| ᠮᠦᠷᠡᠨᠭᠤᠤᠯ ᠰᠤᠮᠤ ᠨᠢ ᠠᠯᠠᠱᠠ ᠵᠡᠬᠦᠨ ᠬᠤᠰᠢᠭᠤᠨ ᠤ ᠵᠡᠬᠦᠨ ᠬᠤᠶᠢᠳᠤ ᠪᠡᠶ᠎ᠡ ᠳᠤ ᠪᠠᠶᠢᠷᠢᠰᠢᠵᠤ᠂ ᠵᠡᠬᠦᠨ ᠳᠠᠯ᠎ᠠ | ᠪᠠᠷ ᠢᠶᠠᠨ ᠠᠯᠠᠱᠠ ᠠᠭᠤᠯᠠ ᠠᠯᠤᠰᠯᠠᠨ ᠨᠢᠩᠰᠢᠶᠠ ᠶᠢᠨ ᠬᠤᠳᠤᠩ ᠦᠨᠳᠤᠰᠤᠳᠡᠨ ᠤ ᠦᠪᠡᠷᠳᠡᠬᠡᠨ ᠵᠠᠰᠠᠬᠤ ᠤᠷᠤᠨ | ᠲᠠᠢ ᠵᠠᠭᠠᠭᠯᠠᠨ᠂ ᠡᠮᠦᠨ᠎ᠡ ᠳᠠᠯ᠎ᠠ ᠪᠠᠷ ᠢᠶᠠᠨ ᠪᠤᠭᠤᠳᠤ ᠰᠤᠮᠤ ᠲᠠᠢ ᠨᠠᠶᠢᠯᠠᠵᠤ᠂ ᠪᠠᠷᠠᠭᠤᠨ ᠳᠠᠯ᠎ᠠ ᠪᠠᠷ ᠢᠶᠠᠨ | ᠰᠢᠯᠢᠭᠤᠤᠯ ᠰᠤᠮᠤ ᠲᠠᠢ ᠵᠠᠯᠭᠠᠯᠳᠤᠨ᠂ ᠬᠤᠶᠢᠳᠤ ᠳᠠᠯ᠎ᠠ ᠪᠠᠷ ᠢᠶᠠᠨ ᠴᠠᠬᠠᠷ ᠰᠤᠮᠤ᠂ ᠵᠡᠬᠦᠨ ᠪᠡᠯ ᠰᠤᠮᠤᠨ ᠳᠤ | ᠳᠤᠯᠵᠤ ᠪᠠᠶᠢᠭᠰᠠᠨ ᠶᠤᠮ᠃ ᠳᠤᠬᠠᠢ ᠶᠢᠨ ᠦᠶ᠎ᠡ ᠳᠡᠭᠡᠨ ᠶᠡᠷᠦᠩᠬᠡᠢ ᠳᠠᠯᠠᠪᠡᠢ ᠨᠢ 1265 ᠬᠠᠪᠳᠠᠭᠠᠢ ᠲᠦᠷᠪᠡᠯᠵᠢᠨ | ᠺᠢᠯᠤᠮᠧᠲᠷ ᠪᠠᠶᠢᠵᠤ᠂ ᠠᠰᠢᠭᠯᠠᠵᠤ ᠪᠤᠯᠬᠤᠢᠢᠴᠡ ᠪᠠᠶᠢᠷᠢ ᠪᠠᠯᠴᠢᠬᠡᠷ ᠨᠢ 1082 ᠬᠠᠪᠳᠠᠭᠠᠢ ᠲᠦᠷᠪᠡᠯᠵᠢᠨ | ᠺᠢᠯᠤᠮᠧᠲᠷ ᠲᠤ ᠬᠦᠷᠴᠤ ᠪᠠᠶᠢᠵᠡᠢ᠃ | ᠮᠦᠷᠡᠨᠭᠤᠤᠯ ᠰᠤᠮᠤᠨ ᠤ ᠬᠠᠷᠢᠶᠠᠨ ᠭᠠᠵᠡᠷ ᠨᠢ ᠦᠡᠭᠬᠡᠷᠡᠭᠰᠡᠨ ᠳᠤ ᠤᠤᠯ ᠤᠨ ᠤᠳᠤ ︵ᠤᠷᠳᠤ︶ ᠶᠢᠨ ᠪᠠᠭ | ᠪᠤᠯᠤᠨ ᠪᠤᠭᠤᠳᠤ ᠶᠢᠨ ᠪᠠᠭ ᠤᠨ ᠬᠠᠷᠢᠶᠠᠳᠤ ᠭᠠᠵᠠᠷ ᠶᠤᠮ᠃ 1958 ᠤᠨ ᠤ 3 ᠰᠠᠷ᠎ᠡ ᠳᠤ᠂ ᠤᠤᠯ ᠤᠨ ᠤᠳᠤ ︵ | ᠤᠷᠳᠤ︶ ᠶᠢᠨ ᠪᠠᠭ᠂ ᠪᠤᠭᠤᠳᠤ ᠶᠢᠨ ᠪᠠᠭ᠂ ᠪᠠᠷᠠᠭᠤᠨ ᠪᠡᠯ ᠤᠨ ᠪᠠᠭ ᠢ ᠨᠠᠶᠢᠯᠡᠬᠦᠯᠵᠤ᠂ ᠪᠠᠶᠠᠨᠰᠢᠭᠤᠢ ᠰᠤᠮᠤ ︵ | ᠰᠡᠬᠦᠯᠡᠷ ᠨᠢ ᠪᠠᠶᠠᠨᠬᠤᠳᠠ — ᠤᠯᠠᠭᠠᠨ ᠪᠠᠶᠠᠨ ᠬᠦᠡᠭᠱᠧ ᠪᠤᠯᠵᠡᠢ︶ ᠶᠢ ᠪᠠᠶᠢᠭᠤᠯᠤᠭᠰᠠᠨ ᠪᠡ 1961 ᠤᠨ ᠤ | 10 ᠰᠠᠷ᠎ᠠ ᠳᠤ ᠳᠤᠰᠠᠭᠠᠷ ᠢᠶᠠᠷ ᠨᠢ ᠮᠦᠷᠡᠨᠭᠤᠤᠯ ᠭᠦᠡᠭᠱᠧ ᠶᠢ ᠬᠤᠪᠢᠶᠠᠷᠢᠯᠠᠨ ᠭᠠᠷᠭᠠᠵᠤ ᠪᠠᠶᠢᠭᠤᠯᠤᠭᠠᠳ᠂ | 1983 ᠤᠨ ᠤ 11 ᠰᠠᠷ᠎ᠡ ᠪᠤᠯᠬᠤ ᠳᠤ ᠬᠦᠡᠭᠱᠧ ᠬᠡᠬᠦ ᠨᠡᠷᠡᠶᠢᠳᠤᠯ ᠢ ᠰᠤᠮᠤ ᠬᠡᠵᠤ ᠰᠡᠷᠬᠦᠭᠡᠭᠰᠡᠨ ᠪᠠᠶᠢᠨ᠎ᠠ᠃ | 2006 ᠤᠨ ᠤ 6 ᠰᠠᠷ᠎ᠠ ᠳᠤ᠂ ᠤᠤᠯ ᠤᠨ ᠮᠦᠷᠡᠨᠭᠤᠤᠯ ᠰᠤᠮᠤᠨ ᠤ ᠪᠠᠶᠢᠭᠤᠯᠦᠮᠵᠢ ᠶᠢ ᠬᠠᠰᠤᠨ ᠴᠤᠮᠬᠠᠳᠬᠠᠵᠤ᠂ | ᠪᠠᠶᠠᠨᠬᠤᠳᠠ ᠪᠠᠯᠭᠠᠰᠤᠨ ᠳᠤ ᠨᠡᠶᠢᠯᠡᠬᠦᠯᠦᠭᠰᠡᠨ ᠠᠴᠠ ᠤᠳᠤ ᠶᠢᠨ ᠪᠠᠶᠢᠳᠠᠯ ᠳᠤ ᠲᠦᠯᠦᠪᠰᠢᠷᠡᠵᠡᠢ᠃ ᠳᠤᠬᠠᠢ ᠶᠢᠨ | ᠦᠶ᠎ᠡ ᠳᠤ ᠰᠤᠮᠤᠨ ᠤ ᠵᠠᠰᠠᠭ ᠤᠨ ᠤᠷᠳᠤᠨ ᠨᠢ ᠱᠦᠢ ᠮᠦᠸᠧ ᠭᠸᠤ ︵ᠮᠦᠷᠡᠨ ᠠᠮᠠ︶ ᠳᠤ ᠰᠠᠭᠤᠷᠢᠰᠢᠵᠤ᠂ 9 | ᠭᠠᠴᠠᠭ᠎ᠠ ᠲᠠᠢ ᠪᠠᠢᠵᠡᠢ᠃ ᠳᠤᠬᠠᠢᠢᠯᠠᠪᠡᠯ᠂ ᠱᠦᠢ ᠮᠦᠸᠧ ᠭᠸᠤ ᠭᠠᠴᠠᠭ᠎ᠠ᠂ ᠰᠦᠮᠡᠳᠤ ᠭᠠᠴᠠᠭ᠎ᠠ᠂ ᠢᠬᠡᠷ᠎ᠡ | ᠭᠠᠴᠠᠭ᠎ᠠ᠂ ᠪᠠᠶᠠᠨᠳᠠᠯ᠎ᠠ ᠭᠠᠴᠠᠭ᠎ᠠ᠂ ᠲᠠᠷᠢᠶᠠᠯᠠᠩ ᠭᠠᠴᠠᠭ᠎ᠠ᠂ ᠶᠡᠬᠡᠬᠤᠳᠳᠤᠭ ᠭᠠᠴᠠᠭ᠎ᠠ᠂ ᠤᠯᠠᠭᠠᠬᠤᠳᠤ ︵ᠬᠤᠩ | ᠰᠢᠩ︶ ᠭᠠᠴᠠᠭ᠎ᠠ᠂ ᠳᠠᠪᠰᠢᠩᠭᠤᠢ ︵ᠴᠢᠶᠠᠨ ᠶᠢᠨ︶ ᠭᠠᠴᠠᠭ᠎ᠠ᠂ ᠦᠰᠦᠷᠦᠩᠬᠦᠢ ︵ᠶᠦᠸᠧ ᠶᠢᠨ︶ ᠭᠠᠴᠠᠭ᠎ᠠ | ᠵᠡᠷᠬᠡ ᠪᠤᠯᠤᠨ᠎ᠠ᠃ | ᠮᠠᠯ ᠠᠵᠤ ᠠᠬᠤᠢ ᠪᠤᠯ ᠤᠤᠯ ᠤᠨ ᠮᠦᠷᠡᠨᠭᠤᠤᠯ ᠰᠤᠮᠤᠨ ᠤ ᠳᠤᠯᠭᠠᠭᠤᠷᠢ ᠠᠵᠤ ᠠᠬᠤᠢ ᠪᠠᠶᠢᠵᠤ᠂ ᠮᠠᠯ ᠤᠨ | ᠳᠤᠭ᠎ᠠ ᠨᠢ 112723 ᠳᠤᠯᠤᠭᠠᠢ ᠳᠤ ᠬᠦᠷᠴᠤ᠂ ᠪᠦᠬᠦ ᠬᠤᠰᠢᠭᠤᠨ ᠤ ᠮᠠᠯ ᠤᠨ ᠳᠤᠭ᠎ᠠ ᠳᠤᠯᠤᠭᠠᠢ ᠨᠢ 10 | ᠲᠦᠮᠡ ᠶᠢᠨ ᠳᠠᠪᠠᠭᠰᠠᠨ 4 ᠰᠤᠮᠤᠨ ᠤ ᠨᠢᠬᠡ ᠨᠢ ᠪᠤᠯᠵᠤ ᠪᠠᠶᠢᠵᠡᠢ᠃ ᠰᠤᠮᠤᠨ ᠤ ᠬᠢᠵᠠᠭᠠᠷ ᠲᠠᠬᠢ ᠭᠠᠵᠡᠷ | ᠳᠤᠤᠷᠡᠬᠢ ᠤᠰᠤᠨ ᠤ ᠡᠬᠢ ᠰᠤᠷᠪᠤᠯᠵᠢ ᠪᠠᠶᠠᠯᠢᠭ᠂ ᠤᠰᠤᠨ ᠤᠨ ᠴᠢᠨᠡᠷ ᠰᠠᠶᠢᠨ᠂ ᠬᠦᠮᠦᠨ ᠤ ᠪᠡᠶ᠎ᠡ ᠳᠤ ᠠᠰᠢᠬᠳᠡᠢ | ᠮᠧᠨᠧᠷᠧᠯ ᠪᠤᠳᠡᠰ ᠡᠯᠪᠡᠭ ᠠᠭᠤᠯᠤᠭᠳᠠᠵᠤ ᠪᠠᠶᠢᠭ᠎ᠠ ᠪᠤᠯᠬᠤᠷ 1999 ᠤᠨ ᠳᠤ ᠰᠤᠮᠤᠨ ᠠᠴᠠ 55 ᠲᠦᠮᠡᠨ | ᠲᠦᠬᠦᠷᠢᠭ ᠤᠨ ᠪᠠᠯᠠ ᠤᠷᠤᠭᠤᠯᠵᠤ ᠵᠢᠯ ᠤᠨ 1000 ᠲᠤᠨ ᠤ ᠴᠢᠨᠡᠷ ᠰᠠᠶᠢᠳᠡᠢ ᠷᠠᠰᠢᠶᠠᠨ ᠤᠰᠤᠨ ᠤ | ᠦᠢᠯᠡᠳᠪᠦᠷᠢᠯᠡᠯ ᠤᠨ ᠱᠤᠭᠤᠮ ᠢ ᠪᠠᠶᠢᠭᠤᠯᠤᠭᠰᠠᠨ ᠪᠠᠶᠢᠨ᠎ᠠ᠃ ᠠᠯᠠᠱᠠ ᠠᠭᠤᠯᠠ ᠳᠠᠭᠠᠤ ᠤᠷᠤᠨ ᠢᠶᠠᠷ ᠨᠢ | ᠠᠭᠤᠷᠬᠠᠢ᠂ ᠤᠢ ᠰᠢᠭᠤᠢ ᠶᠢᠨ ᠡᠬᠢ ᠪᠠᠶᠠᠯᠢᠭ ᠲᠠᠢ᠂ ᠨᠡᠬᠦᠷᠡᠰᠤ᠂ ᠴᠤᠬᠤᠢ ᠶᠢᠨ ᠴᠢᠯᠠᠭᠤ᠂ ᠬᠤᠰᠠ ᠴᠢᠯᠠᠭᠤᠨ | ᠨᠤᠨᠳᠠᠭ ᠤᠨ ᠠᠭᠤᠷᠬᠠᠢ ᠡᠯᠪᠡᠭ ᠪᠠᠶᠢᠳᠠᠭ ᠪᠦᠭᠡᠳ ᠠᠯᠠᠱᠠ ᠠᠭᠤᠯᠠᠨ ᠳᠠᠬᠢ ᠮᠦᠬᠦ᠂ ᠬᠤᠨᠴᠢᠷ᠂ ᠰᠢᠷ᠎ᠠ ᠤᠷᠬᠤᠳᠡᠢ | ᠂ ᠭᠠᠵᠡᠷ ᠤᠨ ᠦᠰᠤ᠂ ᠬᠦᠳᠡᠷᠢ ᠶᠢᠨ ᠵᠠᠭᠠᠷ ᠵᠡᠷᠬᠡ ᠨᠤᠳᠤᠭ ᠤᠨ ᠭᠠᠷᠤᠯᠳᠠ᠂ ᠦᠨᠡᠳᠤ ᠡᠮ ᠤᠨ ᠮᠠᠲ᠋ᠧᠷᠢᠶᠠᠯ ᠨᠢ | ᠠᠯᠳᠠᠷᠳᠡᠢ ᠪᠠᠶᠢᠳᠠᠭ᠃ ᠳᠤᠰ ᠰᠤᠮᠤ ᠨᠢ ᠠᠯᠠᠱᠠ ᠵᠡᠬᠦᠨ ᠬᠤᠰᠢᠭᠤᠨ ᠤ ᠠᠭᠤᠯᠠ ᠳᠠᠭᠠᠤ ᠬᠢ ᠠᠵᠤ ᠠᠬᠤᠢ ᠶᠢᠨ | ᠪᠦᠰᠡ ᠶᠢᠨ ︽ᠤᠰᠤᠳᠤ᠂ ᠪᠠᠶᠠᠨᠬᠤᠳᠠ᠂ ᠵᠢᠷᠡᠳᠡᠢ︾ ᠶᠢᠨ ᠠᠭᠤᠯᠵᠡᠷ ᠭᠡᠰᠡᠭ ᠲᠤ ᠪᠠᠶᠢᠷᠢᠰᠢᠵᠤ ᠪᠠᠶᠢᠭ᠎ᠠ ᠪᠤᠯᠬᠤᠷ | ᠤᠯᠤᠰ ᠤᠨ ᠪᠤᠰᠤ ᠦᠮᠴᠢᠯᠡᠯᠳᠤ ᠠᠵᠤ ᠠᠬᠤᠢ ᠲᠦᠷᠬᠡᠨ ᠬᠦᠭᠵᠢᠵᠤ᠂ 1999 ᠤᠨ ᠤ ᠪᠦᠷᠢᠳᠬᠡᠯ ᠢ | ᠦᠨᠳᠤᠰᠤᠯᠡᠪᠡᠯ 120 ᠭᠠᠷᠤᠢ ᠤᠯᠤᠰ ᠤᠨ ᠪᠤᠰᠤ ᠦᠮᠵᠢᠯᠠᠯᠳᠤ ᠠᠵᠤ ᠠᠬᠤᠢ ᠲᠠᠢ᠂ 153 ᠠᠴᠢᠶ᠎ᠡ ᠳᠡᠭᠡᠭᠡᠪᠦᠷᠢ | ᠶᠢᠨ ᠮᠠᠰᠢᠨ ᠳᠡᠷᠭᠡ ᠲᠠᠢ ᠪᠠᠶᠢᠵᠤ᠂ ᠳᠤᠬᠠᠢ ᠶᠢᠨ ᠦᠶ᠎ᠡ ᠶᠢᠨ ᠪᠦᠬᠦ ᠬᠤᠰᠢᠭᠤᠨ ᠤ ᠡᠳ᠋ ᠤᠨ ᠵᠠᠰᠠᠭ ᠤᠨ ᠤᠷᠤᠯᠭ᠎ᠠ | ᠨᠢ 100 ᠲᠦᠮᠡᠨ ᠲᠦᠬᠦᠷᠢᠭ ᠢ ᠳᠠᠪᠠᠭᠰᠠᠨ ᠲᠦᠷᠪᠡᠨ ᠰᠤᠮᠤᠨ ᠤ ᠨᠢᠬᠡ ᠨᠢ ᠪᠠᠶᠢᠵᠡᠢ᠃ | ᠰᠤᠮᠤᠨ ᠤ ᠰᠠᠭᠤᠭ᠎ᠠ ᠭᠠᠵᠡᠷ ᠨᠢ ᠪᠠᠶᠠᠨᠬᠤᠳᠠ ᠠᠴᠠ 19 ᠺᠢᠯᠤᠮᠧᠲᠷ ᠯᠡ ᠵᠠᠶᠢᠳᠡᠢ ᠪᠠᠶᠢᠵᠤ᠂ ᠤᠳᠠ — | ᠪᠠᠶᠠᠨᠬᠤᠳᠠ᠂ ᠪᠠᠶᠠᠨᠬᠤᠳᠠ — ᠭᠤᠷᠪᠠᠭ᠋ᠤᠪᠤᠭᠠ᠂ ᠪᠠᠶᠠᠨᠬᠤᠳᠠ — ᠬᠤᠯᠤᠰᠤᠳᠡᠢ ᠶᠢᠨ ᠵᠠᠰᠠᠮᠠᠯ ᠵᠠᠮ ᠡᠬᠦᠪᠡᠷ | ᠦᠡᠭᠬᠡᠷᠡᠵᠤ ᠪᠠᠶᠢᠭ᠎ᠠ ᠪᠤᠯᠬᠤᠷ ᠵᠠᠮ ᠨᠡᠪᠳᠡᠷᠡᠬᠦᠯᠬᠡ ᠳᠦᠢᠯ ᠤᠨ ᠳᠦᠬᠦᠮ ᠳᠦᠳᠡ ᠪᠠᠶᠢᠵᠡᠢ᠃ ᠮᠠᠨᠵᠤ ᠴᠢᠩ | ᠤᠯᠤᠰ ᠤᠨ ᠰᠠᠶᠢᠰᠢᠶᠠᠯᠳᠤ ᠢᠷᠦᠬᠡᠯᠳᠤ ᠶᠢᠨ ᠦᠶ᠎ᠡ ᠳᠤ ᠪᠠᠶᠢᠭᠤᠯᠤᠭᠳᠠᠭᠰᠠᠨ ᠠᠯᠠᠱᠠ ᠶᠢᠨ ᠨᠠᠢᠮᠠᠨ ᠳᠤᠮᠤ ᠰᠦᠮ᠎ᠡ | ᠬᠡᠶᠢᠳ ᠤᠨ ᠨᠢᠬᠡ ᠪᠤᠯᠬᠤ ᠪᠤᠶᠠᠨ ᠤ ᠦᠨᠳᠤᠰᠦᠯᠡᠭᠴᠢ ᠰᠦᠮ᠎ᠡ ︵ᠵᠡᠬᠦᠨ ᠭᠡᠶᠢᠳ︶ ᠨᠢ ᠮᠦᠷᠡᠨᠭᠤᠤᠯ ᠰᠤᠮᠤᠨ ᠤ | ᠬᠢᠵᠠᠭᠠᠷ ᠲᠤ ᠪᠠᠶᠢᠬᠤ ᠪᠦᠬᠡᠳ ᠪᠦᠬᠦ ᠤᠯᠤᠰ ᠤᠨ ᠤᠯᠤᠰ ᠢᠶᠠᠨ ᠬᠠᠶᠢᠷᠠᠯᠠᠬᠤ ᠦᠵᠡᠯ ᠤᠨ ᠬᠦᠮᠦᠵᠢᠯ ᠤᠨ | ᠰᠠᠭᠤᠷᠢᠨ ᠭᠠᠵᠡᠷ — ᠨᠦᠭᠴᠢᠭᠰᠡᠨ ᠪᠠᠭᠠᠳᠤᠷᠴᠤᠳ ᠤᠨ ᠪᠤᠩᠬᠤᠨ ᠤ ᠬᠦᠷᠢᠶᠠᠯᠡᠭ ︵ᠼᠤᠤ ᠳ᠋ᠦᠩ ᡁᠢ ᠵᠡᠷᠭᠡ | ᠦᠷᠡᠭᠳᠡᠭᠰᠡᠨ ᠪᠠᠭᠠᠳᠤᠷᠴᠤᠳ ᠢ ᠤᠷᠤᠰᠢᠭᠤᠯᠤᠭᠰᠠᠨ ᠭᠠᠵᠡᠷ︶ ᠪᠡ ᠠᠯᠠᠱᠠ ᠵᠡᠬᠦᠨ ᠬᠤᠰᠢᠭᠤᠨ ᠤ ᠲᠦᠪ | ᠨᠠᠰᠤᠳᠠᠶᠢᠴᠤᠤᠯ ᠤᠨ ᠠᠰᠠᠷᠠᠮᠵᠢ ᠶᠢᠨ ᠬᠦᠷᠢᠶᠡᠯᠡᠩ ᠨᠢ ᠴᠤ ᠳᠤᠰ ᠰᠤᠮᠤᠨ ᠳᠤ ᠪᠠᠶᠢᠳᠠᠬ᠃ |