ᠴᠠᠭᠠᠨᠪᠤᠯᠠᠭ ᠰᠤᠮᠤ
ᠨᠡᠶᠢᠲᠡᠯᠡᠭᠰᠡᠨ ᠴᠠᠭ᠄
2019/12/13
ᠳᠤᠬᠠᠢ ᠶᠢᠨ ᠦᠶ᠎ᠠ ᠶᠢᠨ ᠴᠠᠭᠠᠨᠪᠤᠯᠠᠭ ᠰᠤᠮᠤ ᠨᠢ ᠠᠯᠠᠱᠠ ᠵᠡᠬᠦᠨ ᠬᠤᠰᠢᠭᠤᠨ ᠤ ᠪᠠᠷᠠᠭᠤᠨ ᠡᠮᠦᠨᠡᠳᠤ ᠭᠡᠰᠡᠭ ᠲᠤ ᠪᠠᠶᠢᠷᠢᠰᠢᠵᠤ᠂ ᠵᠡᠬᠦᠨ ᠳᠠᠯ᠎ᠠ ᠪᠠᠷ ᠢᠶᠠᠨ ᠳᠤᠩᠭᠠᠯᠠᠭ ᠨᠠᠭᠤᠷ ᠰᠤᠮᠤ᠂ ᠴᠤᠭᠳᠤᠬᠦ᠋ᠷᠢᠶ᠎ᠡ ᠰᠤᠮᠤ ᠲᠠᠢ ᠵᠠᠯᠭᠠᠯᠳᠤᠨ᠂ ᠡᠮᠦᠨ᠎ᠡ ᠳᠠᠯ᠎ᠠ ᠪᠠᠷ ᠢᠶᠠᠨ ᠤᠨᠳᠤᠷᠤᠯᠳᠤ ᠪᠠᠯᠭᠠᠰᠤ᠂ ᠳᠡᠭᠷᠢ ᠡᠯᠡᠰᠤ ᠰᠤᠮᠤ ᠲᠠᠢ ᠨᠡᠶᠢᠯᠡᠵᠤ᠂ ᠪᠠᠷᠠᠭᠤᠨ ᠳᠠᠯ᠎ᠠ ᠪᠠᠷ  ᠢᠶᠠᠨ ᠡᠷᠬᠡᠬᠠᠰᠢᠬ᠎ᠠ ᠰᠤᠮᠤ ᠪᠤᠯᠤᠨ ᠭᠠᠨᠰᠤ ᠮᠤᠵᠢ ᠶᠢᠨ ᠮᠢᠨᠴᠢᠨ ᠰᠢᠶᠠᠨ ᠲᠠᠢ ᠬᠦᠷᠰᠢᠯᠡᠨ᠂ ᠬᠤᠶᠢᠳᠤ ᠳᠠᠯ᠎ᠠ ᠪᠠᠷ  ᠢᠶᠠᠨ ᠬᠤᠤᠰᠪᠦ᠋ᠷᠢᠳᠤ ᠰᠤᠮᠤᠨ ᠳᠤ ᠳᠤᠯᠵᠤ ᠪᠠᠶᠢᠵᠡᠢ᠃ ᠶᠡᠷᠦᠩᠬᠡᠢ ᠳᠠᠯᠠᠪᠡᠢ ᠨᠢ 5462 ᠬᠠᠪᠳᠠᠭᠠᠢ ᠲᠦᠷᠪᠡᠯᠵᠢᠨ ᠺᠢᠯᠤᠮᠧᠲᠷ ᠲᠤ ᠬᠦᠷᠴᠤ᠂ ᠰᠤᠮᠤᠨ ᠤ ᠵᠠᠰᠠᠭ ᠤᠨ ᠤᠷᠳᠤᠨ ᠨᠢ ᠴᠠᠭᠠᠨᠭᠤᠤᠯ ᠬᠡᠳᠡᠭ ᠭᠠᠵᠡᠷ ᠰᠠᠭᠤᠷᠢᠰᠢᠵᠤ᠂ ᠴᠠᠭᠠᠨᠨᠠᠭᠤᠷ ᠭᠠᠴᠠᠭ᠎ᠠ᠂ ᠳᠤᠤᠯᠠᠨᠳᠡᠢ ᠭᠠᠴᠠᠭ᠎ᠠ᠂ ᠰᠢᠷ᠎ᠠ ᠬᠤᠯᠤᠰᠤ ᠭᠠᠴᠠᠭ᠎ᠠ᠂ ᠪᠠᠶᠠᠨ ᠬᠦᠯ ᠭᠠᠴᠠᠭ᠎ᠠ᠂ ᠭᠡᠳᠡᠩ ᠭᠠᠴᠠᠭ᠎ᠠ ᠵᠡᠷᠭᠡ ᠳᠠᠪᠤᠨ ᠭᠠᠴᠠᠭ᠎ᠠ ᠲᠠᠢ ᠪᠠᠶᠢᠵᠡᠢ᠃ ᠰᠤᠮᠤᠨ ᠤ ᠨᠠᠷᠡᠶᠢᠳᠤᠯ ᠨᠢ ᠴᠠᠭᠠᠨᠪᠤᠯᠠᠭ ᠤᠨ ᠳᠠᠪᠤᠰᠤᠨ ᠨᠠᠭᠤᠷ  ᠠᠴᠠ ᠢᠷᠡᠯᠳᠡ ᠲᠠᠢ᠃ ᠤᠤᠯ ᠤᠨ ᠴᠠᠭᠠᠨᠪᠤᠯᠠᠭ ᠰᠤᠮᠤ ᠨᠢ ᠤᠷᠢᠳ ᠬᠤᠵᠢᠳ ᠬᠤᠶᠡᠷ ᠤᠳᠠᠭᠠᠨ ᠤ ᠨᠡᠷᠡᠶᠢᠳᠤᠯ ᠵᠢᠴᠢ ᠤᠷᠤᠨ ᠨᠤᠳᠤᠭ ᠤ ᠰᠤᠯᠢᠭᠳᠠᠯ ᠬᠤᠪᠢᠶᠡᠯᠳᠡ ᠶᠢ ᠦᠡᠭᠬᠡᠷᠡᠬᠦᠯᠦᠭᠰᠡᠨ ᠶᠤᠮ᠃ ᠰᠡᠬᠦᠯᠴᠢ ᠶᠢᠨ ᠴᠠᠭᠠᠨᠪᠤᠯᠠᠭ ᠰᠤᠮᠤᠨ ᠤ ᠬᠠᠷᠢᠶᠠᠨ ᠭᠠᠵᠡᠷ  ᠨᠢ ᠮᠠᠨᠵᠤ ᠴᠢᠩ ᠤᠨ ᠰᠠᠶᠢᠰᠢᠶᠠᠯᠳᠤ ᠢᠷᠦᠬᠡᠯᠳᠤ ᠶᠢᠨ ᠬᠤᠷᠢᠨ ᠤᠨ ︵1815 ᠤᠨ︶ ᠠᠴᠠ ᠡᠬᠢᠯᠠᠨ ᠴᠠᠭᠠᠨᠪᠤᠯᠠᠭ ᠤᠨ ᠪᠠᠭ ᠪᠤᠯᠤᠨ ᠳᠤᠤᠯᠠᠨᠳᠡᠢ ᠶᠢᠨ ᠪᠠᠭ ᠲᠤ ᠬᠠᠷᠢᠶᠠᠯᠠᠭᠳᠠᠵᠤ ᠪᠠᠶᠢᠭᠰᠠᠨ ᠶᠤᠮ᠃ 1958 ᠤᠨ ᠤ 3 ᠰᠠᠷ᠎ᠠ ᠳᠤ᠂ ᠤᠤᠯ ᠤᠨ ᠴᠠᠭᠠᠨᠪᠤᠯᠠᠭ ᠤᠨ ᠪᠠᠭ ᠪᠤᠯᠤᠨ ᠡᠷᠭᠡᠬᠠᠰᠢᠬ᠎ᠠ ᠶᠢᠨ ᠪᠠᠭ ᠢ ᠨᠠᠶᠢᠯᠡᠬᠦᠯᠦᠬᠡᠳ ᠴᠠᠭᠠᠨᠪᠤᠯᠠᠭ ᠰᠤᠮᠤ ᠭᠡᠵᠤ ᠪᠠᠶᠢᠭᠤᠯᠤᠭᠰᠠᠨ ᠪᠡ ᠮᠦᠨ ᠵᠢᠯ ᠤᠨ 9 ᠰᠠᠷ᠎ᠠ ᠳᠤ ᠰᠤᠮᠤ ᠶᠢ ᠬᠦᠡᠭᠱᠧ ᠬᠡᠵᠤ ᠦᠬᠡᠷᠡᠴᠢᠯᠡᠨ ᠳᠠᠭᠤᠳᠠᠬᠤ ᠪᠤᠯᠵᠡᠢ᠃ 1959 ᠤᠨ ᠤ 11 ᠰᠠᠷ᠎ᠠ ᠳᠤ᠂ ᠤᠤᠯ ᠤᠨ ᠳᠤᠤᠯᠠᠨᠳᠡᠢ ᠬᠦᠡᠭᠱᠧ ᠶᠢᠨ ᠪᠠᠶᠢᠭᠤᠯᠤᠮᠵᠢ  ᠶᠢᠨ ᠬᠠᠰᠤᠵᠤ ᠭᠠᠵᠠᠷ ᠨᠤᠳᠤᠭ ᠢ ᠨᠢ ᠴᠠᠭᠠᠨᠪᠤᠯᠠᠭ ᠰᠤᠮᠤᠨ ᠳᠤ ᠨᠡᠶᠢᠯᠡᠬᠦᠯᠦᠭᠰᠡᠨ ᠪᠠᠶᠢᠨ᠎ᠠ᠃ 1961 ᠤᠨ ᠪᠤᠯᠬᠤ ᠳᠤ᠂ ᠴᠠᠭᠠᠨᠪᠤᠯᠠᠭ ᠰᠤᠮᠤᠨ ᠠᠴᠠ ᠭᠡᠰᠡᠭ ᠭᠠᠵᠡᠷ ᠢ ᠬᠤᠪᠢᠶᠠᠷᠢᠯᠠᠨ ᠭᠠᠷᠭᠠᠵᠤ ᠢᠬᠡᠷ᠎ᠠ ᠬᠦᠡᠭᠱᠧ ᠬᠡᠵᠤ ᠪᠠᠶᠢᠭᠤᠯᠵᠡᠢ᠃ 1983 ᠤᠨ ᠤ 1 ᠰᠠᠷ᠎ᠡ ᠳᠤ᠂ ᠤᠤᠯ ᠤᠨ ᠴᠠᠭᠠᠨᠪᠤᠯᠠᠭ ᠬᠦᠡᠭᠱᠧ ᠶᠢᠨ ᠵᠠᠰᠠᠭ ᠤᠨ ᠤᠷᠳᠤᠨ ᠤ ᠰᠠᠭᠤᠭ᠎ᠠ ᠭᠠᠵᠡᠷ ᠢ ᠲᠸᠤ ᠳᠤᠤ ᠬᠤ᠋ ︵ᠡᠮᠦᠨ᠎ᠡ ᠭᠤᠤᠯ︶ ᠳᠤ ᠰᠢᠯᠵᠢᠬᠦᠯᠦᠬᠡᠳ ᠬᠦᠡᠭᠱᠧ ᠶᠢᠨ ᠨᠡᠷ᠎ᠡ ᠶᠢ ᠨᠢ ᠴᠤᠭᠳᠤᠬᠦ᠋ᠷᠢᠶ᠎ᠡ ᠬᠦᠡᠭᠱᠧ ᠬᠡᠵᠤ ᠬᠠᠯᠠᠭᠰᠠᠨ ᠪᠡ ᠤᠤᠯ ᠳᠠᠭᠠᠨ ᠴᠠᠭᠠᠨᠪᠤᠯᠠᠭ ᠬᠦᠡᠭᠱᠧ ᠳᠤ ᠬᠠᠷᠢᠶᠠᠯᠠᠭᠳᠠᠵᠤ ᠪᠠᠶᠢᠭᠰᠠᠨ ᠵᠠᠭᠳᠤ᠂ ᠳᠤᠮᠳᠠ ᠭᠤᠤᠯ᠂ ᠬᠤᠶᠢᠳᠤ ᠭᠤᠤᠯ ᠵᠡᠷᠬᠡ ᠪᠠᠷᠢᠭᠠᠳᠠ ᠶᠢ ᠴᠤᠭᠳᠤᠬᠦ᠋ᠷᠢᠶ᠎ᠡ ᠬᠦᠡᠭᠱᠧ ᠳᠤ ᠬᠠᠷᠢᠶᠠᠯᠠᠭᠤᠯᠵᠤ᠂ ᠴᠠᠭᠠᠨᠪᠤᠯᠠᠭ᠂ ᠤᠭᠤᠨᠤᠳᠤ ᠵᠡᠷᠭᠡ ᠪᠠᠷᠢᠭᠠᠳᠠ ᠶᠢ ᠨᠢ ᠢᠬᠡᠷ᠎ᠡ ᠬᠦᠡᠭᠱᠧ ᠳᠤ ᠬᠠᠷᠢᠶᠠᠯᠠᠭᠤᠯᠤᠭᠠᠳ ᠂ ᠢᠬᠡᠷ᠎ᠡ ᠬᠦᠡᠭᠱᠧ ᠶᠢᠨ ᠨᠡᠷᠡᠶᠢᠳᠤᠯ ᠢ ᠨᠢ ᠴᠠᠭᠠᠨᠪᠤᠯᠠᠭ ᠬᠦᠡᠭᠱᠧ ᠬᠡᠵᠤ ᠦᠬᠡᠷᠡᠴᠢᠯᠡᠨ ᠳᠠᠭᠤᠳᠠᠬᠤ ᠪᠤᠯᠵᠡᠢ᠃ ᠮᠦᠨ ᠵᠢᠯ ᠳᠤ ᠬᠦᠡᠭᠱᠧ ᠬᠡᠬᠦ ᠳᠠᠭᠤᠳᠠᠯᠭ᠎ᠠ ᠶᠢ ᠳᠠᠬᠢᠨ ᠰᠤᠮᠤ ᠬᠡᠵᠤ ᠰᠡᠷᠬᠦᠬᠡᠨ ᠳᠠᠭᠤᠳᠠᠬᠤ ᠪᠤᠯᠤᠭᠰᠠᠨ ᠶᠤᠮ᠃ 200 ᠤᠨ ᠤ 6 ᠰᠠᠷ᠎ᠠ ᠳᠤ᠂ ᠤᠤᠯ ᠤᠨ ᠴᠠᠭᠠᠨᠪᠤᠯᠠᠭ ᠰᠤᠮᠤᠨ ᠤ ᠪᠠᠶᠢᠭᠤᠯᠤᠮᠵᠢ ᠶᠢ ᠬᠠᠰᠤᠨ ᠴᠤᠮᠬᠠᠳᠬᠠᠵᠤ᠂ ᠬᠠᠷᠢᠶᠠᠨ ᠭᠠᠵᠡᠷ ᠢ ᠨᠢ ᠡᠷᠬᠡᠬᠠᠰᠢᠬ᠎ᠠ ᠰᠤᠮᠤᠨ ᠳᠤ ᠨᠠᠶᠢᠯᠡᠬᠦᠯᠦᠬᠡᠳ ᠤᠳᠤ ᠶᠢᠨ ᠪᠠᠶᠢᠳᠠᠯ ᠳᠤ ᠲᠦᠯᠦᠪᠰᠢᠷᠡᠭᠰᠡᠨ ᠪᠢᠯᠡ᠃ ᠳᠡᠭᠷᠢ ᠡᠯᠡᠰᠤᠨ ᠴᠦᠯ ᠨᠢ ᠴᠠᠭᠠᠨᠪᠤᠯᠠᠭ ᠰᠤᠮᠤᠨ ᠤ ᠪᠦᠬᠦ ᠬᠢᠵᠠᠭᠠᠷ ᠢ ᠪᠦᠷᠬᠦᠵᠤ ᠪᠠᠶᠢᠭᠰᠠᠨ ᠪᠤᠯᠪᠠᠴᠤ ᠮᠠᠰᠢ ᠤᠯᠠᠨ ᠨᠠᠭᠤᠷ ᠤᠰᠤ᠂ ᠭᠤᠤᠯ ᠭᠠᠵᠡᠷ ᠨᠢ ᠮᠠᠰᠢ ᠰᠠᠶᠢᠨ ᠪᠠᠯᠴᠢᠬᠡᠷ ᠲᠠᠢ ᠪᠤᠯᠬᠤᠷ ᠳᠤᠬᠠᠢ ᠶᠢᠨ ᠦᠶ᠎ᠡ ᠳᠡᠭᠡᠨ ᠬᠤᠶᠡᠷ ᠲᠦᠮᠡ ᠰᠢᠬᠠᠭᠤ ᠪᠤᠳᠠ ᠪᠤᠭ ᠮᠠᠯ ᠲᠠᠢ ᠮᠠᠯᠵᠢᠬᠤ ᠰᠤᠮᠤ ᠪᠠᠶᠢᠵᠡᠢ᠃ ᠡᠯᠡᠰᠤᠨ ᠳᠤᠮᠳᠠᠬᠢ ᠴᠡᠩᠭᠡᠭ ᠤᠰᠤᠳᠤ ᠨᠠᠭᠤᠷ ᠪᠦᠷᠢᠳᠤ ᠳᠤᠨᠢ ᠵᠢᠭᠠᠰᠤ ᠳᠡᠵᠢᠬᠡᠵᠤ ᠪᠤᠯᠬᠤ ᠪᠦᠬᠡᠳ ᠤᠯᠠᠭᠠᠨ ᠭᠤᠶᠤᠤ ᠵᠡᠷᠭᠡ ᠨᠤᠳᠤᠭ ᠤᠨ ᠤᠨᠴᠠ ᠭᠠᠷᠤᠯᠳᠠ ᠲᠠᠢ᠃ ᠰᠤᠮᠤᠨ ᠤ ᠬᠢᠵᠠᠭᠠᠷ ᠲᠤ ᠳᠠᠪᠤᠰᠤ᠂ ᠱᠤᠤ ᠵᠡᠷᠭᠡ ᠡᠯᠪᠡᠭ ᠪᠠᠶᠠᠯᠢᠭ ᠪᠠᠶᠢᠳᠠᠭ ᠪᠤᠯᠬᠤᠷ ᠠᠯᠠᠱᠠ ᠵᠡᠬᠦᠨ ᠬᠤᠰᠢᠭᠤᠨ ᠤ ᠭᠤᠤᠯᠳᠠᠯᠭᠠᠳᠤ ᠳᠠᠪᠤᠰᠤ ᠬᠢᠮᠢ ᠶᠢᠨ ᠠᠵᠤ ᠦᠢᠯᠡᠳᠪᠦᠷᠢ ᠶᠢᠨ ᠰᠠᠭᠤᠷᠢᠨ ᠭᠠᠵᠡᠷ ᠪᠤᠯᠵᠤ᠂ ᠬᠤᠰᠢᠭᠤᠨ ᠤ ᠳᠠᠪᠤᠰᠤ ᠬᠢᠮᠢ ᠶᠢᠨ ᠲᠦᠷᠪᠡᠨ ᠳᠤᠯᠭᠠᠭᠤᠷᠢ ᠠᠵᠤ ᠠᠬᠤᠢᠢᠯᠠᠯ — — ᠴᠠᠭᠠᠨᠪᠤᠯᠠᠭ ᠤᠨ ᠳᠠᠪᠤᠰᠤᠨ ᠦᠢᠯᠡᠰ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠳᠡᠭᠷᠢ ᠶᠢᠨ ᠬᠢᠮᠢ ᠶᠢᠨ ᠠᠵᠤ ᠦᠢᠯᠡᠳᠪᠦᠷᠢ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠴᠠᠭᠠᠨᠪᠤᠯᠠᠭ ᠤᠨ ᠳᠠᠪᠤᠰᠤᠨ ᠳᠠᠯᠠᠪᠡᠢ ᠶᠢᠨ ᠨᠠᠷᠢᠯᠢᠬ ᠳᠠᠪᠤᠰᠤᠨ ᠤ ᠦᠢᠯᠡᠳᠪᠦᠷᠢ ᠪᠤᠯᠤᠨ ᠲᠦᠩ ᠬᠤᠸᠠ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠵᠡᠷᠭᠡ ᠨᠢ ᠪᠦᠷ ᠴᠠᠭᠠᠨᠪᠤᠯᠠᠭ ᠰᠤᠮᠤ ᠳᠤ ᠪᠠᠶᠢᠷᠢᠯᠠᠵᠤ ᠪᠠᠶᠢᠭᠰᠠᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号