| ᠤᠤᠯ ᠤᠨ ᠴᠠᠬᠠᠷ ᠰᠤᠮᠤ ᠨᠢ ᠠᠯᠠᠱᠠ ᠵᠡᠬᠦᠨ ᠬᠤᠰᠢᠭᠤᠨ ᠤ ᠳᠤᠮᠳᠠ ᠬᠡᠰᠡᠭ ᠲᠤ ᠪᠠᠶᠢᠷᠢᠰᠢᠵᠤ᠂ ᠳᠤᠬᠠᠢ ᠶᠢᠨ | ᠦᠶ᠎ᠡ ᠳᠡᠭᠡᠨ ᠵᠡᠬᠦᠨᠰᠢ ᠪᠠᠨ ᠠᠯᠠᠱᠠ ᠠᠭᠤᠯᠠ ᠶᠢᠨ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ | ᠤᠷᠤᠨ ᠲᠠᠢ ᠬᠦᠷᠰᠢᠯᠡᠨ᠂ ᠡᠮᠦᠨ᠎ᠡ ᠳᠠᠯ᠎ᠠ ᠪᠠᠷ ᠢᠶᠠᠨ ᠮᠦᠷᠡᠨᠭᠤᠤᠯ ᠰᠤᠮᠤᠨ ᠳᠤ ᠳᠤᠯᠵᠤ᠂ ᠪᠠᠷᠠᠭᠤᠨ ᠳᠠᠯ᠎ᠠ ᠪᠠᠷ | ᠢᠶᠠᠨ ᠰᠢᠯᠢᠭᠤᠤᠯ ᠰᠤᠮᠤ ᠲᠠᠢ ᠨᠡᠶᠢᠯᠡᠭᠡᠳ᠂ ᠬᠤᠶᠢᠭᠤᠷ ᠢᠶᠠᠨ ᠵᠢᠷᠡᠳᠡᠢ ᠪᠠᠯᠭᠠᠰᠤ ᠲᠠᠢ ᠵᠠᠯᠭᠠᠯᠳᠤᠵᠤ ᠪᠠᠶᠢᠵᠡᠢ᠃ | ᠲᠡᠷᠡ ᠦᠶ᠎ᠡ ᠳᠡᠭᠡᠨ ᠪᠦᠬᠦ ᠳᠠᠯᠠᠪᠡᠢ ᠨᠢ 27 ᠬᠠᠪᠳᠠᠭᠠᠢ ᠲᠦᠷᠪᠡᠯᠵᠢᠨ ᠺᠢᠯᠤᠮᠧᠲᠷ ᠪᠠᠶᠢᠵᠤ᠂ ᠭᠠᠵᠡᠷ ᠤᠨ ᠪᠠᠶᠢᠴᠠ | ᠨᠢ ᠳᠡᠭᠰᠢ ᠨᠠᠮᠬᠠᠨ᠂ ᠬᠦᠷᠦᠰᠤ ᠨᠢ ᠦᠩ ᠰᠢᠮᠡᠯᠢᠭ᠂ ᠤᠰᠤᠨ ᠤ ᠴᠢᠨᠡᠷ ᠨᠢ ᠰᠠᠶᠢᠨ᠂ ᠨᠠᠷᠠᠨ ᠤ ᠳᠤᠰᠤᠯᠳᠠ | ᠬᠠᠩᠭᠠᠮᠵᠢᠳᠡᠢ ᠵᠡᠷᠭᠡ ᠳᠠᠪᠠᠭᠤᠯᠢᠭ ᠲᠠᠢ ᠪᠠᠶᠢᠭᠰᠠᠨ ᠪᠡ ᠪᠠᠶᠠᠨᠬᠤᠳᠠ ᠠᠴᠠ ᠠᠯᠠᠱᠠ ᠪᠠᠷᠠᠭᠤᠨ ᠬᠤᠰᠢᠭᠤ᠂ ᠡᠵᠡᠨ᠎ᠡ | ᠬᠤᠰᠢᠭᠤ ᠪᠤᠯᠤᠨ ᠵᠢᠷᠡᠳᠡᠢ ᠬᠦᠷᠬᠦ ᠵᠠᠰᠠᠮᠠᠯ ᠵᠠᠮ ᠤᠨ ᠠᠭᠤᠯᠵᠡᠷ ᠲᠠᠬᠢ ︽ᠠᠯᠳᠠᠨ ᠭᠤᠷᠪᠠᠯᠵᠢᠨ ᠬᠤᠶᠢᠬ︾ ᠬᠡᠮᠡᠨ | ᠠᠯᠳᠠᠷᠰᠢᠵᠤ ᠪᠠᠶᠢᠵᠡᠢ᠃ | ᠴᠠᠭ ᠦᠶ᠎ᠠ ᠶᠢᠨ ᠳᠠᠯ᠎ᠠ ᠪᠠᠷ᠂ ᠴᠠᠬᠠᠷ ᠰᠤᠮᠤ ᠪᠤᠯ ᠠᠯᠠᠱᠠ ᠵᠡᠬᠦᠨ ᠬᠤᠰᠢᠭᠤᠨ ᠤ ᠨᠡᠯᠢᠶᠠᠳ ᠤᠷᠤᠢ | ᠪᠠᠶᠢᠭᠤᠯᠤᠭᠳᠠᠭᠰᠠᠨ ᠰᠤᠮᠤ ᠪᠤᠯᠬᠤ ᠶᠤᠮ᠃ 1974 ᠤᠨ ᠠᠴᠠ ᠴᠠᠬᠠᠷ ᠤᠨ ᠬᠦᠳᠡᠭᠡ ᠳᠤ ᠠᠳᠠᠷ ᠬᠠᠭᠠᠯᠪᠦᠷᠢᠯᠡᠵᠤ | ᠡᠬᠢᠯᠡᠭᠰᠡᠨ ᠪᠡ 1982 ᠤᠨ ᠪᠤᠯᠬᠤ ᠳᠤ ᠦᠢᠷ᠎ᠠ ᠬᠠᠪᠢ ᠶᠢᠨ ᠭᠡᠳᠤᠨ ᠰᠤᠮᠤᠨ ᠤ ᠬᠡᠰᠡᠭ ᠶᠠᠳᠠᠭᠤ ᠬᠦᠴᠢᠷᠳᠡᠯᠳᠡᠢ | ᠡᠷᠦᠬᠡ ᠤᠳ ᠢ ᠰᠢᠯᠵᠢᠬᠦᠯᠦᠨ ᠠᠪᠴᠢᠷᠠᠵᠤ ᠲᠠᠷᠢᠶᠠᠯᠠᠩ ᠠᠵᠤ ᠠᠬᠤᠢ ᠡᠷᠬᠢᠯᠡᠬᠦᠯᠵᠤ ᠪᠠᠶᠢᠭᠰᠠᠨ ᠢᠶᠠᠨ 1983 | ᠤᠨ ᠤ 1 ᠰᠠᠷ᠎ᠠ ᠳᠤ ᠴᠠᠬᠠᠷ ᠤᠨ ᠬᠦᠳᠡᠭᠡ ᠶᠢᠨ ᠬᠤᠳᠳᠤᠭ ᠤᠨ ᠤᠰᠤᠯᠠᠯᠳᠠ ᠶᠢᠨ ᠤᠷᠤᠨ ᠤ ᠨᠡᠭᠡᠭᠡᠯᠳᠡ ᠶᠢᠨ | ᠪᠦᠳᠦᠬᠡᠨ ᠪᠠᠶᠢᠭᠤᠯᠤᠯᠳᠠ ᠶᠢᠨ ᠵᠢᠯᠤᠭᠤᠳᠬᠤ ᠭᠠᠵᠡᠷ ᠢ ᠪᠠᠶᠢᠭᠤᠯᠤᠭᠰᠠᠨ ᠪᠠᠶᠢᠨ᠎ᠠ᠃ 1987 ᠤᠨ ᠤ 10 | ᠰᠠᠷ᠎ᠠ ᠳᠤ᠂ ᠴᠠᠬᠠᠷ ᠤᠨ ᠬᠦᠳᠡᠭᠡᠨ ᠤ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠳᠤᠭᠤᠷᠢᠭ ᠭᠡᠳᠡᠭ ᠢ ᠪᠠᠶᠢᠭᠤᠯᠵᠤ᠂ | ᠰᠤᠮᠤ ᠪᠠᠯᠭᠠᠰᠤᠨ ᠤ ᠳᠡᠰ ᠤᠨ ᠵᠠᠰᠠᠭ ᠵᠠᠬᠢᠷᠭᠠᠨ ᠤ ᠬᠠᠮᠢᠶᠠᠷᠤᠯᠳᠠ ᠶᠢ ᠬᠦᠢᠴᠡᠳᠬᠡᠵᠤ ᠪᠠᠶᠢᠭᠰᠠᠨ ᠪᠡ 1994 | ᠤᠨ ᠤ 5 ᠰᠠᠷ᠎ᠠ ᠪᠤᠯᠬᠤ ᠳᠤ ᠰᠠᠶ᠋ᠢ ᠴᠠᠬᠠᠷ ᠰᠤᠮᠤ ᠬᠡᠵᠤ ᠪᠠᠶᠢᠭᠤᠯᠤᠨ᠂ ᠰᠤᠮᠤᠨ ᠤ ᠵᠠᠰᠠᠭ ᠤᠨ ᠤᠷᠳᠤᠨ ᠨᠢ | ᠴᠠᠬᠠᠷ ᠤᠨ ᠬᠦᠳᠡᠭᠡ ᠳᠤ ᠰᠠᠭᠤᠷᠢᠰᠢᠵᠤ᠂ ᠨᠤᠭᠤᠭᠠᠨ ᠪᠦᠬᠡᠷᠡᠭ ᠭᠠᠴᠠᠭ᠎ᠠ᠂ ᠴᠠᠬᠠᠷ ᠱᠠᠯᠠ ᠭᠠᠴᠠᠭ᠎ᠠ᠂ | ᠬᠦᠬᠡᠳᠤᠯᠤᠭᠠᠢ ᠭᠠᠴᠠᠭ᠎ᠠ᠂ ᠠᠭᠤᠳᠠᠮ ᠳᠠᠯ᠎ᠠ ᠭᠠᠴᠠᠭ᠎ᠠ ᠵᠡᠷᠭᠡ ᠭᠡᠳᠤᠨ ᠳᠠᠷᠢᠶᠠᠯᠠᠬᠤ ᠭᠠᠴᠠᠭ᠎ᠠ ᠲᠠᠢ ᠪᠠᠶᠢᠵᠡᠢ᠃ | 2001 ᠤᠨ ᠤ 5 ᠰᠠᠷ᠎ᠠ ᠳᠤ᠂ ᠤᠤᠯ ᠤᠨ ᠴᠠᠬᠠᠷ ᠰᠤᠮᠤ ᠪᠤᠯᠤᠨ ᠰᠢᠯᠢᠭᠤᠤᠯ ᠰᠤᠮᠤ ᠶᠢ ᠨᠡᠶᠢᠯᠡᠬᠦᠯᠦᠭᠡᠳ | ᠰᠢᠯᠢᠭᠤᠤᠯ ᠪᠠᠯᠭᠠᠰᠤ ᠪᠤᠯᠭᠠᠵᠤ᠂ ᠮᠦᠨ ᠴᠠᠬᠠᠷ ᠤᠨ ᠬᠦᠳᠡᠭᠡ ᠳᠤ ᠰᠠᠭᠤᠷᠢᠰᠢᠵᠤ ᠪᠠᠶᠢᠭᠰᠠᠨ ᠪᠡ 2006 ᠤᠨ 6 | ᠰᠠᠷ᠎ᠠ ᠳᠤ ᠪᠤᠯᠬᠤ ᠳᠤ ᠳᠠᠬᠢᠨᠳᠠ ᠰᠢᠯᠢᠭᠤᠤᠯ ᠪᠠᠯᠭᠠᠰᠤᠨ ᠤᠨ ᠪᠠᠶᠢᠭᠤᠯᠤᠮᠵᠢ ᠶᠢ ᠬᠦᠴᠦᠨ ᠦᠬᠡᠢ ᠪᠤᠯᠭᠠᠭᠠᠳ | ᠵᠢᠷᠡᠳᠡᠢ ᠪᠠᠯᠭᠠᠰᠤᠨ ᠳᠤ ᠨᠡᠶᠢᠯᠡᠬᠦᠯᠦᠭᠰᠡᠨ ᠠᠴᠠ ᠤᠳᠤ ᠶᠢᠨ ᠪᠠᠶᠢᠳᠠᠯ ᠳᠤ ᠲᠦᠯᠦᠪᠰᠢᠷᠡᠭᠰᠡᠨ ᠪᠠᠶᠢᠨ᠎ᠠ᠃ | ᠳᠠᠷᠢᠶᠠᠯᠠᠩ ᠠᠵᠤ ᠠᠬᠤᠢ ᠪᠠᠷ ᠭᠤᠤᠯᠯᠠᠭᠰᠠᠨ ᠴᠠᠬᠠᠷ ᠰᠤᠮᠤ ᠨᠢ ᠳᠤᠬᠠᠢ ᠶᠢᠨ ᠦᠶ᠎ᠡ ᠳᠡᠭᠡᠨ ᠠᠯᠠᠱᠠ ᠵᠡᠬᠦᠨ | ᠬᠤᠰᠢᠭᠤᠨ ᠤ ᠬᠤᠶᠡᠷ ᠳᠤᠮᠤ ᠳᠡᠵᠢᠬᠡᠯ ᠡᠪᠡᠰᠤ ᠪᠤᠷᠳᠤᠭᠠᠨ ᠤ ᠰᠠᠭᠤᠷᠢᠨ ᠭᠠᠵᠡᠷ ᠤᠨ ᠨᠢᠬᠡ ᠨᠢ ᠪᠤᠯᠵᠤ ᠪᠠᠶᠢᠭᠰᠠᠨ | ᠪᠡ ᠨᠡᠶᠢᠳᠡ 16284 ᠮᠤ᠋ ᠳᠠᠷᠢᠶᠠᠨ ᠭᠠᠵᠡᠷ ᠨᠢ ᠠᠯᠠᠱᠠ ᠠᠭᠤᠯᠠᠨ ᠤ ᠦᠶᠡᠷ ᠤᠨ ᠳᠤᠨᠤᠮᠠᠯ ᠳᠠᠯ᠎ᠠ ᠭᠠᠵᠡᠷ | ᠪᠤᠯᠬᠤᠷ ᠬᠦᠷᠤᠰᠤ ᠰᠢᠷᠤᠢ ᠨᠢ ᠦᠩ ᠰᠢᠮᠡᠯᠢᠭ᠂ ᠤᠷᠭᠠᠨᠢᠭ ᠪᠤᠳᠠᠰ ᠤ ᠠᠭᠤᠯᠤᠭᠳᠠᠴᠠ ᠦᠨᠳᠡᠦᠷ ᠪᠠᠶᠢᠳᠠᠭ ᠠᠵᠢ᠃ | ᠨᠠᠷᠠᠨ ᠤ ᠭᠡᠷᠡᠯ ᠤᠨ ᠳᠤᠰᠤᠯᠳᠠ ᠬᠦᠢᠴᠡᠳ ᠬᠠᠩᠭᠠᠮᠵᠢᠳᠡᠢ ᠪᠠᠶᠢᠳᠠᠭ ᠪᠡ ᠡᠳᠦᠷ ᠰᠦᠨᠢ ᠶᠢᠨ ᠳᠤᠯᠠᠭᠠᠨ ᠤᠨ | ᠬᠡᠮᠵᠢᠶ᠎ᠡ ᠶᠢᠨ ᠵᠦᠷᠢᠶ᠎ᠡ ᠶᠡᠭᠡ ᠪᠠᠶᠢᠳᠠᠭ ᠳᠤᠯᠠ ᠡᠯ᠎ᠡ ᠲᠦᠷᠦᠯ ᠤᠨ ᠳᠠᠷᠢᠮᠠᠯ ᠤᠨ ᠵᠦᠢᠯᠡᠰ᠂ ᠤᠨᠴᠤᠭᠠᠢᠢᠯᠠᠨ | ᠰᠢᠬᠢᠷ ᠤᠨ ᠠᠭᠤᠯᠤᠭᠳᠠᠴᠠ ᠪᠠᠷ ᠦᠨᠳᠤᠷ ᠭᠤᠸ᠎ᠠ ᠵᠢᠮᠢᠰ ᠤᠨ ᠲᠦᠷᠦᠯ ᠢ ᠳᠠᠷᠢᠬᠤ ᠳᠤ ᠬᠠᠮᠤᠭ ᠳᠤᠬᠢᠷᠠᠮᠵᠢᠳᠡᠢ | ᠪᠠᠶᠢᠳᠠᠭ᠃ | ᠡᠶᠢᠮᠤ ᠶᠢᠨ ᠳᠤᠯᠠᠳᠠ᠂ ᠴᠠᠬᠠᠷ ᠤᠨ ᠬᠦᠳᠡᠭᠡ ᠶᠢᠨ ᠨᠡᠷᠡᠳᠤ ᠳᠠᠸᠡᠷ ᠪᠤᠯᠬᠤ ︽ᠳᠡᠭᠷᠢ︾ ᠳᠡᠮᠳᠡᠭᠳᠤ ᠳᠠᠷᠪᠤᠰ ᠨᠢ | ᠤᠰᠤᠷᠬᠠᠭ ᠪᠦᠬᠡᠳ ᠠᠮᠳᠠᠳᠡᠢ᠂ ᠴᠠᠩᠭᠠᠭ᠎ᠠ ᠶᠢ ᠳᠠᠷᠤᠵᠤ ᠬᠠᠯᠠᠭᠤ ᠶᠢ ᠪᠠᠭᠤᠷᠠᠭᠤᠯᠬᠤ ᠨᠤᠭᠤᠭᠠᠨ ᠦᠡᠭᠬᠡᠳᠤ | ᠪᠤᠬᠢᠷᠳᠤᠯ ᠦᠬᠡᠢ ᠢᠳᠡᠬᠡᠨ ᠪᠤᠯᠵᠤ᠂ 15% ᠶᠢᠨ ᠰᠢᠬᠢᠷ ᠤᠨ ᠬᠡᠮᠵᠢᠶᠡᠨ ᠤ ᠠᠭᠤᠯᠤᠭᠳᠠᠴᠠ ᠪᠠᠷ ᠢᠶᠠᠨ ᠬᠤᠯᠠ | ᠦᠢᠷ᠎ᠠ ᠳᠠᠭᠠᠨ ᠠᠯᠳᠠᠷᠰᠢᠵᠤ᠂ ᠪᠡᠬᠡᠵᠢᠩ᠂ ᠲᠢᠶᠠᠨᠵᠢᠨ᠂ ᠰᠢ ᠠᠨ᠂ ᠰᠧᠴᠤᠸᠠᠨ ᠵᠡᠷᠭᠡ ᠮᠤᠵᠢ ᠬᠤᠳᠠ ᠳᠤ | ᠪᠤᠷᠤᠯᠠᠭᠤᠯᠤᠭᠳᠠᠨ ᠪᠠᠶᠢᠭᠰᠠᠠ ᠪᠡ ᠬᠠᠮᠤᠭ ᠦᠨᠳᠤᠷ ᠲᠡᠭᠡᠨ ᠮᠤ᠋ ᠪᠦᠷᠢ ᠶᠢᠨ 6000 ᠺᠢᠯᠦᠭᠷᠠᠮ ᠤᠨ ᠦᠨᠳᠤᠷ | ᠤᠨᠠᠯᠳᠠ ᠲᠠᠢ ᠪᠠᠶᠢᠵᠤ᠂ ᠳᠤᠬᠠᠢ ᠶᠢᠨ ᠦᠶ᠎ᠡ ᠶᠢᠨ ᠪᠦᠬᠦ ᠰᠤᠮᠤᠨ ᠤ ᠳᠠᠷᠪᠤᠰ ᠤᠨ ᠪᠤᠷᠤᠯᠠᠭᠤᠯᠭ᠎ᠠ ᠶᠢᠨ ᠤᠷᠤᠯᠭ᠎ᠠ | 400 ᠲᠦᠮᠡᠨ ᠲᠦᠬᠦᠷᠢᠭ ᠲᠤ ᠬᠦᠷᠴᠤ ᠪᠠᠶᠢᠵᠡᠢ᠃ |