᠠᠬ᠃ ᠶᠡᠷᠤᠨᠢ ᠮᠠᠯᠴᠢᠳ ᠵᠢᠯ ᠤᠨ ᠲᠦᠷᠪᠡᠨ ᠤᠯᠠᠷᠢᠯ ᠳᠤ ᠴᠠᠭᠠᠨ ᠢᠳᠠᠭᠡᠨ ᠠᠴᠠ ᠰᠠᠯᠳᠠᠬ ᠦᠭᠡᠢ᠃ ᠬᠠᠪᠤᠷ ᠮᠠᠯ ᠲᠦᠯᠯᠡᠵᠦ ᠡᠬᠢᠯᠡᠪᠡᠯ ᠨᠢᠭᠡ ᠬᠤᠶᠠᠷ ᠬᠠᠶᠢᠳᠠᠬ ᠢᠮᠠᠭ᠎ᠠ ᠪᠠᠨ ᠰᠠᠭᠠᠬᠤ ᠪᠤᠶᠤ ᠢᠰᠢᠭᠡ ᠲᠠᠢ ᠢᠮᠠᠭ᠎ᠠ ᠪᠠᠨ ᠢᠯᠡᠬᠦᠴᠢᠯᠡᠨ ᠰᠠᠭᠠᠵᠦ ᠰᠠᠭᠠᠯᠢ ᠬᠢᠵᠦ ᠰᠢᠨ᠎ᠠ ᠠᠶᠢᠷᠠᠬ ᠢᠳᠡᠳᠡᠭ᠃ ᠰᠠᠶ᠋ᠢ ᠲᠦᠯᠯᠡᠭᠰᠡᠨ ᠢᠮᠠᠭ᠎ᠠ ᠬᠠᠮᠤᠬ ᠠᠩᠬᠠᠨ ᠤ ᠰᠦ ᠪᠤᠯᠬᠤ ᠤᠭᠤᠷᠠᠬ ᠰᠥ  ᠪᠠᠨ ᠬᠦᠬᠦᠵᠦ ᠪᠠᠷᠠᠬᠤ ᠦᠭᠡᠢ ᠪᠤᠯ ᠰᠠᠭᠠᠵᠦ ᠤᠭᠤᠷᠠᠬ ᠴᠢᠨᠠᠵᠦ ᠢᠳᠡᠳᠡᠭ᠃ ᠡᠳᠦᠷ ᠤᠨ ᠭᠤᠷᠪᠠᠨ ᠡᠷᠡᠨ ᠤ ᠬᠤᠭᠤᠯᠠᠨ ᠳᠤ ᠴᠠᠭᠠᠨ ᠢᠳᠡᠭᠡ ᠶᠡᠷᠦ ᠠᠴᠠ ᠲᠤᠳᠠᠬᠳᠠᠳᠠᠬ ᠦᠭᠡᠢ᠃ ᠦᠷᠯᠦᠭᠡ ᠴᠠᠢ ᠪᠠᠨ ᠰᠦᠯᠡᠬᠦ᠂ ᠦᠳᠡ ᠳᠤ ᠲᠤᠳᠤᠷᠭ᠎ᠠ ᠤᠷᠬᠢᠬᠰᠡᠨ ᠰᠦᠯᠡᠭᠰᠡᠨ ᠤᠮᠳᠠ ᠬᠢᠵᠦ ᠤᠤᠭᠤᠬᠤ᠂ ᠤᠷᠤᠢ ᠠᠶᠢᠷᠠᠬ ᠲᠠᠢ ᠭᠤᠯᠢᠷ ᠲᠠᠰᠤᠯᠤᠬᠰᠠᠨ ᠪᠤᠳᠠᠭ᠎ᠠ ᠢᠳᠡᠬᠦ ᠠᠴᠠ ᠭᠠᠳᠠᠨ᠎ᠠ ᠲᠤᠳᠤᠷᠭᠠᠨ ᠪᠤᠳᠠᠭ᠎ᠠ ᠴᠢᠨᠠᠵᠦ ᠠᠶᠢᠷᠠᠬ ᠵᠢᠭᠤᠷᠠᠨ ᠢᠳᠡᠬᠦ᠂ ᠬᠦᠮᠡᠯᠢ ᠪᠠᠨ ᠪᠢᠯᠴᠠᠯᠠᠨ ᠠᠶᠢᠷᠠᠬ ᠤᠨ ᠰᠠᠭᠠᠳ ᠲᠠᠢ ᠵᠢᠭᠤᠷᠠᠵᠦ ᠢᠳᠡᠬᠦ ᠵᠢᠴᠢ ᠰᠦ ᠬᠦᠭᠡᠷᠦᠬᠦᠯᠦᠨ ᠦᠷᠦᠮ᠎ᠠ ᠲᠠᠯᠪᠢᠬᠤ᠂ ᠠᠶᠢᠷᠠᠬ ᠪᠦᠯᠢᠵᠦ ᠲᠤᠰᠤ ᠠᠪᠬᠤ᠂ ᠬᠤᠷᠤᠳ ᠱᠦᠬᠦᠷᠮᠡᠭ ᠪᠠᠵᠠᠭᠠᠬᠤ᠂ ᠠᠷᠢᠬᠢ ᠨᠡᠷᠡᠬᠦ ᠵᠡᠷᠭᠡ ᠬᠡᠷᠡᠭᠯᠡᠬᠦ ᠠᠷᠭ᠎ᠠ ᠤᠯᠠᠨ ᠪᠠᠶᠢᠳᠠᠬ ᠠᠵᠤᠭᠤ᠃ ᠨᠠᠮᠤᠷ ᠤᠷᠤᠢ ᠪᠤᠶᠤ ᠡᠪᠤᠯ ᠤᠨ ᠡᠬᠢᠨ ᠰᠠᠷ᠎ᠠ ᠳᠤ ᠬᠦᠭᠡᠷᠦᠬᠦᠯᠦᠭᠰᠡᠨ ᠰᠦ ᠪᠠᠷ ᠬᠢᠭᠰᠡᠨ ᠠᠶᠢᠷᠠᠬ ᠢᠶᠠᠨ ᠬᠦᠵᠡᠭᠡᠨ ᠳᠤ ᠪᠤᠶᠤ ᠪᠢᠳᠠᠬᠦᠤ ᠪᠤᠳᠦᠩ ᠰᠠᠪᠠᠨ ᠳᠤ ᠬᠢᠵᠦ ᠨᠦᠭᠡᠴᠡᠯᠡᠵᠦ᠂ ᠲᠠᠷᠠᠭ᠎ᠠ ᠡᠪᠤᠯ ᠬᠠᠪᠤᠷ ᠤᠨ ᠠᠮᠳᠠ ᠪᠠᠨ ᠪᠤᠯᠭᠠᠳᠠᠬ᠃ ᠴᠠᠭᠠᠨ ᠢᠳᠡᠭᠡ ᠪᠤᠯᠪᠠᠰᠤᠷᠠᠭᠤᠯᠬᠤ ᠵᠠᠩ ᠦᠢᠯᠡ ᠰᠦ ᠶᠢ ᠤᠯᠠᠨ ᠶᠠᠩᠵᠦ ᠪᠠᠷ ᠪᠤᠯᠪᠠᠰᠤᠷᠠᠭᠤᠯᠤᠨ ᠶᠠᠩᠵᠦ ᠪᠦᠷᠢ ᠶᠢᠨ ᠠᠮᠳᠠ ᠪᠦᠬᠦᠢ ᠢᠳᠡᠭᠡᠨ ᠤᠮᠳᠠᠭᠠᠨ ᠬᠢᠳᠡᠭ᠃ ᠠᠯᠠᠱᠠ ᠳᠤ ᠲᠠᠪᠤᠨ ᠬᠤᠰᠢᠭᠤ ᠮᠠᠯ ᠤᠨ ᠰᠦ ᠰᠠᠭᠠᠯᠢ ᠪᠠᠷ ᠦᠷᠦᠮ᠎ᠠ᠂ ᠲᠠᠷᠠᠬ᠂ ᠬᠤᠯᠢᠮᠠᠬ᠂ ᠴᠠᠭ᠎ᠠ ︵ᠪᠤᠽᠢ︶᠂ ᠠᠶᠢᠷᠠᠬ᠂ ᠠᠷᠢᠬᠢ᠂ ᠰᠢᠷ᠎ᠠ ᠲᠤᠰᠤ᠂ ᠴᠠᠭᠠᠨ ᠲᠤᠰᠤ᠂ ᠵᠦᠬᠡᠬᠡᠢ᠂ ᠠᠭᠠᠷᠴᠠ᠂ ᠠᠭᠠᠷᠤᠤᠯ ︵ᠱᠦᠬᠦᠷᠮᠡᠭ︶ ᠮᠠᠳᠦ ᠶᠢᠨ ᠤᠯᠠᠨ ᠲᠦᠷᠦᠯ ᠤᠨ ᠴᠠᠭᠠᠨ ᠢᠳᠡᠭᠡᠨ ᠪᠤᠯᠪᠠᠰᠤᠷᠠᠭᠤᠯᠳᠠᠬ ᠶᠤᠮ᠃ ᠰᠦ ᠶᠢ ᠤᠭᠤᠷᠠᠬ ᠰᠦ ᠪᠤᠯᠤᠨ ᠲᠦᠭᠦᠬᠡᠢ ᠰᠦ᠂ ᠬᠦᠬᠡᠷᠦᠬᠦᠯᠦᠭᠰᠡᠨ ᠰᠦ ᠭᠡᠵᠦ ᠢᠯᠭᠠᠳᠠᠬ᠃ ᠰᠠᠶ᠋ᠢ ᠲᠦᠯᠯᠡᠭᠰᠡᠨ ᠮᠠᠯ ᠤᠨ ᠠᠩᠬ᠎ᠠ ᠰᠠᠭᠠᠬᠰᠠᠨ ᠰᠢᠷᠠᠪᠳᠤᠷ ᠦᠳᠭᠡᠨ ᠰᠦ ᠶᠢ ᠤᠭᠤᠷᠠᠬ ᠭᠡᠳᠡᠭ᠃ ᠤᠭᠤᠷᠠᠬ ᠪᠤᠯ ᠨᠢᠯᠬ᠎ᠠ ᠲᠦᠯ ᠤᠨ ᠠᠮᠢᠯᠠᠯ ᠤᠨ ᠬᠦᠴᠦᠨ ᠢ ᠬᠦᠭᠵᠢᠬᠡᠳᠡᠭ ᠡᠯᠪᠡᠭ ᠲᠡᠯᠪᠡᠭ ᠰᠢᠮ᠎ᠠ ᠲᠡᠵᠢᠬᠡᠯ ᠪᠦᠬᠦᠢ ᠰᠦ ᠪᠤᠯᠬᠤᠷ ᠨᠢᠯᠬ᠎ᠠ ᠲᠦᠯ ᠳᠤ ᠰᠠᠶᠢᠨ ᠴᠠᠳᠬᠠᠬᠤ ᠶᠢᠨ ᠬᠠᠮᠳᠦ ᠦᠯᠡᠳᠡᠭᠰᠡᠨ ᠤᠭᠤᠷᠠᠬ ᠢ ᠬᠦᠢᠴᠡᠳ ᠰᠠᠭᠠᠵᠦ ᠠᠪᠳᠠᠬ᠃ ᠡᠬᠡ ᠮᠠᠯ ᠤᠨ ᠤᠭᠤᠷᠠᠬ ᠨᠢ ᠭᠤᠷᠪᠠ ᠠᠴᠠ ᠲᠠᠪᠤᠨ ᠡᠳᠦᠷ ᠦᠷᠬᠦᠯᠵᠢᠯᠡᠵᠦ ᠪᠠᠶᠢᠭᠠᠳ ᠡᠩ ᠤᠨ ᠰᠦ ᠲᠠᠢ ᠵᠤᠯᠭᠠᠳᠠᠬ ᠪᠢᠯᠡ᠃ ᠬᠡᠷᠪᠡ ᠤᠭᠤᠷᠠᠬ ᠢ ᠰᠠᠶᠢᠨ ᠰᠠᠭᠠᠬᠤ ᠦᠭᠡᠢ ᠶᠤᠮ ᠪᠤᠯ ᠰᠦᠨ ᠤ ᠤᠨᠳᠤᠷᠤᠯᠳᠠ ᠳᠤ ᠨᠦᠯᠦᠭᠡ ᠪᠤᠯᠳᠠᠬ᠃ ᠰᠢᠨ᠎ᠠ ᠰᠠᠭᠠᠬᠰᠠᠨ ᠤᠭᠤᠷᠠᠬ ᠢ ᠴᠢᠨᠠᠵᠦ ᠪᠤᠯᠭᠤᠭᠠᠳ ᠢᠳᠡᠳᠡᠭ᠃ ᠮᠤᠩᠭᠤᠯᠴᠤᠳ ᠴᠠᠭᠠᠨ ᠢᠳᠡᠭᠡᠨ ᠤ ᠲᠤᠳᠤᠷ᠎ᠠ ᠠᠴᠠ ᠦᠷᠦᠮ᠎ᠠ ᠶᠢ ᠭᠤᠤᠯ ᠪᠤᠯᠭᠠᠨ ᠦᠵᠡᠳᠡᠭ ᠵᠠᠩᠰᠢᠯ ᠲᠠᠢ ᠠᠳᠠᠯᠢ ᠪᠠᠷ ᠠᠯᠠᠱᠠ ᠳᠤ ᠦᠷᠦᠮ᠎ᠠ ᠶᠢ ᠰᠠᠭᠠᠯᠢ ᠶᠢᠨ ᠢᠳᠡᠭᠡᠨ ᠤ ᠲᠡᠭᠡᠳᠦ ᠪᠠᠷ ᠦᠵᠡᠵᠦ᠂ ᠪᠤᠭᠤᠷᠰᠤᠬ ᠲᠠᠢ ᠲᠠᠪᠠᠬ ᠤᠨ ᠬᠠᠮᠤᠬ ᠲᠡᠭᠡᠷ᠎ᠠ ᠨᠢ ᠦᠷᠦᠨ ᠲᠠᠯᠪᠢᠵᠦ ᠦᠡᠭᠭᠡᠯᠡᠳᠡᠭ ᠠᠵᠢ᠃ ᠦᠷᠦᠮ᠎ᠠ ᠠᠪᠬᠤ ᠳᠤ ᠤᠷᠢᠳ ᠢᠶᠠᠷ ᠰᠠᠭᠠᠵᠦ ᠠᠪᠴᠢᠷᠠᠬᠰᠠᠨ ᠲᠦᠭᠦᠬᠡᠢ ᠰᠦ ᠪᠠᠨ ᠲᠤᠰᠬᠠᠢ ᠲᠤᠭᠤᠭᠠᠨ ᠳᠤ ᠱᠦᠬᠦᠵᠦ ᠬᠢᠭᠡᠳ ᠵᠦᠭᠡᠯᠡᠨ ᠭᠠᠯ ᠢᠶᠠᠷ ᠠᠭᠠᠵᠢᠮ ᠢᠶᠠᠷ ᠬᠦᠭᠡᠷᠦᠭᠦᠯᠦᠨ᠎ᠠ᠃ ᠰᠦ ᠠᠶᠠᠷᠬᠠᠨ ᠬᠦᠭᠡᠰᠦᠷᠡᠨ ᠪᠤᠴᠠᠯᠵᠦ ᠡᠬᠢᠯᠡᠪᠡᠯ ᠰᠢᠨᠠᠭ᠎ᠠ ᠪᠠᠷ ᠰᠠᠮᠤᠷᠴᠦ ᠬᠦᠭᠡᠰᠦᠷᠡᠬᠦᠯᠦᠨ᠎ᠠ᠃ ᠬᠦᠭᠡᠰᠦ ᠨᠢ ᠨᠡᠶᠢᠳᠡᠮ ᠬᠤᠶᠠᠷ ᠬᠤᠷᠤᠭᠤ ᠬᠢᠷᠢᠲᠡᠢ ᠲᠡᠭᠰᠢ ᠪᠠᠭᠤᠪᠠᠯ ᠭᠠᠯ ᠢᠶᠠᠨ ᠨᠠᠮᠳᠠᠭᠤᠯᠵᠦ ᠦᠨᠡᠰᠦ ᠪᠠᠷ ᠪᠤᠯᠠᠨ ᠲᠠᠯᠪᠢᠨ᠎ᠠ᠃ ᠲᠠᠷᠠᠭ᠎ᠠ ᠡᠳᠦᠷ ᠤᠨ ᠦᠷᠯᠦᠭᠡ ᠨᠢ ᠦᠷᠦᠮ᠎ᠠ ᠪᠠᠨ ᠠᠪᠤᠨ᠎ᠠ᠃ ᠲᠤᠭᠤᠭᠠᠨ ᠠᠴᠠ ᠠᠪᠬᠤ ᠳᠠᠭᠠᠨ ᠲᠤᠭᠤᠭᠠᠨ ᠳᠤ ᠨᠠᠭᠠᠯᠳᠤᠬᠰᠠᠨ ᠬᠦᠪᠡᠭᠡ ᠶᠢ ᠨᠢ ᠬᠤᠰᠤᠭᠤᠷ ᠢᠶᠠᠷ ᠵᠢᠷᠤᠵᠦ ᠰᠠᠯᠭᠠᠭᠠᠳ ᠡᠪᠬᠡᠵᠦ ᠠᠪᠬᠤ ᠪᠤᠶᠤ ᠨᠠᠮᠤᠷ ᠤᠨ ᠵᠤᠵᠠᠭᠠᠨ ᠦᠷᠦᠮ᠎ᠠ ᠶᠢ ᠬᠤᠯᠤᠰᠤᠨ ᠮᠤᠳᠤ ᠪᠤᠶᠤ ᠰᠠᠪᠬ᠎ᠠ ᠪᠠᠷ ᠬᠠᠭᠠᠰ ᠰᠠᠷᠠ ᠬᠡᠯᠪᠡᠷᠢᠲᠠᠢ ᠨᠤᠭᠤᠯᠤᠨ ᠡᠪᠬᠡᠵᠦ ᠠᠪᠴᠦ᠂ ᠰᠠᠬᠰᠦ ᠵᠡᠷᠭᠡ ᠰᠠᠯᠬᠢ ᠵᠢᠪᠠᠷ ᠨᠡᠪᠳᠡᠷᠡᠳᠡᠭ ᠶᠠᠭᠤᠮᠠᠨ ᠳᠤ ᠬᠠᠳᠠᠭᠠᠨ ᠲᠠᠯᠪᠢᠳᠠᠬ᠃ ᠠᠶᠢᠷᠠᠬ ᠢᠰᠭᠡᠬᠦ ᠳᠤ ᠠᠷᠪᠠᠢ ᠪᠤᠶᠤ ᠰᠢᠷ᠎ᠠ ᠪᠤᠳᠠᠭ᠎ᠠ ᠠᠳᠬᠤ ᠬᠢᠷᠢᠲᠡᠢ ᠬᠢᠵᠦ ᠰᠦ ᠲᠠᠢ ᠬᠠᠮᠳᠦ ᠱᠠᠭᠠᠵᠠᠩ ᠪᠤᠳᠤᠩ ᠮᠠᠳᠦ ᠶᠢᠨ ᠰᠠᠪᠠᠨ ᠳᠤ ᠬᠢᠵᠦ ᠬᠠᠯᠠᠭᠤᠨ ᠭᠠᠵᠠᠷ ᠲᠠᠯᠪᠢᠵᠦ ᠢᠰᠭᠡᠨ᠎ᠠ᠃ ᠬᠡᠷᠪᠡ ᠢᠰᠬᠦᠯᠡᠩ ᠰᠠᠶᠢᠬᠠᠨ ᠦᠨᠦᠷ ᠭᠠᠷᠴᠦ ᠵᠦᠪ ᠢᠰᠪᠡᠯ ᠡᠬᠦᠨ ᠢ ᠬᠦᠷᠦᠩᠭᠡ ᠪᠤᠯᠭᠠᠨ ᠲᠡᠭᠡᠷ᠎ᠠ ᠨᠢ ᠰᠦ ᠨᠡᠮᠡᠵᠦ ᠠᠶᠢᠷᠠᠬ ᠢᠰᠭᠡᠳᠡᠭ᠃ ᠡᠬᠦᠨ ᠠᠴᠠ ᠭᠠᠳᠠᠨ᠎ᠠ ᠪᠠᠰᠠ ᠬᠦᠷᠦᠩᠭᠡ ᠵᠠᠯᠠᠵᠦ ᠢᠰᠭᠡᠬᠦ᠂ ᠬᠠᠳᠠᠭᠠᠯᠠᠬᠰᠠᠨ ᠠᠶᠢᠷᠠᠬ ᠢᠶᠠᠷ ᠢᠰᠭᠡᠵᠦ ᠪᠤᠯᠳᠠᠬ᠃ ᠰᠢᠷ᠎ᠠ ᠲᠤᠰᠤ ᠠᠪᠬᠤ ᠳᠤ ᠠᠶᠢᠷᠠᠬ ᠢᠶᠠᠨ ᠲᠠᠪᠤ ᠵᠢᠷᠭᠤᠭᠠᠨ ᠮᠢᠩᠭ᠎ᠠ ᠪᠦᠯᠢᠪᠡᠯ ᠴᠠᠭᠠᠨ ᠲᠤᠰᠤ ᠬᠦᠭᠡᠰᠦᠷᠡᠨ ᠭᠠᠷᠴᠦ ᠂ ᠪᠦᠯᠢᠭᠰᠡᠨ ᠠᠶᠢᠷᠠᠬ ᠤᠨ ᠬᠦᠢᠳᠡᠨ ᠬᠠᠯᠠᠭᠤᠨ ᠤ ᠬᠡᠮᠵᠢᠶ᠎ᠠ ᠶᠢ ᠲᠠᠭᠠᠷᠠᠭᠤᠯᠤᠨ ᠬᠦᠢᠳᠡᠨ ᠪᠤᠶᠤ ᠬᠠᠯᠠᠭᠤᠨ ᠤᠰᠤ ᠬᠢᠵᠦ ᠰᠢᠩᠭᠡᠯᠡᠬᠦ ᠳᠤ ᠴᠠᠭᠠᠨ ᠲᠤᠰᠤ ᠬᠦᠪᠪᠦᠨ ᠭᠠᠷᠴᠦ᠂ ᠪᠦᠯᠢᠬᠦᠷ ᠢᠶᠠᠷ ᠢᠶᠠᠨ ᠬᠦᠴᠦᠲᠡᠢ ᠵᠠᠩᠭᠢᠷᠠᠭᠠᠵᠦ ᠴᠠᠭᠠᠨ ᠲᠤᠰᠤᠨ ᠤ ᠤᠨᠠᠯᠳᠠ ᠶᠢ ᠨᠡᠮᠡᠭᠳᠡᠬᠦᠯᠳᠡᠭ᠃ ᠴᠠᠭᠠᠨ ᠲᠤᠰᠤ ᠪᠤᠯ ᠰᠢᠮ᠎ᠠ ᠲᠡᠵᠢᠭᠡᠯ ᠰᠠᠶᠢᠳᠠᠢ᠃ ᠠᠪᠤᠬᠰᠠᠨ ᠴᠠᠭᠠᠨ ᠲᠤᠰᠤ ᠪᠠᠨ ᠲᠤᠳᠤᠷᠭᠠᠨ ᠪᠤᠳᠠᠭ᠎ᠠ ᠲᠠᠢ ᠴᠢᠨᠠᠵᠦ᠂ ᠲᠤᠰᠤᠨ ᠲᠤᠳᠤᠷᠠᠬᠢ ᠠᠶᠢᠷᠠᠬ ᠢ ᠪᠤᠳᠠᠭᠠᠨ ᠳᠤ ᠰᠢᠩᠭᠡᠭᠡᠨ ᠠᠪᠴᠦ ᠴᠡᠪᠡᠷᠰᠢᠬᠦᠯᠪᠡᠯ ᠰᠠᠶ᠋ᠢ ᠰᠢᠷ᠎ᠠ ᠲᠤᠰᠤ ᠪᠤᠯᠳᠠᠬ᠃ ᠠᠯᠠᠱᠠ ᠳᠤ ᠠᠶᠢᠯ ᠪᠤᠯᠭᠠᠨ ᠲᠠᠷᠠᠬ ᠬᠢᠳᠡᠭ᠃ ᠲᠠᠷᠠᠬ ᠬᠢᠬᠦ ᠳᠤ ᠢᠰᠭᠡᠬᠦᠷ ᠬᠦᠷᠦᠩᠭᠡ ᠬᠡᠷᠡᠭᠯᠡᠬᠦ ᠦᠭᠡᠢ᠂ ᠰᠦ ᠪᠠᠨ ᠨᠡᠮᠡᠵᠦ ᠠᠭᠠᠵᠢᠮ ᠢᠶᠠᠷ ᠢᠰᠭᠡᠵᠦ ᠬᠦᠷᠦᠩᠭᠡᠵᠢᠬᠦᠯᠦᠭᠡᠳ ᠲᠠᠷᠠᠬ ᠪᠤᠯᠭᠠᠳᠠᠬ᠃ ᠲᠠᠷᠠᠬ ᠢ ᠪᠤᠯᠭᠤᠬᠰᠠᠨ ᠲᠦᠬᠦᠭᠡᠢ ᠰᠦ ᠪᠠᠷ ᠪᠦᠷ ᠬᠢᠵᠦ ᠪᠤᠯᠳᠠᠬ᠃ ᠬᠤᠯᠢᠮᠠᠬ ᠬᠡᠳᠡᠭ ᠨᠢ ᠠᠶᠢᠷᠠᠬ ᠲᠤ ᠲᠦᠬᠦᠬᠡᠢ ᠰᠦ ᠪᠤᠶᠤ ᠪᠤᠯᠭᠤᠬᠰᠠᠨ ᠰᠦ ᠬᠢᠵᠦ ᠠᠮᠳᠠᠳᠠᠢ ᠪᠤᠯᠤᠬᠰᠠᠨ ᠴᠠᠭᠠᠨ ᠢᠳᠡᠭᠡᠨ ᠢ ᠬᠡᠯᠡᠳᠡᠭ᠃ ᠬᠤᠯᠢᠮᠠᠬ ᠢ ᠰᠢᠭᠤᠳ ᠤᠤᠭᠤᠬᠤ ᠳᠤ ᠲᠦᠢᠯ ᠤᠨ ᠠᠮᠳᠠᠳᠠᠢ ᠪᠦᠭᠡᠳ ᠤᠮᠳᠠᠭᠠᠰᠬᠤ ᠶᠢ ᠲᠠᠷᠤᠳᠠᠬ᠃ ᠴᠠᠶᠢᠳᠠᠮ ᠪᠤᠯ ᠠᠶᠢᠷᠠᠬ ᠲᠤ ᠬᠤᠳᠳᠤᠬ ᠤᠨ ᠬᠦᠢᠳᠡᠨ ᠤᠰᠤ ᠬᠤᠯᠢᠭᠠᠳ ᠴᠠᠩᠭᠠᠭ᠎ᠠ ᠲᠠᠷᠤᠬᠤ ᠳᠤ ᠤᠤᠭᠤᠳᠠᠬ ᠤᠮᠳᠠᠭᠠᠨ ᠪᠤᠯᠤᠨ᠎ᠠ᠃ ᠪᠦᠯᠢᠵᠦ ᠪᠠᠷᠠᠬᠰᠠᠨ ᠠᠶᠢᠷᠠᠬ ᠤᠨ ᠴᠠᠭᠠᠨ ᠲᠤᠰᠤ ᠶᠢ ᠠᠪᠤᠬᠰᠠᠨ ᠤ ᠰᠡᠬᠦᠯᠡᠷ ᠲᠤᠭᠤᠭᠠᠨ ᠳᠤ ᠬᠢᠵᠦ ᠴᠢᠨᠠᠪᠠᠯ ᠲᠠᠷᠤᠢ ᠪᠤᠽᠢ ᠪᠤᠯᠳᠠᠬ᠃ ᠪᠤᠽᠢ ᠪᠠᠨ ᠰᠠᠪᠠᠨ ᠳᠤ ᠬᠢᠵᠦ ᠬᠦᠷᠦᠭᠡᠭᠰᠡᠨ ᠤ ᠲᠠᠷᠠᠭ᠎ᠠ ᠪᠦᠰ ᠲᠦᠡᠭᠬᠡᠷᠴᠡᠭ ︵ᠲᠠᠭᠠᠷᠴᠤᠬ︶ ᠲᠤ ᠬᠢᠵᠦ ᠰᠢᠷ᠎ᠠ ᠤᠰᠤ ᠶᠢ ᠨᠢ ᠱᠦᠬᠦᠷᠡᠭᠦᠯᠦᠨ᠎ᠠ᠃ ᠰᠢᠷ᠎ᠠ ᠤᠰᠤ ᠶᠢ ᠨᠢ ᠰᠠᠪᠠᠨ ᠳᠤ ᠲᠤᠰᠤᠨ ᠠᠪᠴᠦ ᠨᠤᠭᠤᠭ᠎ᠠ ᠲᠠᠪᠤᠰᠤᠯᠠᠬᠤ᠂ ᠠᠷᠠᠰᠤ ᠢᠳᠡᠭᠡᠯᠡᠬᠦ ᠵᠡᠷᠭᠡ ᠳᠤ ᠬᠡᠷᠡᠭᠯᠡᠳᠡᠭ᠃ ᠰᠢᠷ᠎ᠠ ᠤᠰᠤ ᠨᠢ ᠲᠤᠰᠤᠯᠠᠬᠤ ᠦᠭᠡᠢ ᠪᠤᠯᠬᠤ ᠳᠤ ᠬᠠᠪᠳᠠᠭᠠᠢ ᠬᠦᠨᠳᠦ ᠶᠠᠭᠤᠮ᠎ᠠ ᠪᠠᠷ ᠲᠦᠡᠭᠬᠡᠷᠴᠡᠭ ᠲᠠᠢ ᠪᠤᠽᠢ ᠪᠠᠨ ᠲᠠᠷᠤᠵᠦ ᠰᠢᠷ᠎ᠠ ᠤᠰᠤ ᠶᠢ ᠰᠠᠶᠢᠳᠤᠷ ᠱᠦᠬᠦᠷᠡᠬᠦᠯᠦᠨ᠎ᠠ᠃ ᠢᠡᠭᠬᠢᠭᠡᠳ ᠪᠠᠷᠠᠪᠠᠯ ᠠᠭᠠᠷᠴᠠ ᠪᠤᠯᠵᠦ᠂ ᠠᠭᠠᠷᠤᠤᠯ ᠬᠤᠷᠤᠳ ᠬᠢᠬᠦ ᠪᠤᠯᠤᠨ᠎ᠠ᠃ ᠠᠭᠠᠷᠴᠠ ᠪᠠᠨ ᠤᠳᠠᠰᠦ ᠪᠠᠷ ᠵᠦᠰᠦᠬᠦ ᠪᠤᠶᠤ ᠬᠤᠷᠤᠭᠤᠨ ᠤ ᠰᠠᠯᠠᠭ᠎ᠠ ᠪᠠᠷ ᠪᠠᠵᠠᠵᠤ ᠰᠢᠬᠠᠨ ᠭᠠᠷᠭᠠᠵᠤ ᠱᠦᠬᠦᠷᠮᠡᠭ ᠬᠤᠷᠤᠳ ᠭᠢᠳᠡᠭ᠃ ᠢᠮᠠᠭᠠᠨ ᠤ ᠰᠠᠭᠠᠯᠢ ᠪᠤᠯᠤᠨ ᠪᠤᠰᠤᠳ ᠮᠠᠯ ᠤᠨ ᠰᠠᠭᠠᠯᠢ ᠶᠢᠨ ᠠᠮᠳᠠ ᠬᠠᠷᠢᠯᠴᠠᠨ ᠠᠳᠠᠯᠢ ᠦᠭᠡᠢ ᠪᠠᠶᠢᠵᠦ᠂ ᠠᠮᠰᠠᠮᠠᠬᠴᠠ ᠢᠯᠭᠠᠭᠠᠳ ᠮᠡᠳᠡᠴᠢᠭᠡᠳᠡᠭ᠃ ᠢᠮᠠᠭᠠᠨ ᠠᠶᠢᠷᠠᠬ ᠢᠶᠠᠷ ᠪᠠᠰᠠ ᠠᠷᠢᠬᠢ ᠨᠡᠷᠡᠵᠦ ᠪᠤᠯᠳᠠᠬ᠃ ᠠᠷᠢᠬᠢ ᠨᠡᠷᠡᠬᠦ ᠠᠷᠭ᠎ᠠ ᠨᠢ ᠠᠯᠠᠱᠠ ᠳᠤ ᠪᠦᠷᠬᠦᠭᠡᠰᠦ  ᠪᠠᠷ ᠨᠡᠷᠡᠬᠦ ᠪᠠ ᠴᠤᠷᠭᠤ ᠪᠠᠷ ᠨᠡᠷᠡᠬᠦ ᠭᠡᠵᠦ ᠬᠤᠶᠠᠷ ᠪᠠᠶᠢᠳᠠᠬ ᠪᠤᠯᠪᠠᠴᠦ ᠬᠢᠬᠦ ᠠᠷᠭ᠎ᠠ ᠨᠢ ᠪᠤᠰᠤᠳ ᠰᠠᠭᠠᠯᠢ ᠪᠠᠷ ᠠᠷᠢᠬᠢ ᠨᠡᠷᠡᠬᠦ ᠲᠠᠢ ᠠᠳᠠᠯᠢ ᠪᠠᠶᠢᠳᠠᠬ᠃ ᠠᠯᠠᠱᠠ ᠶᠢᠨ ᠢᠮᠠᠭᠠᠨ ᠤ ᠰᠠᠭᠠᠯᠢ ᠶᠢᠨ ᠬᠦᠭᠵᠢᠯᠳᠡ ᠶᠢᠨ ᠤᠳᠤᠬᠢ ᠪᠠᠶᠢᠳᠠᠯ ᠠᠯᠠᠱᠠᠴᠤᠳ ᠤᠨ ᠤᠳᠠᠭᠠᠨ ᠢᠮᠠᠭᠠᠨ ᠤ ᠰᠠᠭᠠᠯᠢ ᠪᠠᠨ ᠡᠳ᠋ᠯᠡᠭᠰᠡᠭᠡᠷ ᠢᠷᠡᠭᠰᠡᠨ ᠪᠤᠯᠪᠠᠴᠦ ᠲᠡᠷᠡ ᠨᠢ ᠬᠠᠷᠢᠨ ᠤᠳᠤ ᠪᠤᠯᠳᠠᠯ᠎ᠠ ᠦᠪᠡᠷ ᠤᠨ ᠬᠦᠭᠵᠢᠯᠳᠡ ᠶᠢᠨ ᠤᠷᠤᠨ ᠪᠠᠶᠢᠷᠢ ᠪᠠᠨ ᠬᠠᠷᠠᠬᠠᠨ ᠤᠯᠵᠦ ᠴᠢᠳᠠᠭᠠᠳᠤᠢ ᠪᠠᠶᠢᠬᠰᠠᠭᠠᠷ ᠠᠵᠢ᠃ ᠬᠡᠳᠦ᠋ᠢᠪᠡᠷ ᠠᠯᠠᠱᠠ ᠶᠢᠨ ᠬᠡᠰᠡᠭ ᠭᠠᠵᠠᠷ ᠤᠷᠤᠨ ᠢᠶᠠᠷ ᠮᠠᠯᠵᠢᠬᠤ ᠶᠢ ᠴᠠᠭᠠᠵᠠᠯᠠᠵᠦ᠂ ᠢᠮᠠᠭᠠᠨ ᠤ ᠲᠤᠭ᠎ᠠ ᠲᠤᠯᠤᠭᠠᠢ ᠴᠦᠭᠡᠷᠡᠭᠰᠡᠨ ᠪᠤᠯᠪᠠᠴᠦ ᠵᠠᠷᠢᠮ ᠭᠠᠵᠠᠷ ᠤᠷᠤᠨ ᠳᠤ ᠮᠠᠯ ᠤᠨ ᠲᠤᠭ᠎ᠠ ᠪᠠ ᠪᠡᠯᠴᠢᠭᠡᠷ ᠤᠨ ᠬᠡᠮᠵᠢᠶ᠎ᠠ ᠶᠢ ᠲᠡᠩᠴᠡᠬᠦᠯᠬᠦ ᠲᠦᠷᠦ ᠶᠢᠨ ᠪᠤᠳᠤᠯᠭ᠎ᠠ ᠶᠢ ᠬᠡᠷᠡᠭᠵᠢᠬᠦᠯᠵᠦ ᠪᠠᠶᠢᠭ᠎ᠠ ᠨᠢ ᠢᠮᠠᠭᠠᠨ ᠤ ᠰᠠᠭᠠᠯᠢ ᠶᠢᠨ ᠬᠦᠭᠵᠢᠯᠳᠡ ᠳᠤ ᠮᠦᠨ ᠰᠠᠶᠢᠨ ᠰᠠᠶᠢᠬᠠᠨ ᠢᠷᠡᠭᠡᠳᠦᠢ ᠲᠠᠢ ᠶᠢ ᠬᠠᠷᠠᠭᠤᠯᠵᠦ ᠪᠠᠶᠢᠨ᠎ᠠ᠃ ᠢᠮᠠᠭᠠᠨ ᠤ ᠰᠠᠭᠠᠯᠢ ᠶᠢᠨ ᠪᠦᠳᠦᠭᠡᠭᠳᠡᠬᠦᠨ ᠵᠠᠬ᠎ᠠ ᠲᠡᠯᠭᠡᠬᠦᠷ  ᠲᠤ ᠬᠠᠶᠠ ᠬᠠᠷᠠᠬᠳᠠᠳᠠᠬ ᠴᠦ ᠡᠨᠡ ᠨᠢ ᠬᠠᠷᠢᠨ ᠲᠦᠢᠯ ᠤᠨ ᠴᠦᠬᠡᠨ ᠪᠠᠶᠢᠳᠠᠬ ᠪᠦᠭᠡᠳ ᠬᠦᠮᠦᠰ ᠤᠨ ᠢᠮᠠᠭᠠᠨ ᠤ ᠰᠠᠭᠠᠯᠢ ᠶᠢᠨ ᠦᠵᠡᠯᠳᠡ ᠲᠠᠨᠢᠯᠳᠠ ᠲᠤᠤᠷ᠎ᠠ ᠠᠴᠠ ᠪᠤᠯᠵᠦ ᠪᠤᠷᠤᠯᠠᠭᠤᠯᠭ᠎ᠠ ᠨᠢ ᠴᠦ ᠦᠨᠢᠶ᠎ᠠ ᠶᠢᠨ ᠰᠠᠭᠠᠯᠢ ᠶᠢᠨ ᠪᠦᠳᠦᠭᠡᠭᠳᠡᠬᠦᠨ ᠤ ᠪᠤᠷᠤᠯᠠᠭᠤᠯᠭ᠎ᠠ ᠶᠢ ᠬᠤᠯᠠ ᠬᠦᠷᠬᠦ ᠦᠭᠡᠢ ᠪᠠᠶᠢᠨ᠎ᠠ᠃ ᠶᠡᠷᠤᠨᠢ ᠬᠤᠳᠠ ᠳᠤ ᠢᠮᠠᠭᠠᠨ ᠤ ᠰᠠᠭᠠᠯᠢ ᠶᠢᠨ ᠪᠦᠳᠦᠭᠡᠭᠳᠡᠬᠦᠨ ᠪᠤᠷᠤᠯᠠᠭᠤᠯᠵᠦ ᠪᠠᠶᠢᠭ᠎ᠠ ᠬᠦᠮᠦᠰ ᠤᠨ ᠤᠯᠠᠩᠬᠢ ᠨᠢ ᠪᠦᠷ ᠬᠦᠳᠡᠭᠡ ᠶᠢᠨ ᠮᠠᠯᠴᠢᠳ ᠪᠠᠶᠢᠵᠦ᠂ ᠲᠡᠳᠡ ᠬᠦᠳᠡᠭᠡ ᠳᠡᠭᠡᠨ ᠪᠠᠭ᠎ᠠ ᠰᠠᠭ᠎ᠠ ᠰᠠᠭᠠᠯᠢ ᠬᠢᠵᠦ ᠬᠤᠳᠠ ᠳᠤ ᠠᠪᠴᠢᠷᠠᠨ ᠪᠤᠷᠤᠯᠠᠭᠤᠯᠤᠨ ᠭᠠᠷ ᠵᠠᠷᠤᠯᠭ᠎ᠠ ᠪᠠᠨ ᠤᠯᠬᠤ ᠶᠢᠨ ᠲᠡᠳᠦᠢ ᠶᠤᠮ᠃ ᠬᠦᠳᠡᠭᠡ ᠶᠢᠨ ᠮᠠᠯᠴᠢᠳ ᠠᠴᠠ ᠵᠠᠯᠠᠭᠤᠴᠤᠳ ᠨᠢ ᠬᠤᠳᠠ ᠤᠷᠤᠵᠦ ᠠᠵᠢᠯ ᠦᠢᠯᠡᠰ ᠡᠷᠬᠢᠯᠡᠵᠦ᠂ ᠬᠤᠳᠠ ᠤᠰᠤ ᠪᠠᠨ ᠰᠠᠬᠢᠨ ᠰᠠᠭᠤᠬᠰᠠᠨ ᠨᠠᠰᠤᠳᠠᠶᠢᠴᠤᠳ ᠨᠢ ᠰᠠᠭᠠᠯᠢ ᠬᠢᠬᠦ ᠶᠢ ᠰᠠᠨᠠᠭᠠᠰᠢᠷᠠᠵᠦ ᠪᠠᠶᠢᠪᠠᠴᠦ ᠬᠦᠳᠡᠯᠮᠦᠷᠢ ᠬᠦᠴᠦ ᠬᠦᠷᠦᠯᠴᠡᠬᠦ ᠦᠭᠡᠢ ᠵᠡᠷᠭᠡ ᠰᠢᠯᠳᠠᠭᠠᠨ ᠠᠴᠠ ᠪᠤᠯᠵᠦ ᠵᠦᠪᠬᠡᠨ ᠦᠪᠡᠷ ᠤᠨ ᠬᠡᠷᠡᠭᠴᠡᠭᠡ ᠪᠠᠨ ᠬᠠᠨᠭ᠍ᠭᠠᠬᠤ ᠲᠡᠳᠤᠢ ᠯᠡ ᠰᠠᠭᠠᠯᠢ ᠬᠢᠳᠡᠭ ᠨᠢ ᠤᠯᠠᠩᠬᠢ ᠪᠤᠯᠵᠠᠢ᠃ ᠰᠠᠭᠠᠯᠢ ᠬᠢᠬᠦ ᠠᠵᠢᠯ ᠪᠤᠯ ᠨᠢᠭᠡᠨ ᠤᠳᠠᠭᠠᠨ ᠲᠠᠭᠠᠭᠠᠮᠠᠭᠠᠢ᠂ ᠶᠠᠳᠠᠷᠠᠭ᠎ᠠ ᠵᠦᠳᠡᠷᠡᠭᠡ ᠲᠠᠢ ᠠᠵᠢᠯ ᠪᠤᠯᠤᠨ᠎ᠠ᠃ ᠬᠡᠷᠪᠡ ᠰᠠᠭᠠᠯᠢ ᠬᠢᠭᠡᠳ ᠡᠬᠢᠯᠡᠪᠡᠯ ᠮᠠᠯ ᠰᠦᠷᠦᠭ ᠠᠴᠠ ᠪᠠᠨ ᠰᠠᠯᠵᠦ ᠪᠤᠯᠳᠠᠬ ᠦᠭᠡᠢ᠂ ᠡᠳᠦᠷ ᠡᠳᠦᠷ ᠲᠠᠬᠢᠨ ᠲᠠᠬᠢᠨ ᠦᠷᠬᠦᠯᠵᠢᠯᠡᠳᠡᠭ ᠠᠵᠢᠯ ᠪᠤᠯᠬᠤᠷ ᠵᠠᠷᠢᠮ ᠬᠦᠳᠡᠯᠮᠦᠷᠢ ᠬᠦᠴᠦ ᠲᠠᠢ ᠠᠶᠢᠯ ᠴᠦ ᠡᠬᠦᠨ ᠠᠴᠠ ᠪᠤᠯᠤᠭᠠᠳ ᠰᠠᠭᠠᠯᠢ ᠬᠢᠬᠦ ᠠᠴᠠ ᠪᠠᠨ ᠲᠦᠪᠡᠭᠰᠢᠶᠡᠳᠡᠭ ᠠᠵᠢ᠃ ᠰᠦ ᠰᠠᠭᠠᠯᠢ ᠢᠳᠡᠬᠦ ᠲᠤᠷ᠎ᠠ ᠦᠭᠡᠢ ᠮᠠᠯᠴᠢᠨ ᠭᠡᠵᠦ ᠪᠠᠷᠤᠬ ᠪᠠᠶᠢᠬᠤ ᠦᠭᠡᠢ᠃ ᠤᠳᠤ ᠶᠢᠨ ᠵᠠᠬ᠎ᠠ ᠲᠡᠯᠭᠡᠬᠦᠷ ᠲᠤ ᠦᠨᠢᠶ᠎ᠠ ᠶᠢᠨ ᠰᠠᠭᠠᠯᠢ ᠶᠢᠨ ᠪᠦᠳᠦᠭᠡᠭᠳᠡᠬᠦᠨ ᠨᠡᠶᠢᠳᠡᠮ ᠪᠤᠷᠤᠯᠠᠭᠤᠯᠤᠬᠳᠠᠬᠤ ᠪᠤᠯᠤᠬᠰᠠᠨ ᠠᠴᠠ ᠬᠦᠮᠦᠰ ᠰᠢᠭᠤᠳ ᠬᠤᠳᠠᠯᠳᠤᠨ ᠠᠪᠴᠦ ᠢᠳᠡᠬᠦ ᠪᠤᠯᠵᠠᠢ᠃ ᠡᠶᠢᠮᠦᠷᠬᠦ ᠤᠯᠠᠨ ᠰᠢᠯᠳᠠᠭᠠᠨ ᠠᠴᠠ ᠪᠤᠯᠵᠦ ᠢᠮᠠᠭᠠᠨ ᠤ ᠰᠠᠭᠠᠯᠢ ᠶᠢᠨ ᠦᠢᠯᠡᠰ ᠬᠠᠶᠠᠭᠠᠨ ᠳᠤ ᠬᠠᠶᠠᠬᠳᠠᠬᠰᠠᠭᠠᠷ ᠪᠠᠶᠢᠨ᠎ᠠ᠃ ᠶᠡᠷᠤᠨᠢ ᠶᠠᠮᠠᠷ ᠨᠢᠭᠡᠨ ᠨᠤᠳᠤᠬ ᠤᠨ ᠭᠠᠷᠤᠯᠳᠠ ᠶᠢ ᠠᠵᠦ ᠦᠢᠯᠡᠰᠵᠢᠬᠦᠯᠦᠶ᠎ᠠ ᠭᠡᠪᠡᠯ ᠵᠠᠰᠠᠬ ᠤᠨ ᠤᠷᠳᠤᠨ ᠤ ᠵᠢᠯᠤᠭᠤᠳᠤᠯᠭ᠎ᠠ ᠪᠤᠯᠤᠨ ᠲᠤᠯᠤᠭᠠᠢᠢᠯᠠᠬᠴᠢ ᠠᠵᠦ ᠠᠬᠤᠢᠢᠯᠠᠯ ᠳᠤ ᠲᠦᠰᠢᠭᠯᠡᠬᠦ ᠨᠢ ᠵᠠᠶᠢᠯᠠᠰᠢ ᠦᠭᠡᠢ ᠪᠢᠯᠡ᠃ ᠠᠯᠠᠱᠠ ᠶᠢᠨ ᠨᠤᠳᠤᠬ ᠲᠡᠪᠢᠰᠭᠡᠷ ᠦᠷᠭᠡᠨ ᠠᠭᠤᠳᠠᠮ᠂ ᠮᠠᠯᠴᠢᠳ ᠤᠨ ᠰᠠᠭᠤᠷᠢᠰᠢᠯ ᠲᠠᠷᠬᠠᠢ ᠪᠤᠳᠠᠷᠬᠠᠢ ᠪᠤᠯᠬᠤᠷ ᠡᠨᠡ ᠨᠢ ᠰᠠᠭᠠᠯᠢ ᠶᠢᠨ ᠦᠢᠯᠡᠰ ᠢ ᠬᠦᠭᠵᠢᠬᠦᠯᠬᠦ ᠳᠤ ᠬᠦᠴᠢᠷ ᠪᠡᠷᠭᠡᠰᠢᠶᠡᠯ ᠢ ᠠᠪᠴᠢᠷᠠᠬᠰᠠᠨ ᠨᠢ ᠲᠠᠮᠵᠢᠬ ᠦᠭᠡᠢ᠃ ᠪᠠᠶᠠᠨᠬᠤᠳᠠ ᠳᠤ ᠢᠮᠠᠭ᠎ᠠ ᠲᠡᠵᠢᠭᠡᠨ ᠰᠠᠭᠠᠯᠢ ᠬᠢᠵᠦ ᠪᠤᠷᠤᠯᠠᠭᠤᠯᠵᠦ ᠪᠠᠶᠢᠭ᠎ᠠ ᠡᠷᠦᠬᠡ ᠪᠠᠶᠢᠭ᠎ᠠ ᠪᠤᠯᠪᠠᠴᠦ ᠲᠡᠷᠡ ᠨᠢ ᠬᠦᠷᠢᠶ᠎ᠠ ᠬᠡᠪᠴᠢᠶ᠎ᠠ ᠪᠠᠷ ᠲᠠᠩᠴᠦ ᠪᠠᠭ᠎ᠠ᠂ ᠤᠬᠠᠭᠤᠯᠭ᠎ᠠ ᠶᠢᠨ ᠬᠦᠴᠤ ᠬᠦᠷᠤᠯᠴᠡᠬᠦ ᠦᠭᠡᠢ᠂ ᠬᠡᠷᠡᠭᠯᠡᠭᠴᠢᠳ ᠤᠨ ᠢᠮᠠᠭᠠᠨ ᠤ ᠰᠠᠭᠠᠯᠢ ᠶᠢᠨ ᠦᠵᠡᠯᠳᠡ ᠲᠠᠨᠢᠯᠳᠠ ᠲᠤᠤᠷ᠎ᠠ ᠵᠡᠷᠭᠡ ᠰᠢᠯᠳᠠᠭᠠᠨ ᠠᠴᠠ ᠪᠤᠯᠵᠦ ᠵᠠᠬ᠎ᠠ ᠲᠡᠯᠭᠡᠬᠦᠷ ᠲᠤ ᠦᠪᠡᠷ ᠤᠨ ᠤᠷᠤᠨ ᠪᠠᠶᠢᠷᠢ ᠪᠠᠨ ᠤᠯᠵᠦ ᠴᠢᠳᠠᠬᠤ ᠦᠭᠡᠢ ᠪᠠᠶᠢᠬᠰᠠᠭᠠᠷ᠃ ᠤᠳᠤ ᠤᠯᠤᠰ ᠠᠴᠠ ᠮᠠᠯᠴᠢᠨ ᠲᠠᠷᠢᠶᠠᠴᠢᠳ ᠤᠨ ᠬᠤᠷᠰᠢᠶᠠᠵᠢᠯ ᠢ ᠶᠡᠭᠡ ᠪᠠᠷ ᠵᠤᠷᠢᠬᠵᠢᠭᠤᠯᠤᠨ ᠬᠦᠭᠵᠢᠬᠦᠯᠵᠦ ᠪᠠᠶᠢᠭ᠎ᠠ ᠶᠤᠮ᠃ ᠡᠨᠡᠬᠦ ᠲᠤᠬᠢᠶᠠᠯ ᠢ ᠠᠳᠬᠤᠵᠦ᠂ ᠮᠠᠯᠴᠢᠳ ᠢᠮᠠᠭᠠᠨ ᠤ ᠰᠠᠭᠠᠯᠢ ᠶᠢᠨ ᠬᠤᠷᠰᠢᠶᠡᠵᠢᠯ ᠪᠠᠶᠢᠭᠤᠯᠵᠦ᠂ ᠰᠦ ᠰᠠᠭᠠᠯᠢ ᠪᠠᠨ ᠠᠵᠦ ᠦᠢᠯᠡᠰᠵᠢᠬᠦᠯᠬᠦ ᠠᠩᠬᠠᠨ ᠤ ᠠᠯᠬᠤᠮ ᠢ ᠬᠢᠰᠬᠢᠬᠦ ᠲᠤᠬᠠᠢ ᠢᠯᠡᠬᠦᠴᠡ ᠪᠤᠳᠤᠯᠭᠠᠰᠢᠷᠠᠵᠦ᠂ ᠴᠢᠨᠠᠬᠰᠢᠳᠠ ᠲᠠᠸᠠᠷ ᠤᠨ ᠲᠡᠮᠳᠡᠭ ᠡᠭᠦᠳᠬᠦ ᠵᠡᠷᠭᠡ ᠤᠯᠠᠨ ᠠᠷᠭ᠎ᠠ ᠵᠠᠮ ᠰᠦᠪᠡᠭᠴᠢᠯᠡᠵᠦ᠂ ᠡᠨᠡᠬᠦ ᠨᠤᠳᠤᠬ ᠤᠨ ᠦᠪᠡᠷᠮᠢᠴᠡ ᠤᠨᠴᠠᠯᠢᠬᠳᠦ ᠠᠵᠦ ᠦᠢᠯᠡᠰ ᠢᠶᠠᠨ ᠬᠦᠭᠵᠢᠬᠦᠯᠬᠦ ᠨᠢ ᠤᠷᠤᠯᠭ᠎ᠠ ᠶᠢᠨ ᠨᠡᠮᠡᠭᠳᠡᠯ ᠴᠢᠨᠠᠬᠰᠢᠯᠠᠭᠠᠳ ᠤᠷᠤᠰᠢᠨ ᠲᠤᠬᠳᠠᠨᠢᠯ ᠳᠤ ᠴᠦ ᠠᠯᠤᠰ ᠡᠴᠢᠨ᠎ᠠ ᠤᠳᠬ᠎ᠠ ᠠᠭᠤᠯᠭ᠎ᠠ ᠲᠠᠢ ᠪᠠᠶᠢᠭ᠎ᠠ ᠶᠢ ᠡᠷᠳᠡᠬᠡᠨ ᠤᠢᠢᠯᠠᠭᠠᠭᠤᠰᠢᠳᠠᠢ ᠪᠠᠶᠢᠨ᠎ᠠ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号