ᠱᠠᠩ ᠤᠨ ᠳᠠᠯᠠᠢ ᠰᠤᠮᠤ
ᠨᠡᠶᠢᠲᠡᠯᠡᠭᠰᠡᠨ ᠴᠠᠭ᠄
2019/12/13
ᠳᠤᠬᠠᠢ ᠶᠢᠨ ᠦᠶ᠎ᠠ ᠶᠢᠨ ᠱᠠᠩ ᠤᠨ ᠳᠠᠯᠠᠢ ᠰᠤᠮᠤ ᠨᠢ ᠠᠯᠠᠱᠠ ᠵᠡᠬᠦᠨ ᠬᠤᠰᠢᠭᠤᠨ ᠤ ᠡᠮᠦᠨ᠎ᠡ ᠭᠡᠰᠡᠭ ᠲᠤ ᠪᠠᠶᠢᠷᠢᠰᠢᠵᠤ᠂ ᠵᠡᠬᠦᠨ ᠳᠠᠯ᠎ᠡ ᠪᠠᠷ ᠢᠶᠠᠨ ᠨᠢᠩᠰᠢᠶᠠ ᠶᠢᠨ ᠬᠤᠳᠤᠩ ᠦᠨᠳᠤᠰᠤᠳᠡᠨ ᠤ ᠦᠪᠡᠷᠳᠡᠬᠡᠨ ᠵᠠᠰᠠᠬᠤ ᠤᠷᠤᠨ  ᠲᠠᠢ ᠵᠠᠭᠠᠭᠯᠠᠵᠤ᠂ ᠦᠷᠢᠳᠤᠭᠤᠷ ᠢᠶᠠᠨ ᠵᠢᠷᠭᠠᠯᠰᠠᠶᠢᠬᠠᠨ ᠪᠠᠯᠭᠠᠰᠤ ᠲᠠᠢ ᠨᠡᠶᠢᠯᠡᠨ᠂ ᠪᠠᠷᠠᠭᠤᠨ ᠳᠠᠯ᠎ᠠ ᠪᠠᠷ ᠢᠶᠠᠨ ᠴᠤᠭᠳᠤᠬᠦ᠋ᠷᠢᠶ᠎ᠡ ᠰᠤᠮᠤᠨ ᠳᠤ ᠳᠤᠯᠵᠤ᠂ ᠬᠤᠶᠢᠳᠤ ᠳᠠᠯ᠎ᠠ ᠪᠠᠷ ᠢᠶᠠᠨ ᠳᠤᠩᠭᠠᠯᠠᠭ ᠨᠠᠭᠤᠷ ᠰᠤᠮᠤ᠂ ᠪᠠᠷᠠᠭᠤᠨ ᠪᠡᠯ ᠪᠠᠯᠭᠠᠰᠤ ᠲᠠᠢ ᠵᠠᠯᠭᠠᠯᠳᠤᠵᠤ ᠪᠠᠶᠢᠵᠡᠢ᠃ ᠭᠠᠵᠡᠷ ᠤᠨ ᠪᠠᠶᠢᠴᠠ ᠨᠢ ᠵᠡᠬᠦᠨ ᠳᠠᠯ᠎ᠠ ᠪᠠᠷ ᠢᠶᠠᠨ ᠦᠨᠳᠤᠷ᠂ ᠪᠠᠷᠠᠭᠤᠨ ᠳᠠᠯ᠎ᠠ ᠪᠠᠷ ᠢᠶᠠᠨ ᠨᠠᠮᠬᠠᠨ ᠪᠠᠶᠢᠵᠤ᠂ ᠵᠡᠬᠦᠨ ᠪᠡᠶ᠎ᠡ ᠪᠠᠷ ᠢᠶᠠᠨ ᠪᠤᠭᠤᠨᠢ ᠠᠭᠤᠯᠠ ᠳᠤᠪᠤᠷᠴᠠᠭ ᠭᠤᠤᠯᠳᠠᠵᠤ᠂ ᠪᠠᠷᠠᠭᠤᠨ ᠭᠡᠰᠡᠭ ᠨᠢ ᠳᠡᠭᠷᠢ ᠡᠯᠡᠰᠤᠨ ᠤ ᠬᠦᠪᠡᠭᠡᠨ ᠳᠤ ᠳᠤᠯᠵᠤ᠂ ᠶᠡᠷᠦᠩᠬᠡᠢ ᠳᠠᠯᠠᠪᠡᠢ ᠨᠢ 1913 ᠺᠢᠯᠤᠮᠧᠲᠷ ᠬᠠᠪᠳᠠᠭᠠᠢ ᠳᠦᠷᠪᠡᠯᠵᠢᠨ ᠺᠢᠯᠤᠮᠧᠲᠷ ᠲᠤ ᠬᠦᠷᠴᠤ ᠪᠠᠶᠢᠭᠰᠠᠨ ᠪᠠᠶᠢᠨ᠎ᠠ᠃ ᠱᠠᠩ ᠤᠨ ᠳᠠᠯᠠᠢ ᠰᠤᠮᠤ ᠪᠤᠯ ᠤᠤᠯ ᠤᠨ ᠱᠠᠩ ᠤᠨ ᠳᠠᠯᠠᠢ ᠶᠢᠨ ᠪᠠᠭ ᠠᠴᠠ ᠡᠬᠦᠰᠦᠯᠳᠡᠢ ᠶᠤᠮ᠃ 1958 ᠤᠨ ᠤ 3 ᠰᠠᠷ᠎ᠠ ᠳᠤ᠂ ᠤᠤᠯ ᠤᠨ ᠱᠠᠩ ᠤᠨ ᠳᠠᠯᠠᠢ ᠶᠢᠨ ᠪᠠᠭ ᠪᠤᠯᠤᠨ ᠬᠤᠶᠠᠷᠬᠤᠳᠳᠤᠭ ᠤᠨ ᠪᠠᠭ ᠢ ᠨᠠᠶᠢᠯᠡᠬᠦᠯᠦᠭᠡᠳ ᠵᠢᠷᠭᠠᠯᠰᠠᠶᠢᠬᠠᠨ ᠰᠤᠮᠤ ᠬᠡᠵᠤ ᠪᠠᠶᠢᠭᠤᠯᠤᠭᠰᠠᠨ ᠢᠶᠠᠨ 1961 ᠤᠨ ᠤ 10 ᠰᠠᠷ᠎ᠡ ᠪᠤᠯᠬᠤ ᠳᠤ ᠭᠡᠰᠡᠭ ᠭᠠᠵᠡᠷ ᠢ ᠨᠢ ᠬᠤᠪᠢᠶᠠᠷᠢᠯᠠᠨ ᠭᠠᠷᠭᠠᠵᠤ ᠳᠤᠰ ᠲᠤᠨᠢ ᠨᠢᠬᠡ ᠬᠦᠡᠭᠱᠧ ᠪᠠᠶᠢᠭᠤᠯᠤᠭᠠᠳ ᠤᠤᠯ ᠤᠨ ᠪᠠᠭ ᠤᠨ ᠨᠡᠷᠡᠶᠢᠳᠤᠯ ᠢᠶᠠᠷ ᠨᠢ ᠱᠠᠩ ᠤᠨ ᠳᠠᠯᠠᠢ ᠬᠦᠡᠭᠱᠧ ᠬᠡᠮᠡᠨ ᠨᠡᠷᠡᠶᠢᠳᠴᠡᠢ᠃ 1983 ᠤᠨ ᠤ 11 ᠰᠠᠷ᠎ᠡ ᠳᠤ ᠬᠦᠡᠭᠱᠧ ᠬᠡᠬᠦ ᠨᠡᠷᠡᠶᠢᠳᠤᠯ ᠢ ᠰᠤᠮᠤ ᠬᠡᠵᠤ ᠰᠡᠷᠬᠦᠭᠡᠭᠰᠡᠨ ᠪᠦᠭᠡᠳ ᠳᠤᠬᠠᠢ ᠶᠢᠨ ᠦᠶ᠎ᠡ ᠶᠢᠨ ᠱᠠᠩ ᠤᠨ ᠳᠠᠯᠠᠢ ᠰᠤᠮᠤ ᠨᠢ ᠨᠡᠶᠢᠳᠡ ᠳᠦᠷᠪᠡᠨ ᠭᠠᠴᠠᠭ᠎ᠠ ᠲᠠᠢ ᠪᠠᠶᠢᠵᠤ᠂ ᠰᠤᠮᠤᠨ ᠤ ᠵᠠᠰᠠᠭ ᠤᠨ ᠤᠷᠳᠤᠨ ᠤ ᠰᠠᠭᠤᠭ᠎ᠠ ᠭᠠᠵᠡᠷ ᠢ ᠨᠢ ᠮᠤᠭᠠᠢᠢᠳᠤ ᠬᠤᠳᠳᠤᠭ ᠭᠡᠳᠡᠭ᠃ ᠳᠦᠷᠪᠡᠨ ᠭᠠᠴᠠᠭ᠎ᠠ ᠨᠢ ᠳᠤᠰᠪᠤᠷᠢ ᠪᠠᠶᠠᠨᠴᠤᠭᠳᠤ ᠭᠠᠴᠠᠭ᠎ᠠ᠂ ᠱᠠᠩᠬᠠᠢ ᠭᠠᠴᠠᠭ᠎ᠠ ᠂ ᠪᠠᠶ᠋ᠬᠠᠦ᠋ᠨᠳᠤᠷ ᠭᠠᠴᠠᠭ᠎ᠠ᠂ ᠬᠠᠭ ᠤᠨ ᠭᠤᠤᠯ ᠭᠠᠴᠠᠭ᠎ᠠ ᠵᠡᠷᠭᠡ ᠪᠤᠯᠤᠨ᠎ᠠ᠃ 2001 ᠤᠨ ᠤ 5 ᠰᠠᠷ᠎ᠠ ᠳᠤ᠂ ᠤᠤᠯ ᠤᠨ ᠱᠠᠩ ᠤᠨ ᠳᠠᠯᠠᠢ ᠰᠤᠮᠤᠨ ᠤ ᠪᠠᠶᠢᠭᠤᠯᠤᠮᠵᠢ ᠶᠢ ᠬᠠᠰᠤᠨ ᠴᠤᠮᠬᠠᠳᠬᠠᠵᠤ ᠪᠠᠷᠠᠭᠤᠨ ᠪᠡᠯ ᠪᠠᠯᠭᠠᠰᠤᠨ ᠳᠤ ᠨᠡᠶᠢᠯᠡᠬᠦᠯᠦᠭᠰᠡᠨ ᠠᠴᠠ ᠤᠳᠤ ᠶᠢᠨ ᠪᠠᠶᠢᠳᠠᠯ ᠳᠤ ᠲᠦᠯᠦᠪᠰᠢᠷᠡᠵᠡᠢ᠃ ᠴᠤᠯ ᠮᠠᠯᠵᠢᠬᠤ ᠪᠠᠶᠢᠭᠰᠠᠨ ᠱᠠᠩ ᠤᠨ ᠳᠠᠯᠠᠢ ᠰᠤᠮᠤ ᠨᠢ ᠬᠠᠮᠤᠭ ᠠᠷᠪᠢᠨ ᠳᠠᠭᠠᠨ ᠠᠷᠪᠠᠨ ᠲᠦᠮᠡ ᠰᠢᠬᠠᠭᠤ ᠮᠠᠯ  ᠲᠠᠢ ᠪᠠᠶᠢᠵᠤ᠂ ᠡᠬᠦᠨ ᠳᠤ 46.6% ᠨᠢ ᠢᠮᠠᠭ᠎ᠠ ᠪᠤᠯᠤᠨ᠎ᠠ᠃ ᠮᠠᠯᠵᠢᠯ ᠤᠨ ᠳᠠᠯ᠎ᠠ ᠳᠤ ᠤᠯᠠᠮᠵᠢᠯᠠᠯᠳᠤ ᠠᠷᠭ᠎ᠠ ᠬᠡᠯᠪᠡᠷᠢ ᠪᠠᠨ ᠬᠤᠪᠢᠷᠠᠭᠤᠯᠵᠤ ᠲᠦᠯ ᠮᠠᠯ ᠤᠨ ᠭᠠᠷᠭᠠᠯᠳᠠ ᠶᠢ ᠨᠡᠮᠡᠭᠳᠡᠬᠦᠯᠦᠭᠰᠡᠨ ᠠᠴᠠ ᠠᠵᠤ ᠠᠬᠤᠢ ᠶᠢᠨ ᠦᠷ᠎ᠠ ᠠᠰᠢᠭ ᠨᠢ ᠢᠯᠡᠳᠳᠡ ᠳᠡᠭᠡᠭᠰᠢᠯᠡᠵᠤ᠂ 1999 ᠤᠨ ᠤ ᠪᠦᠬᠦ ᠰᠤᠮᠤᠨ ᠤ ᠡᠳ᠋ ᠤᠨ ᠵᠠᠰᠠᠭ ᠤᠨ ᠤᠷᠤᠯᠭ᠎ᠠ ᠨᠢ 60.3 ᠲᠦᠮᠡᠨ ᠲᠦᠬᠦᠷᠢᠭ ᠲᠤ ᠬᠦᠷᠴᠤ᠂ ᠠᠯᠠᠱᠠ ᠵᠡᠬᠦᠨ ᠬᠤᠰᠢᠭᠤᠨ ᠤ ᠡᠮᠦᠨ᠎ᠡ ᠭᠡᠰᠡᠭ ᠤᠨ ᠰᠤᠮᠤ ᠪᠠᠯᠭᠠᠰᠤᠨ ᠤ ᠳᠤᠳᠤᠷᠡᠬᠢ ᠮᠠᠯ ᠠᠵᠤ ᠠᠬᠤᠢ ᠶᠢᠨ ᠭᠠᠶᠢᠯᠢ ᠶᠢᠨ ᠬᠤᠷᠢᠶᠠᠯᠳᠠ ᠬᠠᠮᠤᠭ ᠦᠨᠳᠤᠷ ᠰᠤᠮᠤ ᠪᠤᠯᠵᠤ ᠪᠠᠶᠢᠵᠡᠢ᠃ ᠳᠤᠰ ᠰᠤᠮᠤ ᠨᠢ ᠪᠠᠰᠠ ᠭᠡᠷ ᠤ ᠪᠦᠯᠢ ᠶᠢᠨ ᠡᠪᠡᠰᠤ ᠪᠤᠷᠳᠤᠭᠠᠨ ᠤ ᠰᠠᠭᠤᠷᠢᠨ ᠭᠠᠵᠡᠷ ᠤᠨ ᠪᠦᠳᠦᠬᠡᠨ ᠪᠠᠶᠢᠭᠤᠯᠤᠯᠳᠠ ᠶᠢ ᠰᠠᠶᠢᠳᠤᠷ ᠠᠳᠬᠤᠵᠤ ᠪᠠᠶᠢᠭᠰᠠᠨ ᠠᠴᠠ ᠨᠠᠶᠢᠳᠡ 1000 ᠭᠠᠷᠤᠢ ᠮᠤ᠋ ᠶᠢᠨ ᠡᠪᠡᠰᠤ ᠪᠤᠷᠳᠤᠭᠠᠨ ᠤ ᠰᠠᠭᠤᠷᠢᠨ ᠭᠠᠵᠡᠷ ᠤᠨ ᠲᠠᠢ ᠪᠠᠶᠢᠵᠤ᠂ ᠪᠠᠶᠢᠷᠢ ᠪᠠᠯᠴᠢᠭᠡᠷ ᠤᠨ ᠠᠰᠢᠭᠯᠠᠯᠳᠠ ᠶᠢᠨ ᠨᠤᠷᠮ᠎ᠠ ᠶᠢ ᠳᠡᠭᠡᠭᠰᠢᠯᠡᠬᠦᠯᠵᠤ ᠪᠠᠶᠢᠵᠡᠢ᠃ ᠰᠤᠮᠤᠨ ᠤ ᠬᠢᠵᠠᠭᠠᠷ ᠲᠤᠨᠢ ᠴᠠᠭᠠᠨ ᠭᠤᠶᠤᠤ᠂ ᠭᠠᠵᠡᠷ ᠤᠨ ᠦᠰᠤ ︵ᠬᠡᠵᠢᠬᠡ ᠡᠪᠡᠰᠤᠨ︶ ᠵᠡᠷᠭᠡ ᠨᠤᠳᠤᠭ ᠤᠨ ᠤᠨᠴᠠ ᠭᠠᠷᠤᠯᠳᠠ ᠲᠠᠢ᠂ ᠵᠠᠮ ᠬᠠᠷᠢᠯᠴᠠᠭ᠎ᠠ ᠮᠠᠰᠢ ᠳᠦᠬᠦᠮ ᠳᠦᠳᠡ ᠪᠠᠶᠢᠵᠤ᠂ ᠪᠠᠶᠠᠨᠬᠤᠳᠠ᠂ ᠢᠷᠭᠠᠢ ᠵᠡᠷᠭᠡ ᠭᠠᠵᠡᠷ ᠲᠠᠢ ᠵᠠᠰᠠᠮᠯ ᠵᠡᠮ ᠢᠶᠠᠷ ᠨᠡᠪᠳᠡᠷᠡᠵᠤ ᠪᠠᠶᠢᠭᠰᠠᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号