ᠬᠤᠩᠭᠤᠷᠠᠦ᠋ᠯᠦᠩ ᠰᠤᠮᠤ ︵ᠪᠠᠶᠠᠨᠬᠤᠩᠭᠤᠷ ᠰᠤᠮᠤ︶
ᠨᠡᠶᠢᠲᠡᠯᠡᠭᠰᠡᠨ ᠴᠠᠭ᠄
2019/12/13
ᠬᠤᠩᠭᠤᠷᠠᠦ᠋ᠯᠦᠩ ᠰᠤᠮᠤᠨ ᠤ ᠪᠠᠶᠢᠷᠢᠰᠢᠯ ᠨᠢ ᠠᠯᠠᠱᠠ ᠵᠡᠬᠦᠨ ᠬᠤᠰᠢᠭᠤᠨ ᠤ ᠬᠤᠶᠢᠳᠤ ᠭᠡᠰᠡᠭ ᠲᠤ ᠪᠠᠶᠢᠭᠰᠠᠨ ᠪᠦᠭᠡᠳ ᠳᠤᠬᠠᠢ ᠶᠢᠨ ᠦᠶ᠎ᠡ ᠳᠤ ᠵᠡᠬᠦᠨ ᠳᠠᠯ᠎ᠠ ᠪᠠᠷ ᠢᠶᠠᠨ ᠤᠯᠠᠨᠪᠤᠯᠠᠭ ᠪᠠᠯᠭᠠᠰᠤᠨ ᠳᠤ ᠳᠤᠯᠵᠤ᠂ ᠡᠮᠦᠨ᠎ᠡ ᠳᠠᠯ᠎ᠠ  ᠪᠠᠷ ᠢᠶᠠᠨ ᠬᠠᠨ ᠠᠭᠤᠯᠠ ᠰᠤᠮᠤ ᠲᠠᠢ ᠵᠠᠯᠭᠠᠯᠳᠤᠨ᠂ ᠪᠠᠷᠠᠭᠤᠨ ᠳᠡᠯ᠎ᠡ ᠪᠠᠷ ᠢᠶᠠᠨ ᠪᠠᠶᠠᠨᠨᠢᠷᠤᠭᠤᠨ ᠰᠤᠮᠤ ᠲᠠᠢ ᠬᠦᠷᠰᠢᠯᠡᠵᠤ᠂ ᠬᠤᠶᠢᠳᠤ ᠳᠠᠯ᠎ᠠ ᠪᠠᠷ ᠢᠶᠠᠨ ᠢᠡᠭᠬᠡᠨ ᠰᠤᠮᠤ᠂ ᠳᠦᠬᠦᠮ ᠰᠤᠮᠤ ᠲᠠᠢ ᠨᠠᠶᠢᠯᠡᠵᠤ᠂ ᠶᠡᠷᠦᠩᠬᠡᠢ ᠳᠡᠯᠡᠪᠡᠢ  ᠨᠢ 1860 ᠬᠠᠪᠳᠠᠭᠠᠢ ᠲᠦᠷᠪᠡᠯᠵᠢᠨ ᠺᠢᠯᠤᠮᠧᠲᠷ ᠬᠦᠷᠴᠤ ᠪᠠᠶᠢᠵᠡᠢ᠃ ᠭᠠᠵᠡᠷ ᠤᠨ ᠪᠠᠶᠢᠴᠠ ᠨᠢ ᠡᠮᠦᠨ᠎ᠡ ᠭᠡᠰᠡᠭ  ᠢᠶᠠᠷ ᠢᠶᠠᠨ ᠦᠨᠳᠤᠷ ᠰᠢᠭ ᠪᠠᠶᠢᠵᠤ᠂ ᠳᠤᠪᠤ ᠠᠳᠠᠷᠠᠭ᠎ᠠ ᠪᠤᠯᠤᠨ ᠡᠯᠡᠰᠤ ᠭᠤᠤᠯᠯᠠᠨ᠂ ᠬᠤᠶᠢᠳᠤ ᠭᠡᠰᠡᠭ ᠢᠶᠠᠷ ᠢᠶᠠᠨ ᠨᠠᠮᠬᠠᠨ ᠭᠤᠪᠢᠷᠬᠠᠭ ᠭᠠᠵᠡᠷ ᠪᠠᠶᠢᠵᠤ᠂ ᠳᠤᠮᠳᠠ ᠭᠡᠰᠡᠭ ᠲᠤᠨᠢ ᠵᠡᠬᠦᠨ ᠪᠠᠷᠠᠭᠤᠨᠰᠢ ᠴᠢᠭᠯᠡᠯ ᠪᠦᠬᠦᠢ 2 ᠺᠢᠯᠤᠮᠧᠲᠷ ᠦᠷᠭᠡᠨ᠂ 22.5 ᠺᠢᠯᠤᠮᠧᠲᠷ ᠤᠷᠳᠤ ᠬᠤᠵᠢᠷᠯᠢᠬ ᠭᠤᠤᠯ ᠭᠠᠵᠡᠷ — ᠬᠤᠩᠭᠤᠷᠠᠦ᠋ᠯᠦᠩ ᠤᠨ ᠭᠤᠤᠯ ᠪᠠᠶᠢᠳᠠᠭ ᠃ ᠭᠤᠤᠯ ᠳᠠᠭᠠᠤ ᠭᠠᠵᠡᠷ ᠲᠤᠨᠢ ᠬᠤᠩᠭᠤᠷᠵᠤᠯᠠ ᠪᠤᠯᠤᠨ ᠦᠯᠦᠩ ᠡᠪᠡᠰᠤ ᠤᠷᠭᠤᠴᠠ ᠰᠠᠶᠢᠳᠡᠢ ᠪᠤᠯᠬᠤᠷ ᠬᠤᠩᠭᠤᠷᠠᠦ᠋ᠯᠦᠩ ᠤᠨ ᠭᠤᠤᠯ ᠭᠡᠵᠤ ᠨᠡᠷᠡᠯᠡᠭᠰᠡᠨ ᠪᠦᠭᠡᠳ ᠡᠨᠡ ᠨᠢ ᠮᠦᠨᠴᠤ ᠰᠤᠮᠤᠨ ᠤ ᠨᠡᠷᠡᠶᠢᠳᠤᠯ ᠤᠨ ᠢᠷᠡᠯᠳᠡ ᠪᠤᠯᠵᠡᠢ᠃ ᠬᠤᠩᠭᠤᠷᠠᠦ᠋ᠯᠦᠩ ᠬᠡᠬᠦ ᠨᠡᠷ᠎ᠡ ᠠᠯᠢ ᠡᠷᠳᠡ ᠮᠠᠠᠵᠤ ᠴᠢᠩ ᠤᠨ ᠡᠩᠬᠡ ᠠᠮᠤᠭᠤᠯᠠᠩ ᠤᠨ ᠬᠤᠷᠢᠨ ᠳᠠᠪᠤᠨ ᠤᠨ ︵1686 ᠤᠨ︶ ᠳᠤ᠂ ᠠᠯᠠᠱᠠ ᠠᠭᠤᠯᠡ ᠠᠴᠠ ᠪᠠᠷᠠᠭᠤᠨᠰᠢ ᠭᠠᠵᠡᠷ ᠢ ᠠᠯᠠᠱᠠ ᠬᠤᠱᠤᠳ ᠠᠶᠢᠮᠠᠭ ᠤᠨ ᠳᠦᠷᠦᠬᠦᠦ ᠬᠤᠷᠤᠯᠠᠢ ᠳᠤ ᠨᠤᠳᠤᠭ ᠪᠤᠯᠭᠠᠨ ᠱᠠᠩᠨᠠᠭᠰᠡᠨ ᠵᠠᠷᠯᠢᠭ ᠤᠨ ᠪᠢᠴᠢᠭ ᠲᠤ ᠳᠠᠷᠤᠢ ᠪᠠᠶᠢᠭᠰᠠᠨ ᠠᠵᠢ᠃ ᠰᠠᠶᠢᠰᠢᠶᠠᠯᠳᠤ ᠢᠷᠦᠭᠡᠯᠳᠤ ᠶᠢᠨ ᠬᠤᠷᠢᠨ ᠤᠨ ︵1815 ᠤᠨ︶ ᠳᠤ ᠳᠤᠰ ᠭᠠᠵᠡᠷ ᠲᠤ ᠬᠤᠩᠭᠤᠷᠠᠦ᠋ᠯᠦᠩ ᠤᠨ ᠪᠠᠭ ᠢ ᠪᠠᠶᠢᠭᠤᠯᠤᠭᠰᠠᠨ ᠪᠠ 1958 ᠤᠨ ᠤ 3 ᠰᠠᠷ᠎ᠠ ᠳᠤ ᠪᠠᠭ ᠤᠨ ᠪᠠᠶᠢᠭᠤᠯᠤᠮᠵᠢ ᠶᠢ ᠬᠦᠴᠦᠨ ᠦᠬᠡᠢ ᠪᠤᠯᠭᠠᠵᠤ ᠰᠤᠮᠤ ᠪᠠᠶᠢᠭᠤᠯᠬᠤ ᠦᠶᠡᠰ ᠤᠤᠯ ᠤᠨ ᠳᠦᠬᠦᠮ ᠤᠨ ᠪᠠᠭ ᠲᠠᠢ ᠨᠡᠶᠢᠯᠡᠬᠦᠯᠦᠭᠡᠳ ᠪᠠᠶᠠᠨᠬᠤᠩᠭᠤᠷ ᠰᠤᠮᠤ ᠬᠡᠵᠤ ᠪᠠᠶᠢᠭᠤᠯᠵᠡᠢ ᠃ ᠮᠦᠨ ᠵᠢᠯ ᠤᠨ 9 ᠰᠠᠷ᠎ᠠ ᠳᠤ ᠰᠤᠮᠤ ᠬᠡᠬᠦ ᠨᠡᠷᠡᠶᠢᠳᠤᠯ ᠢ ᠬᠦᠡᠭᠱᠧ ᠪᠤᠯᠭᠠᠨ ᠦᠭᠡᠷᠡᠴᠢᠯᠡᠭᠰᠡᠨ ᠪᠦᠭᠡᠳ 1961 ᠤᠨ ᠤ 10 ᠰᠠᠷ᠎ᠠ ᠪᠤᠯᠬᠤ ᠳᠤ ᠤᠤᠯ ᠤᠨ ᠪᠠᠶᠠᠨᠬᠤᠩᠭᠤᠷ ᠬᠦᠡᠭᠱᠧ ᠶᠢᠨ ᠪᠠᠶᠢᠭᠤᠯᠤᠮᠵᠢ ᠶᠢ ᠬᠦᠴᠦᠨ ᠦᠬᠡᠢ ᠪᠤᠯᠭᠠᠵᠤ᠂ ᠬᠠᠷᠢᠶᠠᠨ ᠭᠠᠵᠡᠷ ᠢ ᠨᠢ ᠰᠢᠨ᠎ᠡ ᠪᠠᠷ ᠪᠠᠶᠢᠭᠤᠯᠤᠭᠰᠠᠨ ᠬᠤᠩᠭᠤᠷᠠᠦ᠋ᠯᠦᠩ ᠭᠦᠡᠭᠱᠧ ᠵᠢᠴᠢ ᠴᠡᠩᠭᠡᠯ ᠬᠦᠡᠭᠱᠧ ︵ᠬᠤᠵᠢᠮ ᠨᠢ ᠬᠠᠨ ᠠᠭᠤᠯᠠ ᠬᠦᠡᠭᠱᠧ ᠭᠡᠵᠤ ᠦᠬᠡᠷᠡᠴᠢᠯᠡᠵᠡᠢ︶᠂ ᠲᠦᠬᠦᠮ ᠬᠦᠡᠭᠱᠧ᠂ ᠢᠡᠭᠬᠡᠨ ᠬᠦᠡᠭᠱᠧ ᠬᠡᠬᠦ ᠲᠦᠷᠪᠡᠨ ᠬᠦᠡᠭᠱᠧ ᠳᠤ ᠬᠤᠪᠢᠶᠠᠷᠢᠯᠠᠨ ᠤᠷᠤᠭᠤᠯᠵᠤ᠂ ᠬᠤᠩᠭᠤᠷᠠᠦ᠋ᠯᠦᠩ ᠬᠦᠡᠭᠱᠧ ᠶᠢᠨ ᠵᠠᠰᠠᠭ ᠤᠨ ᠤᠷᠳᠤᠨ ᠨᠢ ᠠᠳᠠᠷᠠᠭᠠᠨ ᠪᠡᠯ ᠬᠡᠬᠦ ᠭᠠᠵᠡᠷ ᠰᠠᠭᠤᠷᠢᠰᠢᠵᠤ ᠪᠠᠶᠢᠵᠡᠢ᠃ 1983 ᠤᠨ ᠤ 11 ᠰᠠᠷ᠎ᠠ ᠳᠤ ᠬᠦᠡᠭᠱᠧ ᠬᠡᠬᠦ ᠨᠡᠷᠡᠶᠢᠳᠤᠯ ᠢ ᠳᠠᠬᠢᠨ ᠰᠤᠮᠤ ᠬᠡᠵᠤ ᠰᠡᠷᠬᠦᠭᠡᠭᠰᠡᠨ ᠪᠠᠶᠢᠨ᠎ᠠ᠃ ᠳᠤᠬᠠᠢ ᠶᠢᠨ ᠦᠶ᠎ᠡ ᠳᠤ ᠪᠠᠶᠠᠨᠬᠤᠩᠭᠤᠷ ᠭᠠᠴᠠᠭ᠎ᠠ᠂ ᠡᠷᠢᠶᠡᠨ ᠳᠤᠯᠤᠭᠠᠢ ᠭᠠᠴᠠᠭ᠎ᠠ᠂ ᠳᠡᠷᠡᠳᠤ ᠭᠠᠴᠠᠭ᠎ᠠ ᠬᠡᠬᠦ ᠭᠤᠷᠪᠠᠨ ᠭᠠᠴᠠᠭ᠎ᠠ ᠲᠠᠢ ᠪᠠᠶᠢᠵᠡᠢ᠃ 2001 ᠤᠨ ᠤ 5 ᠰᠠᠷ᠎ᠠ ᠳᠤ᠂ ᠤᠤᠯ ᠤᠨ ᠬᠠᠨ ᠠᠭᠤᠯᠠ ᠰᠤᠮᠤ ᠪᠤᠯᠤᠨ ᠬᠤᠩᠭᠤᠷᠠᠦ᠋ᠯᠦᠩ ᠰᠤᠮᠤ ᠶᠢ ᠨᠡᠶᠢᠯᠡᠬᠦᠯᠦᠭᠡᠳ ᠰᠢᠨ᠎ᠡ ᠪᠠᠷ ᠪᠠᠶᠠᠨᠬᠤᠩᠭᠤᠷ ᠰᠤᠮᠤ ᠶᠢ ᠪᠠᠶᠢᠭᠤᠯᠵᠤ᠂ ᠰᠤᠮᠤᠨ ᠤ ᠵᠠᠰᠠᠭ ᠤᠨ ᠤᠷᠳᠤᠨ ᠢ ᠤᠯᠠᠭᠠᠨ ᠬᠤᠰᠢᠭᠤ ᠳᠤ ᠰᠢᠯᠵᠢᠬᠦᠯᠦᠭᠰᠡᠨ ᠪᠡ 2006 ᠤᠨ ᠤ 6 ᠰᠠᠷ᠎ᠠ ᠳᠤ᠂ ᠳᠠᠬᠢᠨ ᠪᠠᠶᠠᠨᠬᠤᠩᠭᠤᠷ ᠰᠤᠮᠤᠨ ᠤ ᠪᠠᠶᠢᠭᠤᠯᠤᠮᠵᠢ ᠶᠢ ᠬᠠᠰᠤᠵᠤ᠂ ᠵᠢᠷᠡᠳᠡᠢ ᠪᠠᠯᠭᠠᠰᠤᠨ ᠳᠤ ᠴᠤᠮᠬᠠᠳᠬᠠᠨ ᠨᠡᠶᠢᠯᠡᠬᠦᠯᠦᠭᠡᠳ ᠤᠳᠤ ᠶᠢᠨ ᠪᠠᠶᠢᠳᠠᠯ ᠳᠤ ᠲᠦᠯᠦᠪᠰᠢᠷᠡᠭᠰᠡᠨ ᠪᠠᠶᠢᠨ᠎ᠠ᠃ ᠬᠤᠩᠭᠤᠷᠠᠦ᠋ᠯᠦᠩ ᠰᠤᠮᠤ ᠨᠢ ᠮᠠᠯ ᠠᠵᠤ ᠠᠬᠤᠢ ᠢᠶᠠᠷ ᠭᠤᠤᠯᠯᠠᠵᠤ ᠪᠠᠶᠢᠭᠰᠠᠨ ᠪᠦᠭᠡᠳ ᠠᠯᠠᠱᠠ ᠵᠡᠬᠦᠨ ᠬᠤᠰᠢᠭᠤᠨ ᠤ ᠴᠠᠭᠠᠨ ᠨᠤᠤᠯᠤᠷᠳᠤ ᠢᠮᠠᠭᠠᠨ ᠤ ᠭᠤᠤᠯ ᠭᠠᠷᠤᠯᠳᠠ ᠶᠢᠨ ᠤᠷᠤᠨ ᠪᠤᠯᠵᠤ᠂ 1999 ᠤᠨ ᠳᠤ ᠴᠠᠭᠠᠨ ᠨᠤᠤᠯᠤᠷᠳᠤ ᠢᠮᠠᠭᠠᠨ ᠤ ᠳᠤᠭ᠎ᠠ ᠨᠢ 48421 ᠳᠤᠯᠤᠭᠠᠢ ᠳᠤ ᠬᠦᠷᠦᠭᠡᠳ ᠪᠦᠬᠦ ᠬᠤᠰᠢᠭᠤᠨ ᠳᠠᠭᠠᠨ ᠤᠷᠦ᠋ᠢᠯᠠᠵᠤ ᠪᠠᠶᠢᠵᠡᠢ᠃ ︽ᠬᠤᠩᠭᠤᠷᠠᠦ᠋ᠯᠦᠩ︾ ᠳᠡᠮᠳᠡᠭᠳᠤ ᠨᠤᠤᠯᠤᠷ ᠤᠨ ᠴᠠᠭᠠᠨ ᠢᠮᠠᠭ᠎ᠠ ᠨᠢ ᠪᠡᠶ᠎ᠡ ᠪᠢᠯᠳᠡᠷ ᠢᠶᠠᠷ ᠶᠡᠭᠡ᠂ ᠨᠤᠤᠯᠤᠷ ᠤᠨ ᠦᠡᠭᠬᠡ ᠨᠢ ᠴᠠᠭᠠᠨ᠂ ᠰᠢᠷᠬᠢᠭ ᠨᠢ ᠨᠠᠷᠢᠨ᠂ ᠤᠨᠠᠯᠳᠠ ᠨᠢ ᠦᠨᠳᠦᠷ ᠢᠶᠠᠷ ᠢᠶᠠᠨ ᠳᠤᠳᠤᠭᠠᠳᠤ ᠭᠠᠳᠠᠭᠠᠳᠤ ᠳᠤ ᠠᠯᠳᠠᠷᠰᠢᠵᠤ᠂ 1999 ᠤᠨ ᠤ ᠮᠠᠯᠴᠢᠳ ᠤᠨ ᠳᠡᠭᠰᠢᠳᠭᠡᠭᠰᠡᠨ ᠴᠡᠪᠡᠷ ᠤᠷᠤᠯᠭ᠎ᠠ ᠨᠢ 3224 ᠲᠦᠬᠦᠷᠢᠭ ᠲᠤ ᠬᠦᠷᠴᠤ᠂ ᠪᠦᠬᠦ ᠬᠤᠰᠢᠭᠤᠨ ᠤ ᠡᠯ᠎ᠡ ᠰᠤᠮᠤ ᠪᠠᠯᠭᠠᠰᠤᠨ ᠳᠠᠭᠠᠨ ᠳᠡᠳ᠋ᠯᠡᠵᠤ ᠪᠠᠶᠢᠵᠡᠢ᠃ ᠰᠤᠮᠤᠨ ᠤ ᠬᠢᠵᠠᠭᠠᠷ ᠲᠤ ᠪᠠᠰᠠ ᠵᠡᠰ᠂ ᠳᠡᠮᠦᠷ ᠵᠡᠷᠬᠡ ᠠᠭᠤᠷᠬᠠᠢ ᠶᠢᠨ ᠴᠢᠭ ᠤᠯᠠᠨ ᠪᠠᠶᠢᠵᠤ᠂ ᠰᠢᠷ᠎ᠠ ᠰᠢᠪᠡᠭᠡ ᠶᠢᠨ ᠳᠡᠮᠦᠷ ᠤᠨ ᠠᠭᠤᠷᠬᠠᠢ ᠨᠢ ᠨᠡᠯᠢᠶᠠᠳ ᠶᠡᠭᠡ ᠳᠡᠭᠡᠨ ᠤᠷᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号