| ᠦᠯᠵᠡᠢ ᠰᠤᠮᠤ ᠪᠤᠯ ᠠᠯᠠᠱᠠ ᠵᠡᠬᠦᠨ ᠬᠤᠰᠢᠭᠤᠨ ᠤ ᠬᠤᠶᠢᠳᠤ ᠭᠡᠰᠡᠭ ᠲᠤ ᠪᠠᠶᠢᠷᠢᠰᠢᠭᠰᠠᠨ ᠬᠢᠯᠢ ᠶᠢᠨ ᠰᠤᠮᠤ | ᠪᠠᠶᠢᠵᠤ᠂ ᠤᠮᠠᠷᠠᠰᠢ ᠪᠠᠨ ᠮᠤᠩᠭᠤᠯ ᠤᠯᠤᠰ ᠲᠠᠢ ᠬᠢᠯᠢ ᠨᠡᠶᠢᠯᠡᠵᠤ᠂ ᠬᠢᠯᠢ ᠶᠢᠨ ᠱᠤᠭᠤᠮ ᠤᠨ ᠤᠷᠳᠤ ᠨᠢ 188. | 678 ᠺᠢᠯᠤᠮᠧᠲᠷ ᠬᠦᠷᠳᠡᠭ᠃ ᠵᠡᠭᠦᠨ ᠳᠠᠯ᠎ᠠ ᠪᠠᠷ ᠢᠶᠠᠨ ᠪᠠᠶᠠᠨᠨᠠᠭᠤᠷ ᠬᠤᠳᠠ ᠶᠢᠨ ᠤᠷᠠᠳ ᠤᠨ ᠬᠤᠶᠢᠳᠤ | ᠬᠤᠰᠢᠭᠤ ᠲᠠᠢ ᠬᠦᠷᠰᠢᠯᠡᠨ᠂ ᠡᠮᠦᠨᠡᠬᠦᠷ ᠢᠶᠠᠨ ᠪᠠᠶᠠᠨᠨᠢᠷᠤᠭᠤᠨ ᠰᠤᠮᠤᠨ ᠳᠤ ᠬᠦᠷᠴᠤ᠂ ᠪᠠᠷᠠᠭᠤᠨ ᠳᠠᠯ᠎ᠠ ᠪᠠᠷ ᠢᠶᠠᠨ | ᠠᠯᠠᠱᠠ ᠪᠠᠷᠠᠭᠤᠨ ᠬᠤᠰᠢᠭᠤᠨ ᠤ ᠠᠯᠳ᠋ᠬᠠᠤᠪᠤᠭ᠎ᠠ ᠪᠠᠯᠭᠠᠰᠤ ᠲᠠᠢ ᠵᠠᠬ᠎ᠠ ᠨᠡᠶᠢᠯᠡᠵᠤ ᠪᠠᠶᠢᠳᠠᠭ᠃ ᠶᠡᠷᠦᠩᠭᠡᠢ ᠳᠠᠯᠠᠪᠡᠢ | ᠨᠢ 14280 ᠬᠠᠪᠳᠠᠭᠠᠢ ᠲᠦᠷᠪᠡᠯᠵᠢᠨ ᠺᠢᠯᠤᠮᠧᠲᠷ ᠲᠤ ᠬᠦᠷᠴᠤ᠂ ᠰᠤᠮᠤᠨ ᠤ ᠵᠠᠰᠠᠭ ᠤᠨ ᠤᠷᠳᠤᠨ ᠤ ᠰᠠᠭᠤᠭ᠎ᠠ | ᠭᠠᠵᠠᠷ ᠢ ᠪᠠᠶᠠᠨᠮᠤᠳᠤ ᠭᠡᠳᠡᠭ᠃ ᠦᠯᠵᠡᠢ ᠰᠤᠮᠤᠨ ᠤ ᠨᠡᠷ᠎ᠡ ᠨᠢ ᠰᠤᠮᠤᠨ ᠤ ᠬᠢᠵᠠᠭᠠᠷ ᠲᠠᠬᠢ ᠦᠯᠵᠡᠶᠢᠰᠠᠶᠢᠬᠠᠨ | ᠠᠭᠤᠯᠠ ᠠᠴᠠ ᠢᠷᠡᠯᠳᠡ ᠲᠠᠢ ᠶᠤᠮ᠃ | ᠮᠠᠨᠵᠤ ᠴᠢᠩ ᠤᠨ ᠰᠠᠶᠢᠰᠢᠶᠠᠯᠳᠤ ᠢᠷᠦᠭᠡᠯᠳᠤ ᠶᠢᠨ ᠬᠤᠷᠢᠨ ᠤᠨ ︵1815 ᠤᠨ︶ ᠳᠤ᠂ ᠠᠯᠠᠱᠠ ᠬᠤᠱᠤᠳ | ᠬᠤᠰᠢᠭᠤᠨ ᠤ ᠳᠠᠪᠤᠳᠤᠭᠠᠷ ᠵᠠᠰᠠᠭ ᠨᠤᠶᠠᠨ ᠮᠠᠬᠠᠪᠠᠯᠠ ᠶᠢᠨ ᠵᠠᠷᠯᠢᠭ ᠢᠶᠠᠷ ᠠᠳᠡᠬᠢ ᠱᠠᠷᠽᠠ ᠶᠢᠨ ᠠᠭᠤᠯᠠ ᠶᠢᠨ | ᠨᠡᠷᠡᠶᠢᠳᠤᠯ ᠢᠶᠠᠷ ᠵᠡᠬᠦᠨ ᠱᠠᠷᠽᠠ ᠶᠢᠨ ᠪᠠᠭ ᠪᠤᠯᠤᠨ ᠪᠠᠷᠠᠭᠤᠨ ᠱᠠᠷᠽᠠ ᠶᠢᠨ ᠪᠠᠭ ᠭᠡᠵᠤ ᠬᠤᠶᠠᠷ ᠪᠠᠭ | ᠪᠠᠶᠢᠭᠤᠯᠤᠭᠰᠠᠨ ᠪᠠᠶᠢᠨ᠎ᠠ᠃ ᠱᠠᠷᠽᠠ ᠭᠡᠳᠡᠭ ᠪᠤᠯ ᠮᠠᠨᠤ ᠴᠢᠯᠠᠭᠤ ᠬᠡᠬᠦ ᠲᠦᠪᠡᠳ ᠦᠭᠡ ᠠᠵᠢ᠃ 1958 ᠤᠨ ᠤ | 3 ᠰᠠᠷ᠎ᠠ ᠳᠤ᠂ ᠤᠤᠯ ᠤᠨ ᠵᠡᠬᠦᠨ ᠱᠠᠷᠽᠠ ᠶᠢᠨ ᠪᠠᠭ ᠬᠢᠭᠡᠳ ᠪᠠᠷᠠᠭᠤᠨ ᠱᠠᠷᠽᠠ ᠶᠢᠨ ᠪᠠᠭ ᠶᠢ ᠬᠠᠮᠳᠤᠷᠠᠭᠤᠯᠵᠤ | ᠦᠯᠵᠡᠶᠢᠰᠦ᠋ᠮᠪᠤᠷ ᠰᠤᠮᠤ ᠶᠢ ᠪᠠᠶᠢᠭᠤᠯᠤᠭᠰᠠᠨ ᠪᠡ ᠮᠦᠨ ᠵᠢᠯ ᠤᠨ 9 ᠰᠠᠷ᠎ᠠ ᠳᠤ ᠰᠤᠮᠤ ᠬᠡᠭᠦ ᠨᠡᠷᠡᠶᠢᠳᠤᠯ ᠢ | ᠦᠭᠡᠷᠡᠴᠢᠯᠡᠵᠤ ᠦᠯᠵᠡᠶᠢᠰᠦ᠋ᠮᠪᠦᠷ ᠭᠦᠡᠭᠱᠧ ︵ᠨᠢᠭᠡᠳᠤᠯ︶ ᠪᠤᠯᠭᠠᠵᠡᠢ᠃ 1961 ᠤᠨ ᠤ 4 ᠰᠠᠷ᠎ᠠ ᠳᠤ᠂ | ᠤᠤᠯ ᠤᠨ ᠠᠯᠠᠱᠠ ᠬᠤᠰᠢᠭᠤ ᠶᠢ ᠠᠯᠠᠱᠠ ᠵᠡᠬᠦᠨ ᠬᠤᠰᠢᠭᠤ ᠪᠡ ᠠᠯᠠᠱᠠ ᠪᠠᠷᠠᠭᠤᠨ ᠬᠤᠰᠢᠭᠤ ᠪᠤᠯᠭᠠᠨ ᠬᠤᠪᠢᠶᠠᠬᠤ | ᠦᠶᠡᠰ ᠦᠯᠵᠡᠶᠢᠰᠦ᠋ᠮᠪᠦᠷ ᠭᠦᠡᠭᠱᠧ ᠶᠢ ᠠᠯᠠᠱᠠ ᠪᠠᠷᠠᠭᠤᠨ ᠬᠤᠰᠢᠭᠤᠨ ᠳᠤ ᠬᠠᠷᠢᠶᠠᠯᠠᠭᠤᠯᠤᠭᠰᠠᠨ ᠪᠠᠶᠢᠨ᠎ᠠ᠃ | 1962 ᠤᠨ ᠪᠤᠯᠬᠤ ᠳᠤ᠂ ᠤᠤᠯ ᠤᠨ ᠦᠯᠵᠡᠶᠢᠰᠦ᠋ᠮᠪᠦᠷ ᠭᠦᠡᠭᠱᠧ ᠶᠢᠨ ᠬᠤᠶᠡᠷ ᠬᠤᠪᠢᠶᠠᠭᠠᠳ ᠳᠤᠰ ᠳᠤᠰ | ᠲᠤᠨᠢ ᠦᠯᠵᠡᠢ ᠭᠦᠡᠭᠱᠧ ᠪᠤᠯᠤᠨ ᠰᠦᠮᠪᠦᠷ ᠭᠦᠡᠭᠱᠧ ᠪᠤᠯᠭᠠᠨ ᠪᠠᠶᠢᠭᠤᠯᠵᠡᠢ᠃ 1969 ᠤᠨ ᠳᠤ᠂ ᠠᠯᠠᠱᠠ ᠵᠡᠬᠦᠨ | ᠬᠤᠰᠢᠭᠤ ᠶᠢ ᠨᠢᠩᠰᠢᠶᠠ ᠶᠢᠨ ᠬᠤᠳᠤᠩ ᠦᠨᠳᠦᠰᠦᠳᠡᠨ ᠤ ᠦᠪᠡᠷᠳᠡᠭᠡᠨ ᠵᠠᠰᠠᠬᠤ ᠤᠷᠤᠨ ᠳᠤ ᠵᠢᠷᠤᠭᠯᠠᠨ | ᠬᠠᠮᠢᠶᠠᠷᠠᠭᠤᠯᠬᠤ ᠦᠶᠡᠰ ᠦᠯᠵᠡᠢ ᠭᠦᠡᠭᠱᠧ ᠶᠢ ᠳᠡᠬᠢᠨ ᠠᠯᠠᠱᠠ ᠵᠡᠬᠦᠨ ᠬᠤᠰᠢᠭᠤᠨ ᠳᠤ ᠬᠠᠷᠢᠶᠠᠯᠠᠭᠤᠯᠤᠭᠰᠠᠨ | ᠪᠠᠶᠢᠨ᠎ᠠ᠃ 1983 ᠤᠨ ᠤ 11 ᠰᠠᠷ᠎ᠠ ᠳᠤ᠂ ᠭᠦᠡᠭᠱᠧ ᠬᠡᠬᠦ ᠨᠡᠷᠡᠶᠢᠳᠤᠯ ᠢ ᠦᠭᠡᠶᠢᠰᠭᠡᠵᠤ᠂ ᠦᠯᠵᠡᠢ ᠰᠤᠮᠤ | ᠭᠡᠵᠤ ᠨᠡᠷᠡᠯᠡᠬᠦ ᠪᠤᠯᠤᠭᠰᠠᠨ ᠪᠡ 2006 ᠤᠨ ᠳᠤ ᠤᠤᠯ ᠤᠨ ᠢᠡᠭᠭᠡᠨ ᠰᠤᠮᠤᠨ ᠤ ᠪᠠᠶᠢᠭᠤᠯᠤᠮᠵᠢ ᠶᠢ ᠬᠠᠰᠤᠨ | ᠴᠤᠮᠬᠠᠳᠬᠠᠵᠤ ᠦᠯᠵᠡᠢ ᠰᠤᠮᠤᠨ ᠳᠤ ᠨᠡᠶᠢᠯᠡᠬᠦᠯᠦᠭᠰᠡᠨ ᠪᠠᠶᠢᠨ᠎ᠠ᠃ ᠬᠡᠪᠡᠴᠤ 2012 ᠤᠨ ᠤ 1 ᠰᠠᠷ᠎ᠠ ᠳᠤ᠂ | ᠦᠯᠵᠡᠢ ᠰᠤᠮᠤᠨ ᠠᠴᠠ ᠳᠠᠯᠠᠨᠳᠦ᠋ᠷᠦᠬᠦᠦ ᠭᠠᠴᠠᠭ᠎ᠠ᠂ ᠴᠠᠭᠠᠨᠵᠠᠳᠠᠭᠠᠢ ᠭᠠᠴᠠᠭ᠎ᠠ᠂ ᠭᠦᠪᠡᠭᠡ ᠭᠠᠴᠠᠭ᠎ᠠ ᠵᠡᠷᠬᠡ 3 | ᠭᠠᠴᠠᠭ᠎ᠠ ᠶᠢ ᠬᠤᠪᠢᠶᠠᠷᠢᠯᠠᠨ ᠭᠠᠷᠭᠠᠵᠤ ᠢᠡᠭᠬᠡᠨ ᠰᠤᠮᠤ ᠶᠢ ᠳᠠᠬᠢᠨ ᠰᠡᠷᠬᠦᠬᠡᠨ ᠪᠠᠶᠢᠭᠤᠯᠤᠬᠰᠠᠨ ᠠᠴᠠ ᠦᠯᠵᠡᠢ | ᠰᠤᠮᠤᠨ ᠤ ᠵᠠᠰᠠᠭ ᠵᠠᠬᠢᠷᠭᠠᠨ ᠤ ᠬᠤᠪᠢᠶᠠᠷᠢᠯᠠᠯ ᠨᠢ ᠤᠳᠤ ᠶᠢᠨ ᠪᠠᠶᠢᠳᠠᠯ ᠳᠤ ᠳᠦᠯᠦᠪᠰᠢᠷᠡᠵᠡᠢ᠃ ᠪᠦᠬᠦ ᠰᠤᠮᠤᠨ ᠳᠤ | ᠨᠡᠶᠢᠳᠡ 3 ᠭᠠᠴᠠᠭ᠎ᠠ ᠲᠠᠢ᠃ | ᠦᠯᠵᠡᠢ ᠰᠤᠮᠤᠨ ᠤ ᠭᠠᠵᠠᠷ ᠤᠨ ᠪᠠᠶᠢᠴᠠ ᠨᠢ ᠡᠮᠦᠨ᠎ᠡ ᠭᠡᠰᠡᠭ ᠢᠶᠠᠷ ᠢᠶᠠᠨ ᠦᠨᠳᠦᠷ ᠰᠢᠭ᠂ ᠬᠤᠶᠢᠳᠤ ᠭᠡᠰᠡᠭ ᠢᠶᠠᠷ | ᠢᠶᠠᠨ ᠨᠠᠮᠬᠠᠨ ᠪᠠᠶᠢᠵᠤ᠂ ᠬᠤᠶᠢᠳᠤ ᠬᠡᠰᠡᠭ ᠢᠶᠠᠷ ᠨᠢ ᠭᠤᠪᠢ ᠬᠦᠳᠡᠭᠡ᠂ ᠳᠤᠪᠦ ᠠᠳᠠᠷᠠᠭ᠎ᠠ ᠭᠤᠤᠯᠳᠠᠵᠤ᠂ ᠡᠮᠦᠨ᠎ᠠ | ᠭᠡᠰᠡᠭ ᠤᠨ ᠨᠡᠭᠦᠳᠡᠯ ᠡᠯᠡᠰᠤ ᠶᠢ ᠨᠢ ︽ᠶᠠᠮᠡᠷᠶᠡᠭᠡ ᠡᠯᠡᠰᠤ︾ ᠭᠡᠵᠤ ᠨᠡᠷᠡᠯᠡᠳᠡᠭ᠃ ᠦᠯᠵᠡᠢ ᠶᠢᠨ ᠭᠤᠪᠢ ᠨᠤᠳᠤᠭ | ᠪᠤᠯ ᠠᠯᠠᠱᠠ ᠵᠡᠬᠦᠨ ᠬᠤᠰᠢᠭᠤᠨ ᠤ ᠳᠡᠮᠡᠭᠡ ᠮᠠᠯᠵᠢᠬᠤ ᠭᠤᠤᠯ ᠤᠷᠤᠨ ᠪᠤᠯᠵᠤ ᠪᠠᠶᠢᠭᠰᠠᠨ ᠪᠦᠭᠡᠳ ᠲᠡᠮᠡᠭᠡ | ᠬᠤᠷᠤᠭᠳᠠᠨ ᠴᠦᠭᠡᠷᠡᠵᠤ ᠪᠠᠶᠢᠭ᠎ᠠ ᠲᠦᠭᠰᠢᠬᠦᠷᠢᠳᠤ ᠡᠷᠡᠨ ᠳᠤ ᠳᠡᠮᠡᠭᠡ ᠶᠢ ᠬᠠᠮᠠᠭᠠᠯᠠᠨ ᠳᠡᠮᠡᠭᠡᠨ ᠰᠤᠶᠤᠯ ᠢᠶᠠᠨ | ᠦᠪᠯᠡᠨ ᠤᠯᠠᠮᠵᠢᠯᠠᠬᠤ ᠶᠢ ᠤᠷᠢᠶᠠᠯᠠᠵᠤ᠂ 2003 ᠤᠨ ᠤ 11 ᠰᠠᠷ᠎ᠠ ᠶᠢᠨ 10 ᠤ ᠡᠳᠦᠷ ᠠᠯᠠᠱᠠ ᠶᠢᠨ | ᠠᠩᠬᠠᠳᠠᠭᠴᠢ ᠬᠤᠭᠤᠴᠠᠭᠠᠨ ᠤ ᠤᠯᠠᠨ ᠤᠯᠤᠰ ᠤᠨ ᠳᠡᠮᠡᠭᠡᠨ ᠤ ᠨᠡᠶᠢᠷ ᠶᠢ ᠦᠯᠵᠡᠢ ᠰᠤᠮᠤᠨ ᠳᠤ | ᠶᠠᠪᠤᠭᠳᠠᠭᠤᠯᠤᠭᠰᠠᠨ ᠪᠢᠯᠡ᠃ ᠠᠳᠡ ᠴᠠᠭᠠᠨ ᠭᠤᠶᠤᠤ᠂ ᠤᠯᠠᠭᠠᠨ ᠭᠤᠶᠤᠤ᠂ ᠭᠠᠵᠠᠷ ᠤᠨ ᠦᠰᠦ ︵ᠭᠡᠵᠢᠭᠡ | ᠡᠪᠡᠰᠤ︶ ᠵᠡᠷᠭᠡ ᠦᠨᠡᠳᠤ ᠡᠮ ᠤᠨ ᠮᠠᠲ᠋ᠧᠷᠢᠶᠠᠯ ᠵᠡᠷᠭᠡ ᠨᠤᠳᠤᠭ ᠤᠨ ᠤᠨᠴᠠ ᠭᠠᠷᠤᠯᠳᠠ ᠪᠠᠶᠢᠬᠤ ᠠᠴᠠ ᠭᠠᠳᠠᠨ᠎ᠠ | ᠬᠦᠪᠰᠦᠬᠡᠷ ᠰᠢᠷᠤᠢ᠂ ᠪᠤᠷᠵᠢᠨ ᠴᠢᠯᠠᠭᠤ᠂ ᠦᠭᠡᠬᠦᠨ ᠴᠠᠭᠠᠨ ᠴᠢᠯᠠᠭᠤ᠂ ᠲᠡᠮᠦᠷ ᠵᠡᠷᠭᠡ ᠠᠭᠤᠷᠬᠠᠢ ᠪᠤᠯᠠᠭᠳᠠᠴᠠ | ᠡᠯᠪᠡᠭ ᠪᠠᠶᠠᠯᠢᠭ ᠪᠠᠶᠢᠳᠠᠭ᠃ | ᠤᠨᠴᠠᠭᠠᠢᠢᠯᠠᠨ ᠳᠤᠷᠠᠳᠤᠭᠤᠰᠢᠳᠡᠢ ᠨᠢ᠂ ᠦᠯᠵᠡᠢ ᠠᠴᠠ ᠢᠯᠡᠷᠡᠬᠦᠯᠦᠭᠰᠡᠨ ᠦᠵᠦᠮ ᠤᠨ ᠮᠠᠨᠤ᠂ ᠨᠤᠭᠤᠭᠠᠨ ᠬᠠᠰ᠂ | ᠪᠤᠯᠤᠷ ᠴᠢᠯᠠᠭᠤ᠂ ᠮᠠᠨᠤ ᠴᠢᠯᠠᠭᠤ ᠵᠡᠷᠭᠡ ᠤᠯᠠᠨ ᠲᠦᠷᠦᠯ ᠵᠦᠢᠯ ᠪᠦᠬᠦᠢ ᠦᠵᠡᠮᠦᠷᠢ ᠶᠢᠨ ᠴᠢᠯᠠᠭᠤᠳ ᠨᠢ ᠦᠢᠷ᠎ᠡ | ᠶᠢᠨ ᠵᠢᠯ ᠤᠳ ᠲᠤ ᠤᠯᠤᠰ ᠤᠨ ᠳᠤᠳᠤᠭᠠᠳᠤ ᠭᠠᠳᠠᠭᠠᠳᠤ ᠳᠤ ᠨᠡᠷ᠎ᠠ ᠠᠯᠳᠠᠷᠰᠢᠵᠤ᠂ ᠠᠯᠠᠱᠠ ᠶᠢᠨ ︽ᠬᠠᠴᠢᠨ | ᠴᠢᠯᠠᠭᠤᠨ ᠤ ᠨᠤᠳᠤᠭ︾ ᠭᠡᠵᠤ ᠨᠡᠷᠡᠯᠡᠭᠳᠡᠭᠰᠡᠨ ᠪᠠᠶᠢᠨ᠎ᠠ᠃ ᠭᠠᠵᠡᠷ ᠰᠢᠨᠵᠢᠯᠡᠭᠡᠨ ᠤ ᠬᠠᠭᠤᠴᠢ ᠰᠤᠳᠤᠯᠭᠠᠨ ᠤ | ᠡᠷᠳᠡᠮᠳᠡᠳ ᠤᠨ ᠰᠤᠳᠤᠯᠤᠭᠰᠠᠨ ᠢᠶᠠᠷ᠂ ᠦᠯᠵᠡᠢ ᠶᠢᠨ ᠬᠠᠴᠢᠨ ᠴᠢᠯᠠᠭᠤ ᠪᠤᠯ ᠤᠳᠤ ᠠᠴᠠ 800 ᠲᠦᠮᠡᠨ ᠵᠢᠯ | — 1 ᠳ᠋ᠦᠨᠬ᠋ᠰᠢᠭᠤᠷ ᠵᠢᠯ ᠤᠨ ᠡᠮᠦᠨᠡᠬᠢ ᠭᠠᠯᠳᠤ ᠠᠭᠤᠯᠠ ᠶᠢᠨ ᠳᠡᠯᠪᠡᠷᠡᠯᠳᠡ ᠠᠴᠠ ᠡᠬᠦᠰᠦᠨ ᠪᠦᠷᠢᠯᠳᠤᠵᠤ᠂ | ᠤᠷᠳᠤ ᠤᠳᠠᠭᠠᠨ ᠤᠨ ᠵᠢᠯ ᠤᠨ ᠭᠸᠤᠯᠤᠭᠢ ᠶᠢᠨ ᠬᠤᠪᠢᠰᠤᠯᠳᠠ᠂ ᠨᠠᠷᠠ ᠰᠠᠯᠬᠢᠨ᠂ ᠤᠰᠤ ᠪᠤᠷᠤᠭᠠᠨ ᠤ ᠢᠳᠡᠭᠳᠡᠯ | ᠳᠠᠭᠤᠭᠳᠠᠯ ᠵᠡᠷᠭᠡ ᠪᠠᠷ ᠳᠠᠮᠵᠢᠨ ᠴᠢᠨᠡᠷ ᠪᠦᠳᠦᠴᠡ ᠨᠢ ᠰᠠᠶᠢᠨ᠂ ᠭᠡᠯᠪᠡᠷᠢ ᠲᠦᠷᠰᠤ ᠨᠢ ᠦᠪᠡᠷᠮᠢᠴᠡ ᠡᠳᠡᠭᠡᠳ᠂ | ᠦᠡᠭᠭᠡ ᠬᠢᠯᠪᠠᠭ᠎ᠠ ᠨᠢ ᠰᠤᠷᠭᠤᠭ ᠵᠡᠷᠭᠡ ᠤᠨᠴᠠᠯᠢᠭ ᠢ ᠪᠦᠷᠢᠯᠳᠦᠭᠦᠯᠦᠭᠰᠡᠨ ᠠᠴᠠ ᠮᠠᠰᠢ ᠦᠨᠳᠦᠷ ᠦᠵᠡᠮᠦᠷᠢ ᠶᠢᠨ | ᠦᠨ᠎ᠡ ᠦᠷᠳᠡᠭ᠂ ᠠᠵᠤ ᠠᠬᠤᠢ ᠶᠢᠨ ᠦᠨ᠎ᠡ ᠦᠷᠳᠡᠭ ᠪᠤᠯᠤᠨ ᠬᠤᠷᠢᠶᠠᠨ ᠬᠠᠳᠠᠭᠠᠯᠠᠬᠤ ᠦᠨ᠎ᠡ ᠦᠷᠳᠡᠭ ᠲᠠᠢ | ᠪᠤᠯᠬᠤᠷ ᠠᠯᠤᠰ ᠬᠤᠯᠡ ᠰᠢᠩᠭᠠᠫᠦᠷ᠂ ᠺᠤᠷᠢᠶᠠ᠂ ᠶᠠᠫᠤᠨ᠂ ᠠᠮᠧᠷᠢᠺᠠ᠂ ᠳᠠᠶᠢᠸᠠᠨ᠂ ᠰᠢᠶᠠᠩᠭᠠᠩ ᠵᠡᠷᠭᠡ ᠤᠯᠤᠰ ᠪᠡ | ᠭᠠᠵᠡᠷ ᠤᠷᠤᠨ ᠢᠶᠠᠷ ᠳᠠᠭᠠᠰᠢᠶᠠᠭᠳᠠᠨ ᠪᠤᠷᠤᠯᠠᠭᠤᠯᠤᠭᠳᠠᠵᠤ᠂ ᠠᠯᠠᠱᠠ ᠶᠢᠨ ᠨᠡᠷ᠎ᠡ ᠳᠡᠮᠳᠡᠭ ᠪᠤᠯᠤᠭᠰᠠᠨ ᠪᠠᠶᠢᠨ᠎ᠠ᠃ | ᠡᠳᠦᠭᠡ ᠦᠯᠵᠡᠢ ᠰᠤᠮᠤ ᠨᠢ ᠨᠢᠭᠡᠨᠳᠡ ᠠᠯᠠᠱᠠ ᠵᠡᠬᠦᠨ ᠬᠤᠰᠢᠭᠤᠨ ᠤ ᠬᠤᠶᠢᠳᠤ ᠭᠡᠰᠡᠭ ᠤᠨ ᠴᠢᠬᠤᠯᠠ ᠭᠠᠵᠡᠷ | ᠪᠤᠯᠵᠤ᠂ ᠪᠠᠶᠠᠨᠬᠤᠳᠠ ᠠᠴᠠ ᠡᠵᠡᠨ᠎ᠠ ᠬᠦᠷᠬᠦ ᠵᠠᠰᠠᠮᠠᠯ ᠵᠠᠮ᠂ ᠯᠢᠨᠾᠧ ᠠᠴᠠ ᠡᠵᠡᠨ᠎ᠡ ᠬᠦᠷᠬᠦ ᠵᠠᠰᠠᠮᠠᠯ ᠵᠠᠮ ᠪᠦᠷ | ᠡᠬᠦᠪᠡᠷ ᠲᠤᠭᠤᠯᠵᠤ ᠪᠠᠶᠢᠬᠤ ᠪᠦᠭᠡᠳ ᠯᠢᠨᠾᠧ — ᠬᠠᠮᠢ ᠶᠢᠨ ᠳᠡᠮᠦᠷ ᠵᠠᠮ ᠪᠦᠬᠦ ᠬᠢᠵᠠᠭᠠᠷ ᠢᠶᠠᠷ ᠵᠠᠰᠠᠨ | ᠨᠡᠪᠳᠡᠷᠡᠬᠦᠯᠵᠤ᠂ ᠯᠢᠨᠾᠧ — ᠬᠠᠮᠢ ᠶᠢᠨ ᠦᠨᠳᠦᠷ ᠬᠤᠷᠳᠤᠴᠠᠳᠤ ᠵᠠᠰᠠᠮᠠᠯ ᠵᠠᠮ ᠴᠤ ᠪᠦᠳᠦᠭᠡᠨ ᠪᠠᠶᠢᠭᠤᠯᠬᠤ | ᠲᠦᠯᠦᠪᠵᠢᠬᠦᠯᠭᠡ ᠶᠢᠨ ᠱᠠᠳᠤᠨ ᠳᠠᠭᠠᠨ ᠤᠷᠤᠭᠠᠳ ᠪᠤᠢ᠃ ᠤᠳᠤ ᠶᠠᠭ ᠭᠤᠶᠤᠴᠢᠯᠠᠨ ᠮᠡᠳᠡᠬᠦᠯᠬᠦ ᠱᠠᠳᠤᠨ ᠳᠠᠭᠠᠨ | ᠪᠠᠶᠢᠭ᠎ᠠ ᠦᠯᠵᠡᠢ ᠶᠢᠨ ᠬᠢᠯᠢ ᠶᠢᠨ ᠪᠤᠭᠤᠮᠳᠠ ᠨᠡᠪᠳᠡᠷᠡᠬᠦ ᠳᠤ ᠬᠦᠷᠪᠡᠯ ᠦᠯᠵᠡᠢ ᠰᠤᠮᠤ ᠨᠢ ᠠᠯᠠᠱᠠ ᠵᠡᠬᠦᠨ ᠬᠤᠰᠢᠭᠤ | ᠂ ᠳᠡᠷᠡᠴᠢᠯᠡᠨ ᠮᠠᠨ ᠤ ᠠᠶᠢᠮᠠᠭ ᠵᠢᠴᠢ ᠬᠦᠷᠰᠢ ᠵᠡᠷᠭᠡᠯᠡᠳᠡᠭᠡ ᠤᠷᠤᠨ ᠨᠤᠭᠤᠳ ᠤᠨ ᠮᠤᠩᠭᠤᠯ ᠤᠯᠤᠰ ᠲᠠᠢ | ᠭᠠᠳᠠᠭᠠᠳᠤ ᠠᠷᠯᠵᠢᠶᠠ ᠨᠡᠪᠳᠡᠷᠡᠬᠦ ᠴᠢᠬᠤᠯᠠ ᠪᠤᠭᠤᠮᠳᠠ ᠬᠠᠭᠠᠯᠭ᠎ᠠ ᠪᠤᠯᠬᠤ ᠪᠤᠯᠤᠨ᠎ᠠ᠃ | ᠰᠤᠮᠤᠨ ᠤ ᠬᠢᠵᠠᠭᠠᠷ ᠲᠤ ᠪᠠᠰᠠ ᠱᠠᠷᠽᠠ ᠶᠢᠨ ᠰᠦᠮ᠎ᠡ᠂ ᠮᠠᠨᠤ ᠶᠢᠨ ᠠᠭᠤᠯᠠ᠂ ᠰᠡᠨᠵᠢ ᠶᠢᠨ ᠠᠭᠤᠯᠠᠨ ᠤ | ᠴᠢᠯᠠᠭᠤᠨ ᠬᠦᠭᠦᠷᠭᠡ ᠵᠡᠷᠭᠡ ᠵᠤᠭᠠᠴᠠᠯ ᠦᠵᠡᠮᠵᠢ ᠶᠢᠨ ᠴᠢᠭ ᠲᠠᠢ᠃ | ᠦᠯᠵᠡᠢ ᠰᠤᠮᠤᠨ ᠤ ᠬᠠᠷᠢᠶᠠᠨ ᠳᠠᠬᠢ 3 ᠭᠠᠴᠠᠭ᠎ᠠ ᠪᠤᠯ ᠳᠤᠰᠪᠦᠷᠢ ᠦᠨᠳᠦᠷᠮᠤᠳᠤ ᠭᠠᠴᠠᠭ᠎ᠠ᠂ ᠦᠯᠵᠡᠶᠢᠰᠠᠶᠢᠬᠠᠨ | ᠭᠠᠴᠠᠭ᠎ᠠ᠂ ᠱᠠᠷᠽᠠ ᠭᠠᠴᠠᠭ᠎ᠠ ᠵᠡᠷᠭᠡ ᠪᠤᠯᠤᠨ᠎ᠠ᠃ |