| ᠲᠦᠬᠦᠮ ᠰᠤᠮᠤ ᠨᠢ ᠠᠯᠠᠱᠠ ᠵᠡᠬᠦᠨ ᠬᠤᠰᠢᠭᠤᠨ ᠤ ᠬᠤᠶᠢᠳᠤ ᠪᠡᠶ᠎ᠡ ᠳᠤ ᠪᠠᠶᠢᠷᠢᠰᠢᠵᠤ᠂ ᠳᠤᠬᠠᠢ ᠶᠢᠨ ᠦᠶ᠎ᠡ ᠳᠤ | ᠵᠡᠬᠦᠨ ᠳᠠᠯ᠎ᠠ ᠪᠠᠷ ᠢᠶᠠᠨ ᠤᠯᠠᠠᠪᠤᠯᠠᠭ ᠪᠠᠯᠭᠠᠰᠤ ᠪᠠᠷ ᠪᠠᠶᠠᠨᠨᠠᠭᠤᠷ ᠠᠶᠢᠮᠠᠭ ᠤᠨ ᠳ᠋ᠧᠨᠬ᠋ᠺᠸᠤ ᠰᠢᠶᠠᠨ ᠲᠠᠢ ᠠᠯᠤᠰᠯᠠᠨ᠂ | ᠤᠷᠢᠳᠤᠭᠤᠷ ᠢᠶᠠᠨ ᠬᠤᠩᠭᠤᠷᠨ᠋ᠦ᠋ᠯᠦᠩ ᠰᠤᠮᠤ ᠲᠠᠢ ᠨᠠᠶᠢᠯᠡᠵᠤ᠂ ᠪᠠᠷᠠᠭᠤᠨ ᠳᠠᠯ᠎ᠠ ᠪᠠᠷ ᠢᠶᠠᠨ ᠢᠡᠭᠬᠡᠨ ᠰᠤᠮᠤ ᠲᠠᠢ | ᠬᠦᠷᠰᠢᠯᠡᠨ᠂ ᠬᠤᠶᠢᠭᠤᠷ ᠢᠶᠠᠨ ᠪᠠᠶᠠᠨᠨᠠᠭᠤᠷ ᠠᠶᠢᠮᠠᠭ ᠤᠨ ᠤᠷᠠᠳ ᠤᠨ ᠬᠤᠶᠢᠳᠤ ᠬᠤᠰᠢᠭᠤ ᠲᠠᠢ ᠵᠠᠭᠠᠭᠯᠠᠵᠤ᠂ | ᠭᠠᠵᠡᠷ ᠤᠨ ᠪᠠᠶᠢᠴᠠ ᠨᠢ ᠵᠡᠬᠦᠨ ᠭᠡᠰᠡᠭ ᠢᠶᠠᠷ ᠢᠶᠠᠨ ᠦᠨᠳᠤᠷ᠂ ᠪᠠᠷᠠᠭᠤᠨ ᠳᠠᠯ᠎ᠠ ᠪᠠᠷ ᠢᠶᠠᠨ ᠨᠠᠮᠬᠠᠨ᠂ ᠶᠡᠷᠦᠩᠬᠡᠢ | ᠳᠠᠯᠠᠪᠡᠢ ᠨᠢ 2142 ᠬᠠᠪᠳᠠᠭᠠᠢ ᠲᠦᠷᠪᠡᠯᠵᠢᠨ ᠺᠢᠯᠤᠮᠧᠲᠷ ᠪᠠᠶᠢᠵᠤ᠂ ᠵᠠᠰᠠᠭ ᠤᠨ ᠤᠷᠳᠤᠨ ᠨᠢ ᠪᠠᠶᠠᠨᠮᠤᠳᠤ ᠬᠡᠬᠦ | ᠭᠠᠵᠡᠷ ᠰᠠᠭᠤᠷᠢᠰᠢᠵᠤ ᠪᠠᠶᠢᠭᠰᠠᠨ ᠪᠡ ᠰᠢᠨ᠋ᠬᠤᠰᠤ᠂ ᠲᠦᠬᠦᠮ᠂ ᠪᠠᠶᠠᠨᠮᠤᠳᠤ ᠵᠡᠷᠭᠡ 3 ᠭᠠᠴᠠᠭ᠎ᠠ ᠲᠠᠢ ᠴᠤᠯᠤ | ᠮᠠᠯᠵᠢᠬᠤ ᠰᠤᠮᠤ ᠪᠠᠶᠢᠵᠡᠢ᠃ | ᠰᠤᠮᠤᠨ ᠤ ᠨᠡᠷ᠎ᠠ ᠶᠢᠨ ᠢᠷᠡᠯᠳᠡ ᠪᠤᠯᠤᠭᠰᠠᠨ ᠲᠦᠬᠦᠮ ᠤᠨ ᠭᠤᠤᠯ ᠨᠢ ᠵᠢᠯ ᠤᠨ ᠲᠦᠷᠪᠡᠨ ᠤᠯᠠᠷᠢᠯ ᠳᠤ ᠪᠦᠷ | ᠤᠰᠤ ᠲᠠᠢ ᠪᠠᠶᠢᠳᠠᠭ ᠪᠦᠭᠡᠳ ᠬᠤᠯᠤᠰᠤ ᠵᠡᠷᠬᠡ ᠳᠡᠵᠢᠬᠡᠯ ᠡᠪᠡᠰᠤᠨ ᠤ ᠤᠷᠭᠤᠴᠠ ᠰᠠᠶᠢᠳᠡᠢ ᠬᠠᠳᠤᠯᠠᠩ ᠤᠨ ᠭᠠᠵᠡᠷ | ᠮᠦᠨ᠃ ᠮᠠᠨᠵᠤ ᠴᠢᠩ ᠤᠨ ᠰᠠᠶᠢᠰᠢᠶᠠᠯᠳᠤ ᠢᠷᠦᠬᠡᠯᠳᠤ ᠶᠢᠨ ᠬᠤᠷᠢᠨ ᠲᠦᠷᠪᠡᠨ ᠤᠨ ︵1819 ᠤᠨ᠂ ᠪᠡᠰᠡ | ᠨᠢᠬᠡ ᠬᠡᠯᠡᠯᠭᠡ ᠨᠢ ᠲᠦᠷᠦ ᠭᠡᠷᠡᠯᠳᠤ ᠶᠢᠨ ᠭᠤᠷᠪᠠᠳᠤᠭᠠᠷ ᠤᠨ᠂ ᠳᠡᠷᠦᠢ 1823 ᠤᠨ ᠬᠡᠬᠦ ᠶᠤᠮ︶ ᠳᠤ | ᠪᠠᠶᠢᠭᠤᠯᠤᠭᠳᠠᠭᠰᠠᠨ ᠠᠯᠠᠱᠠ ᠶᠢᠨ ᠨᠠᠢᠮᠠᠨ ᠳᠤᠮᠤ ᠰᠦᠮ᠎ᠡ ᠭᠡᠶᠢᠳ ᠤᠨ ᠨᠢᠬᠡ ᠪᠤᠯᠬᠤ ᠲᠦᠬᠦᠮ ᠤᠨ ᠰᠦᠮ᠎ᠡ ︵ | ᠭᠠᠶᠢᠬᠠᠮᠰᠢᠭᠳᠤ ᠭᠡᠷᠡᠯᠳᠤ ᠰᠦᠮ᠎ᠡ︶ ᠨᠢ ᠳᠤᠯᠤᠭᠠᠨ ᠬᠤᠳᠳᠤᠭ ᠬᠡᠬᠦ ᠭᠠᠵᠡᠷ ᠪᠠᠶᠢᠭᠰᠠᠨ ᠪᠦᠭᠡᠳ ︽ᠰᠤᠶᠤᠯ ᠤ | ᠬᠤᠪᠢᠰᠬᠠᠯ︾ ᠤᠨ ᠳᠤᠮᠳᠠ ᠳᠠᠯᠬᠢᠭᠳᠠᠭᠰᠠᠨ ᠢ ᠰᠡᠬᠦᠯᠡᠷ ᠨᠢ ᠴᠢᠨᠳᠠᠮᠤᠨᠢ ᠤᠪᠤᠭ᠎ᠠ ᠬᠡᠬᠦ ᠭᠠᠵᠡᠷ ᠰᠡᠷᠬᠦᠬᠡᠨ | ᠪᠠᠶᠢᠭᠤᠯᠤᠭᠰᠠᠨ ᠪᠠᠶᠢᠨ᠎ᠠ᠃ ᠳᠦᠬᠦᠮ ᠰᠤᠮᠤ ᠬᠢᠭᠡᠳ ᠤᠯᠠᠨᠪᠤᠯᠠᠭ ᠪᠠᠯᠭᠠᠰᠤᠨ ᠤ ᠵᠠᠭᠠᠭ ᠪᠤᠯᠵᠤ ᠪᠠᠶᠢᠭᠰᠠᠨ | ᠳᠡᠪᠰᠡᠭ ᠤᠨ ᠠᠭᠤᠯᠠᠨ ᠳᠤ ᠲᠡᠮᠦᠷ ᠤᠨ ᠠᠭᠤᠷᠬᠠᠢ ᠪᠡ ᠠᠵᠤ ᠦᠢᠯᠡᠳᠪᠦᠷᠢ ᠶᠢᠨ ᠳᠠᠪᠤᠰᠤᠨ ᠤ ᠡᠬᠢ ᠪᠠᠶᠠᠯᠢᠭ ᠲᠠᠢ | ᠶᠤᠮ᠃ | ᠵᠠᠰᠠᠭ ᠵᠠᠬᠢᠷᠭᠠᠨ ᠤ ᠬᠤᠪᠢᠶᠡᠷᠢᠯᠠᠯ ᠤᠨ ᠳᠠᠯ᠎ᠠ ᠳᠤ᠂ ᠲᠦᠬᠦᠮ ᠰᠤᠮᠤ ᠪᠤᠯ ᠤᠤᠯ ᠤᠨ ᠲᠦᠬᠦᠮ ᠤᠨ ᠪᠠᠭ ᠤᠨ | ᠬᠠᠷᠢᠶᠠᠨ ᠭᠠᠵᠡᠷ ᠪᠠᠶᠢᠵᠤ᠂ 1958 ᠤᠨ ᠤ 3 ᠰᠠᠷ᠎ᠠ ᠳᠤ ᠪᠠᠭ ᠤ ᠪᠠᠶᠢᠭᠤᠯᠦᠮᠵᠢ ᠶᠢ ᠬᠦᠴᠦᠨ ᠦᠬᠡᠢ ᠪᠤᠯᠭᠠᠵᠤ | ᠰᠤᠮᠤ ᠪᠠᠶᠢᠭᠤᠯᠬᠤ ᠦᠶᠡᠰ ᠤᠤᠯ ᠤᠨ ᠪᠠᠶᠠᠨᠬᠤᠩᠭᠤᠷ ᠰᠤᠮᠤᠨ ᠳᠤ ᠬᠠᠷᠢᠶᠠᠯᠠᠭᠳᠠᠵᠤ᠂ 1961 ᠤᠨ ᠤ 10 | ᠰᠠᠷ᠎ᠠ ᠳᠤ ᠪᠠᠶᠠᠨᠬᠤᠩᠭᠤᠷ ᠠᠴᠠ ᠬᠤᠪᠢᠶᠠᠷᠢᠯᠠᠨ ᠭᠠᠷᠭᠠᠵᠤ ᠲᠦᠬᠦᠮ ᠬᠦᠡᠭᠱᠧ ᠬᠡᠵᠤ ᠪᠠᠶᠢᠭᠤᠯᠤᠭᠰᠠᠨ ᠪᠡ 1983 | ᠤᠨ ᠤ 11 ᠰᠠᠷ᠎ᠠ ᠳᠤ ᠬᠦᠡᠭᠱᠧ ᠬᠡᠬᠦ ᠨᠡᠷᠡᠶᠢᠳᠤᠯ ᠢ ᠰᠤᠮᠤ ᠪᠤᠯᠭᠠᠨ ᠦᠭᠡᠷᠡᠴᠢᠯᠡᠨ ᠰᠡᠷᠬᠦᠬᠡᠵᠡᠢ᠃ 2006 | ᠤᠨ ᠤ 6 ᠰᠠᠷ᠎ᠠ ᠳᠤ᠂ ᠲᠦᠬᠦᠮ ᠰᠤᠮᠤᠨ ᠤ ᠪᠠᠶᠢᠭᠤᠯᠦᠮᠵᠢ ᠶᠢ ᠬᠠᠰᠤᠵᠤ ᠤᠯᠠᠨᠪᠤᠯᠠᠭ ᠪᠠᠯᠭᠠᠰᠤᠨ ᠳᠤ | ᠴᠤᠮᠬᠠᠳᠬᠠᠨ ᠨᠡᠶᠢᠯᠡᠬᠦᠯᠦᠭᠰᠠᠨ ᠪᠠᠶᠢᠨ᠎ᠠ᠃ |