| ᠤᠨᠳᠤᠷᠤᠯᠳᠤ ᠪᠠᠯᠭᠠᠰᠤ ᠨᠢ ᠠᠯᠠᠱᠠ ᠵᠡᠬᠦᠨ ᠬᠤᠰᠢᠭᠤᠨ ᠤ ᠪᠠᠷᠠᠭᠤᠨ ᠡᠮᠦᠨ᠎ᠡ ᠵᠠᠬ᠎ᠠ ᠳᠤ ᠪᠠᠶᠢᠷᠢᠰᠢᠵᠤ᠂ | ᠬᠤᠶᠢᠭᠤᠷ ᠢᠶᠠᠨ ᠡᠷᠬᠡᠬᠠᠰᠢᠬ᠎ᠠ ᠰᠤᠮᠤᠨ ᠳᠤ ᠳᠤᠯᠵᠤ᠂ ᠵᠡᠬᠦᠨ ᠳᠠᠯ᠎ᠠ ᠪᠠᠷ ᠢᠶᠠᠨ ᠳᠡᠭᠷᠢ ᠡᠯᠡᠰᠤ ᠰᠤᠮᠤ ᠲᠠᠢ | ᠨᠡᠶᠢᠯᠡᠵᠤ᠂ ᠪᠠᠷᠠᠭᠤᠨ ᠳᠠᠯ᠎ᠠ ᠪᠠᠷ ᠢᠶᠠᠨ ᠭᠠᠨᠰᠤ ᠮᠤᠵᠢ ᠶᠢᠨ ᠭᠦ᠋ ᠯᠡᠩ ᠰᠢᠶᠠᠨ᠂ ᠵᠢᠩ ᠲᠠᠢ ᠰᠢᠶᠠᠨ ᠲᠠᠢ ᠵᠠᠭᠠᠭᠯᠠᠨ | ᠂ ᠤᠷᠢᠳᠤᠭᠤᠷ ᠢᠶᠠᠨ ᠨᠢᠩᠰᠢᠶᠠ ᠶᠢᠨ ᠬᠤᠳᠤᠩ ᠦᠨᠳᠤᠰᠤᠳᠡᠨ ᠤ ᠦᠪᠡᠷᠳᠡᠭᠡᠨ ᠵᠠᠰᠠᠬᠤ ᠤᠷᠤᠨ ᠤ ᠵᠦᠡᠭᠸᠧᠢ | ᠬᠤᠳᠠ ᠲᠠᠢ ᠨᠢᠭᠤᠷᠯᠠᠵᠤ᠂ ᠶᠡᠷᠦᠩᠬᠡᠢ ᠳᠠᠯᠠᠪᠡᠢ ᠨᠢ 3319 ᠬᠠᠪᠳᠠᠭᠠᠢ ᠳᠦᠷᠪᠡᠯᠵᠢᠨ ᠺᠢᠯᠤᠮᠧᠲᠷ ᠬᠦᠷᠴᠤ ᠪᠤᠢ᠃ | ᠪᠠᠯᠭᠠᠰᠤᠨ ᠤ ᠵᠠᠰᠠᠭ ᠤᠨ ᠤᠷᠳᠤᠨ ᠤ ᠰᠠᠭᠤᠭ᠎ᠠ ᠭᠠᠵᠡᠷ ᠢ ᠴᠢᠯᠠᠭᠤᠨ ᠤᠩᠭᠤᠴᠠᠳᠡᠢ ︵ᠶᠢᠩ ᠫᠠᠨ ᠱᠦᠢ︶ ᠭᠡᠳᠡᠭ | ᠪᠦᠭᠡᠳ ᠪᠦᠬᠦ ᠪᠠᠯᠭᠠᠰᠤᠨ ᠳᠤ 1 ᠨᠡᠶᠢᠭᠡᠮ ᠳᠤᠭᠤᠷᠢᠭ ᠤᠨ ᠰᠠᠭᠤᠭᠠᠯᠢ ᠠᠷᠠᠳ ᠤᠨ ᠵᠦᠪᠯᠡᠯ᠂ 7 ᠭᠠᠴᠠᠭ᠎ᠠ ᠲᠠᠢ | ᠶᠤᠮ᠃ | ᠮᠠᠨᠵᠤ ᠴᠢᠩ ᠤᠨ ᠰᠠᠶᠢᠰᠢᠶᠠᠯᠳᠤ ᠢᠷᠦᠭᠡᠯᠳᠤ ᠶᠢᠨ ᠬᠤᠷᠢᠨ ᠤᠨ ︵1815 ᠤᠨ︶ ᠳᠤ ᠠᠯᠠᠱᠠ ᠬᠤᠱᠤᠳ | ᠬᠤᠰᠢᠭᠤᠨ ᠠᠴᠠ ᠠᠳᠡ ᠵᠠᠬ᠎ᠠ ᠳᠤᠯᠤᠭᠠᠨ ᠤ ᠪᠠᠭ ᠢ ᠪᠠᠶᠢᠭᠤᠯᠵᠤ᠂ ᠦᠷᠳᠡᠭᠡ ᠬᠠᠷᠠᠭᠤᠯ ᠭᠠᠷᠭᠠᠨ ᠵᠠᠬ᠎ᠠ | ᠬᠢᠵᠠᠭᠠᠷ ᠢ ᠰᠠᠬᠢᠨ ᠬᠠᠮᠢᠶᠠᠷᠠᠭᠤᠯᠤᠭᠰᠠᠨ ᠪᠠᠶᠢᠨ᠎ᠠ᠃ 1958 ᠤᠨ ᠤ 3 ᠰᠠᠷ᠎ᠠ ᠳᠤ᠂ ᠪᠠᠭ ᠤᠨ ᠪᠠᠶᠢᠭᠤᠯᠤᠮᠵᠢ ᠶᠢ | ᠬᠦᠴᠦᠨ ᠦᠭᠡᠢ ᠪᠤᠯᠭᠠᠵᠤ᠂ ᠤᠤᠯ ᠤᠨ ᠵᠠᠬ᠎ᠠ ᠳᠤᠯᠤᠭᠠᠨ ᠤ ᠪᠠᠭ ᠪᠤᠯᠤᠨ ᠲᠦᠡᠭᠬᠤ ᠶᠢᠨ ᠪᠠᠭ ᠢ ᠨᠡᠶᠢᠯᠡᠬᠦᠯᠤᠭᠡᠳ | ᠤᠨᠳᠤᠷᠤᠯᠳᠤ ᠰᠤᠮᠤ ᠶᠢ ᠪᠠᠶᠢᠭᠤᠯᠵᠡᠢ | ︵1961 ᠤᠨ ᠳᠤ ᠤᠨᠳᠤᠷᠤᠯᠳᠤ ᠰᠤᠮᠤᠨ ᠤ ᠬᠠᠷᠢᠶᠠᠨ ᠳᠠᠬᠢ ᠤᠤᠯ ᠤᠨ ᠲᠦᠡᠭᠬᠤ ᠶᠢᠨ ᠪᠠᠭ ᠤᠨ ᠭᠡᠰᠡᠭ | ᠭᠠᠵᠡᠷ ᠢ ᠨᠢ ᠬᠤᠪᠢᠶᠠᠷᠢᠯᠠᠨ ᠭᠠᠷᠭᠠᠵᠤ ᠳᠡᠭᠷᠢ ᠡᠯᠡᠰᠤ ᠭᠦᠡᠭᠱᠧ ᠶᠢ ᠪᠠᠶᠢᠭᠤᠯᠤᠭᠰᠠᠨ ᠶᠤᠮ︶᠃ ᠮᠦᠨ ᠵᠢᠯ ᠤᠨ 9 | ᠰᠠᠷ᠎ᠠ ᠳᠤ ᠰᠤᠮᠤ ᠶᠢᠨ ᠨᠡᠷᠡᠶᠢᠳᠤᠯ ᠢ ᠭᠦᠡᠭᠱᠧ ︵ᠨᠢᠭᠡᠳᠦᠯ︶ ᠭᠡᠵᠤ ᠬᠤᠪᠢᠷᠠᠭᠤᠯᠤᠭᠰᠠᠨ ᠪᠡ 1983 ᠤᠨ ᠤ | 11 ᠰᠠᠷ᠎ᠠ ᠳᠤ ᠰᠤᠮᠤ ᠬᠡᠭᠦ ᠨᠡᠷᠡᠶᠢᠳᠤᠯ ᠢ ᠳᠠᠬᠢᠨ ᠰᠡᠷᠬᠦᠭᠡᠭᠰᠡᠨ ᠪᠠᠶᠢᠨ᠎ᠠ᠃ 1999 ᠤᠨ ᠤ 7 ᠰᠠᠷ᠎ᠠ ᠳᠤ | ᠰᠤᠮᠤᠨ ᠤ ᠪᠠᠶᠢᠭᠤᠯᠤᠮᠵᠢ ᠶᠢ ᠬᠦᠴᠦᠨ ᠦᠬᠡᠢ ᠪᠤᠯᠭᠠᠭᠠᠳ᠂ ᠤᠨᠳᠤᠷᠤᠯᠳᠤ ᠪᠠᠯᠭᠠᠰᠤ ᠶᠢ ᠪᠠᠶᠢᠭᠤᠯᠵᠤ ᠤᠳᠤ ᠶᠢᠨ | ᠪᠠᠶᠢᠳᠠᠯ ᠳᠤ ᠲᠦᠯᠦᠪᠰᠢᠷᠡᠵᠡᠢ᠃ | ᠤᠨᠳᠤᠷᠤᠯᠳᠤ ᠪᠠᠯᠭᠠᠰᠤᠨ ᠤ ᠭᠠᠵᠠᠷ ᠤᠨ ᠪᠠᠶᠢᠴᠠ ᠨᠢ ᠡᠮᠦᠨ᠎ᠠ ᠪᠡᠶ᠎ᠡ ᠪᠠᠷ ᠢᠶᠠᠨ ᠦᠨᠳᠤᠷ᠂ ᠬᠤᠶᠢᠳᠤ ᠬᠡᠰᠡᠭ ᠢᠶᠠᠷ | ᠢᠶᠠᠨ ᠨᠠᠮᠬᠠᠨ ᠪᠠᠶᠢᠵᠤ᠂ ᠬᠤᠶᠢᠳᠤ ᠳᠠᠯ᠎ᠠ ᠨᠢ ᠲᠡᠭᠷᠢ ᠡᠯᠡᠰᠤᠨ ᠴᠦᠯ᠂ ᠡᠮᠦᠨ᠎ᠡ ᠭᠡᠰᠡᠭ ᠨᠢ ᠰᠢᠯᠢ ᠳᠤᠪᠤᠷᠴᠠᠭ | ᠭᠠᠵᠡᠷ ᠪᠤᠯᠤᠨ᠎ᠠ᠃ ᠠᠳᠡᠬᠢ ᠬᠦᠷᠦᠰᠤ ᠰᠢᠷᠤᠢ ᠦᠩ ᠰᠢᠮᠡᠯᠢᠭ ᠪᠠᠶᠢᠵᠤ᠂ ᠤᠷᠭᠠᠨᠢᠭ ᠪᠤᠳᠡᠰ ᠤᠨ ᠠᠭᠤᠯᠤᠭᠳᠠᠴᠡ | ᠦᠨᠳᠦᠷ ᠪᠤᠯᠬᠤᠷ ᠪᠤᠭᠤᠳᠡᠢ᠂ ᠠᠷᠪᠡᠢ᠂ ᠡᠷᠳᠡᠨᠢ ᠰᠢᠰᠢ᠂ ᠦᠷ᠎ᠡ ᠶᠢᠨ ᠭᠤᠸ᠎ᠠ᠂ ᠰᠢᠬᠢᠷ ᠯᠤᠤᠪᠠᠩ ᠵᠡᠷᠭᠡ ᠤᠯᠠᠨ | ᠲᠦᠷᠦᠯ ᠤᠨ ᠠᠮᠤ ᠬᠦᠨᠡᠰᠤ᠂ ᠳᠡᠵᠢᠭᠡᠯ ᠪᠤᠷᠳᠤᠭ᠎ᠠ ᠪᠤᠯᠤᠨ ᠠᠵᠤ ᠠᠬᠤᠢ ᠶᠢᠨ ᠳᠠᠷᠢᠮᠠᠯ ᠤᠨ ᠤᠷᠭᠤᠯᠳᠠ ᠳᠤ | ᠳᠦᠢᠯ ᠤᠨ ᠠᠰᠢᠭᠳᠠᠢ ᠪᠠᠶᠢᠳᠠᠭ᠃ ᠤᠨᠳᠤᠷᠤᠯᠳᠤ ᠪᠠᠯᠭᠠᠰᠤ ᠨᠢ ᠬᠠᠳᠤᠨ ᠭᠤᠤᠯ ᠠᠴᠠ ᠦᠢᠷᠠᠬᠠᠨ ᠪᠠ ᠭᠠᠵᠡᠷ | ᠳᠤᠤᠷᠠᠬᠢ ᠤᠰᠤᠨ ᠤ ᠡᠬᠢ ᠰᠤᠷᠪᠤᠯᠵᠢ ᠪᠠᠶᠠᠯᠢᠭ ᠵᠡᠷᠭᠡ ᠳᠠᠪᠠᠭᠤᠯᠢᠭ ᠲᠠᠢ ᠪᠤᠯᠬᠤᠷ ᠤᠳᠤᠬᠠᠨ ᠳᠤ ᠨᠢᠭᠡᠨᠳᠡ | ᠬᠠᠳᠤᠨ ᠭᠤᠤᠯ ᠤᠨ ᠤᠰᠤ ᠶᠢ ᠳᠠᠳᠠᠵᠤ ᠤᠰᠤᠯᠤᠭᠰᠠᠨ ᠳᠡᠯ ᠬᠠᠷ᠎ᠠ ᠶᠢᠨ ᠬᠦᠳᠡᠭᠡ ︵ᠮᠠᠨ ᠱᠦᠢ ᠳᠠᠨ︶ ᠪᠤᠯᠤᠨ | ᠪᠠᠷᠠᠭᠤᠨ ᠬᠦᠳᠡᠭᠡ᠂ ᠳᠡᠯ ᠤᠯᠠᠭᠠᠨ ᠤ ᠬᠦᠳᠡᠭᠡ ᠵᠡᠷᠭᠡ ᠬᠤᠳᠳᠤᠭ ᠤᠨ ᠤᠰᠤᠨ ᠤ ᠤᠰᠤᠯᠠᠯᠳᠠ ᠶᠢᠨ ᠤᠷᠤᠨ ᠲᠠᠢ | ᠪᠠᠶᠢᠵᠤ᠂ ᠪᠦᠬᠦ ᠪᠠᠯᠭᠠᠰᠤᠨ ᠳᠤ ᠨᠡᠶᠢᠳᠡ | 7.3 ᠲᠦᠮᠡᠨ ᠮᠤ᠋ ᠲᠠᠷᠢᠶᠠᠨ ᠭᠠᠵᠡᠷ ᠪᠡ ᠳᠤᠷᠤᠭ ᠮᠤᠳᠤ᠂ ᠪᠤᠳᠠᠯᠢᠭ ᠮᠤᠳᠤ ᠪᠠᠷ ᠭᠤᠤᠯᠯᠠᠭᠰᠠᠨ 22.1 ᠲᠦᠮᠡᠨ | ᠮᠤ᠋ ᠶᠢᠨ ᠪᠠᠶᠢᠭᠠᠯᠢ ᠶᠢᠨ ᠤᠢ ᠲᠠᠢ᠂ ᠭᠠᠵᠡᠷ ᠤᠨ ᠦᠰᠦ ︵ᠭᠡᠵᠢᠭᠡ ᠡᠪᠡᠰᠤ︶᠂ ᠤᠯᠠᠭᠠᠨ ᠭᠤᠶᠤᠤ᠂ ᠵᠡᠭᠡᠷᠭᠡᠨ᠎ᠠ | ᠵᠡᠷᠭᠡ ᠨᠤᠳᠤᠭ ᠤᠨ ᠤᠨᠴᠠ ᠭᠠᠷᠤᠯᠳᠠ ᠲᠠᠢ ᠶᠤᠮ᠃ ᠪᠠᠯᠭᠠᠰᠤᠨ ᠤ ᠬᠢᠵᠠᠭᠠᠷ ᠲᠠᠬᠢ ᠠᠭᠤᠷᠬᠠᠢ ᠶᠢᠨ ᠡᠬᠢ ᠪᠠᠶᠠᠯᠢᠭ | ᠴᠤ ᠮᠠᠰᠢ ᠡᠯᠪᠡᠭ᠂ ᠲᠦᠷᠦᠯ ᠵᠦᠢᠯ ᠠᠷᠪᠢᠨ ᠪᠠᠶᠢᠵᠤ᠂ ᠭᠤᠤᠯᠳᠠᠭᠤ ᠨᠡᠭᠦᠷᠡᠰᠤ᠂ ᠵᠦᠭᠠᠩ᠂ ᠴᠠᠬᠢᠭᠤᠷ ᠴᠢᠯᠠᠭᠤ᠂ | ᠮᠠᠩᠰᠢᠶᠤᠤ᠂ ᠳᠠᠪᠤᠰᠤ᠂ ᠪᠠᠷᠢᠯᠭ᠎ᠠ ᠶᠢᠨ ᠮᠠᠲ᠋ᠧᠷᠢᠶᠠᠯ ᠤᠨ ᠴᠢᠯᠠᠭᠤ ᠵᠡᠷᠭᠡ ᠪᠠᠶᠢᠳᠠᠭ ᠪᠦᠭᠡᠳ ᠬᠠᠷ᠎ᠠ ᠠᠭᠤᠯᠠᠠ ᠤ | ᠨᠡᠭᠦᠷᠡᠰᠦᠨ ᠠᠭᠤᠷᠬᠠᠢ ︵黑山煤矿︶᠂ ᠰᠢᠨ᠎ᠠ ᠪᠠᠷᠠᠭᠤᠨ ᠬᠤᠳᠳᠤᠭ ᠤᠨ ᠨᠡᠬᠦᠷᠡᠰᠤᠨ ᠠᠭᠤᠷᠬᠠᠢ ︵新 | 西井煤矿︶ ᠵᠡᠷᠭᠡ ᠳᠤᠮᠤ ᠨᠡᠬᠦᠷᠡᠰᠤᠨ ᠠᠭᠤᠷᠬᠠᠢ ᠤᠳ ᠪᠤᠢ᠃ | ᠤᠨᠳᠤᠷᠤᠯᠳᠤ ᠪᠠᠯᠭᠠᠰᠤ ᠨᠢ ᠦᠪᠦᠷ ᠮᠤᠩᠭᠤᠯ᠂ ᠭᠠᠨᠰᠤ᠂ ᠨᠢᠩᠰᠢᠶᠠ ᠭᠤᠷᠪᠠᠨ ᠮᠤᠵᠢ ᠤᠷᠤᠨ ᠤ ᠠᠭᠤᠯᠵᠠᠷ | ᠭᠡᠰᠡᠭ ᠲᠤ ᠪᠠᠶᠢᠷᠢᠯᠠᠵᠤ ᠪᠠᠶᠢᠭ᠎ᠠ ᠪᠤᠯᠬᠤᠷ ᠵᠠᠮ ᠬᠠᠷᠢᠯᠴᠠᠭ᠎ᠠ ᠲᠦᠢᠯ ᠤᠨ ᠳᠦᠬᠦᠮ ᠲᠦᠳᠡ ᠪᠠᠶᠢᠵᠤ᠂ ᠪᠤᠭᠤᠳᠤ | — ᠯᠠᠨᠵᠸᠤ ᠳᠡᠮᠦᠷ ᠵᠠᠮ ᠤᠨ ᠱᠤᠭᠤᠮ᠂ ᠭᠠᠨ ᠳᠠᠩ — ᠦᠸᠧᠢ ᠳᠡᠮᠦᠷ ᠵᠠᠮ ᠤᠨ ᠱᠤᠭᠤᠮ ᠪᠠᠯᠭᠠᠰᠤᠨ ᠤ | ᠬᠢᠵᠠᠭᠠᠷ ᠢᠶᠠᠷ ᠳᠠᠭᠠᠷᠢᠨ ᠦᠡᠭᠭᠡᠷᠡᠵᠤ᠂ ᠵᠠᠬ᠎ᠠ ᠳᠤᠯᠤᠭᠠᠨ᠂ ᠤᠯᠠᠭᠠᠨ ᠳᠤᠯᠤᠭᠠᠢ᠂ ᠳᠠᠪᠤᠨ ᠬᠤᠳᠳᠤᠭ᠂ ᠪᠠᠷᠠᠭᠤᠨ | ᠬᠦᠳᠡᠭᠡ ᠵᠡᠷᠭᠡ 4 ᠭᠠᠴᠠᠭᠠᠨ ᠳᠤ ᠪᠦᠷ ᠭᠠᠯᠳᠤ ᠳᠡᠷᠭᠡᠨ ᠦᠷᠳᠡᠭᠡ ᠲᠠᠢ ᠪᠦᠭᠡᠳ 201 ᠨᠤᠮᠧᠷᠳᠤ ᠮᠤᠵᠢ ᠶᠢᠨ | ᠱᠤᠭᠤᠮ ᠤᠨ ᠵᠠᠰᠠᠮᠠᠯ ᠵᠠᠮ ᠴᠤ ᠪᠠᠯᠭᠠᠰᠤᠨ ᠤ ᠰᠠᠭᠤᠭ᠎ᠠ ᠭᠠᠵᠡᠷ ᠠᠴᠠ 2.1 ᠺᠢᠯᠤᠮᠧᠲᠷ ᠵᠠᠶᠢᠳᠡᠢ ᠦᠡᠭᠭᠡᠷᠡᠵᠤ | ᠪᠠᠶᠢᠳᠠᠭ ᠶᠤᠮ᠃ | ᠮᠠᠨᠵᠤ ᠴᠢᠩ ᠤ ᠦᠶ᠎ᠡ ᠠᠴᠠ ᠡᠬᠢᠯᠡᠨ ᠤᠳᠤᠷᠤᠯᠳᠤ ᠶᠢᠨ ᠵᠠᠬ᠎ᠠ ᠳᠠᠭᠤ ᠤᠷᠤᠨ ᠨᠢ ᠮᠤᠩᠭᠤᠯ ᠭᠠᠵᠡᠷ ᠪᠤᠯᠤᠨ | ᠭᠠᠨᠰᠤ ᠶᠢᠨ ᠵᠠᠭᠠᠭ ᠬᠢᠵᠠᠭᠠᠷ ᠢ ᠬᠤᠪᠢᠶᠠᠷᠢᠯᠠᠭᠰᠠᠨ ᠴᠢᠬᠤᠯᠠ ᠭᠠᠵᠡᠷ ᠪᠤᠯᠵᠤ ᠪᠠᠶᠢᠭᠰᠠᠨ ᠪᠤᠯᠬᠤᠷ ᠴᠢᠩ ᠬᠦᠷᠦᠨ ᠤ | ᠳᠦᠷᠦ ᠭᠡᠷᠡᠯᠳᠤ ᠬᠠᠭᠠᠨ ᠤ ᠦᠶ᠎ᠡ ᠳᠤ ᠤᠯᠠᠭᠠᠨ ᠡᠷᠬᠢ᠂ ᠡᠷᠳᠡᠨᠢ ᠴᠢᠯᠠᠭᠤ᠂ ᠬᠤᠯᠤᠰᠤᠳᠤ ᠨᠠᠮᠤᠭ᠂ ᠲᠡᠯ ᠬᠠᠷ᠎ᠠ᠂ | ᠪᠤᠭᠤᠷᠤᠯ ᠳᠤᠯᠤᠭᠠᠢ ᠵᠡᠷᠭᠡ ᠳᠠᠪᠤᠨ ᠭᠠᠵᠠᠷ ᠲᠤ ᠳᠤᠰᠪᠦᠷᠢ ᠨᠢᠭᠡ ᠰᠠᠭᠤᠷᠢ ᠦᠨᠳᠤᠷ ᠢᠶᠠᠷ ᠢᠶᠠᠨ 2 ᠮᠧᠲᠷ᠂ | ᠦᠷᠭᠡᠨ ᠢᠶᠠᠷ ᠢᠶᠠᠨ 0.6 ᠮᠧᠲᠷ᠂ ᠵᠤᠵᠠᠭᠠᠨ ᠢᠶᠠᠷ ᠢᠶᠠᠨ 0.4 ᠮᠧᠲᠷ ᠪᠦᠬᠦᠢ ᠴᠢᠯᠠᠭᠤᠨ ᠬᠦᠰᠢᠶ᠎ᠡ ᠪᠤᠰᠬᠠᠵᠤ | ᠠᠯᠠᠱᠠ ᠭᠠᠨᠰᠤ ᠶᠢᠨ ᠵᠠᠭᠠᠭᠯᠠᠯ ᠢ ᠳᠤᠳᠤᠷᠬᠠᠢ ᠳᠤᠭᠳᠠᠭᠠᠭᠰᠠᠨ ᠪᠠᠶᠢᠨ᠎ᠠ᠃ ᠴᠢᠯᠦᠭᠡᠯᠡᠭᠳᠡᠭᠰᠡᠨ ᠠᠴᠠ ᠨᠠᠰᠢᠬᠢ | ᠤᠯᠠᠨ ᠤᠳᠠᠭᠠᠨ ᠤ ᠵᠠᠭᠠᠭ ᠬᠢᠵᠠᠭᠠᠷ ᠢ ᠬᠡᠮᠵᠢᠨ ᠵᠢᠷᠤᠭᠯᠠᠬᠤ ᠳᠠᠭᠠᠨ ᠪᠦᠷ ᠡᠳᠡᠭᠡᠷ ᠴᠢᠯᠠᠭᠤᠨ ᠬᠦᠰᠢᠶ᠎ᠡ ᠶᠢ | ᠦᠨᠳᠤᠰᠤᠯᠡᠨ ᠵᠢᠷᠤᠭᠯᠠᠨ ᠳᠤᠭᠳᠠᠭᠠᠭᠰᠠᠨ ᠶᠤᠮ᠃ ᠪᠠᠯᠭᠠᠰᠤᠨ ᠤ ᠰᠠᠭᠤᠭ᠎ᠠ ᠭᠠᠵᠠᠷ ᠪᠤᠯᠬᠤ ᠴᠢᠯᠠᠭᠤᠨ | ᠤᠩᠭᠤᠴᠠᠳᠡᠢ ᠬᠡᠬᠦ ᠭᠠᠵᠠᠷ ᠢ ᠦᠡᠭᠭᠡᠷᠡᠭᠰᠡᠨ ᠳᠡᠭᠡᠨ ᠪᠠᠰᠠ ︽ᠰᠤᠬᠠᠢᠢᠳᠤ︾ ᠭᠡᠳᠡᠭ ᠪᠠᠶᠢᠵᠡᠢ᠃ 1927 ᠤᠨ ᠳᠤ | ᠂ ᠹᠧᠩ ᠢᠤᠢ ᠰᠢᠶᠠᠩ ᠤᠨ ᠴᠡᠷᠢᠭ ᠯᠠᠨᠵᠸᠤ ᠵᠦᠭ ᠴᠡᠷᠢᠭᠯᠡᠬᠦ ᠳᠡᠭᠡᠨ ᠡᠬᠦᠪᠡᠷ ᠦᠡᠭᠭᠡᠷᠡᠵᠤ ᠴᠡᠷᠢᠭ ᠤᠨ ᠬᠤᠸᠠᠷᠡᠨ | ᠪᠠᠶᠢᠭᠤᠯᠤᠭᠰᠠᠨ ᠪᠡ ᠰᠡᠬᠦᠯᠡᠷ ᠨᠢ ᠴᠡᠷᠢᠭ ᠤᠨ ᠬᠠᠷᠠᠭᠤᠯ ᠭᠠᠷᠭᠠᠭᠰᠠᠨ ᠠᠴᠠ ᠬᠢᠳᠡᠳ ᠢᠶᠠᠷ ︽ᠶᠢᠩ ᠫᠠᠨ ᠱᠦᠢ︾ | ︵营盘水︶ ᠬᠡᠵᠤ ᠨᠡᠷᠡᠯᠡᠬᠦ ᠪᠤᠯᠤᠭᠰᠠᠨ ᠪᠠᠶᠢᠨ᠎ᠠ᠃ ᠪᠤᠭᠤᠳᠤ — ᠯᠠᠨᠵᠸᠤ ᠳᠡᠮᠦᠷ ᠵᠠᠮ ᠤᠨ ᠮᠠᠨ ᠱᠦᠢ | ᠲᠠᠨ ᠤ ᠭᠠᠯᠳᠤ ᠳᠡᠷᠭᠡᠨ ᠦᠷᠳᠡᠭᠡ ᠠᠳᠡ ᠪᠠᠶᠢᠳᠠᠭ ᠶᠤᠮ᠃ | ᠤᠨᠳᠤᠷᠤᠯᠳᠤ ᠪᠠᠯᠭᠠᠰᠤᠨ ᠤ ᠬᠠᠷᠢᠶᠠᠨ ᠳᠠᠬᠢ 7 ᠭᠠᠴᠠᠭ᠎ᠠ ᠨᠢ ᠳᠤᠰᠪᠤᠷᠢ ᠤᠯᠠᠭᠠᠨ ᠳᠤᠯᠤᠭᠠᠢ ᠭᠠᠴᠠᠭ᠎ᠠ᠂ ᠳᠡᠯ | ᠤᠯᠠᠭᠠᠨ ᠭᠠᠴᠠᠭ᠎ᠠ᠂ ᠳᠠᠪᠤᠨ ᠬᠤᠳᠳᠤᠭ ᠭᠠᠴᠠᠭ᠎ᠠ᠂ ᠰᠠᠶᠢᠬᠠᠨᠳᠠᠯ᠎ᠠ ᠭᠠᠴᠠᠭ᠎ᠠ᠂ ᠵᠠᠬ᠎ᠠ ᠳᠤᠯᠤᠭᠠᠨ ᠭᠠᠴᠠᠭ᠎ᠠ᠂ | ᠤᠩᠭᠤᠴᠠᠳᠡᠢ ᠭᠠᠴᠠᠭ᠎ᠠ᠂ ᠪᠠᠷᠠᠭᠤᠨ ᠬᠦᠳᠡᠭᠡ ᠭᠠᠴᠠᠭ᠎ᠠ ᠵᠡᠷᠭᠡ ᠪᠤᠯᠤᠨ᠎ᠠ᠃ |