| ᠸᠠᠩᠴᠢᠨᠪᠠᠮᠪᠠᠷ ᠲᠤ ᠲᠦᠷᠦᠭᠰᠡᠨ ᠬᠦᠪᠡᠭᠦᠨ ᠦᠭᠡᠢ ᠲᠤᠯᠠ᠂ ᠮᠠᠬᠠᠪᠠᠯᠠ᠂ ᠠᠬ᠎ᠠ ᠶᠢᠨ ᠢᠶᠠᠨ ᠰᠠᠭᠤᠷᠢᠨ ᠢ | ᠵᠠᠯᠭᠠᠮᠵᠢᠯᠠᠵᠤ᠂ ᠰᠠᠶᠢᠰᠢᠶᠠᠯ ᠢᠷᠦᠭᠡᠯᠲᠤ ᠶᠢᠨ ᠠᠷᠪᠠᠳᠤᠭᠠᠷ ᠣᠨ ︵1805 ᠣᠨ︶ ᠳᠤ᠂ ᠳᠡᠭᠡᠷ᠎ᠡ ᠶᠢᠨ | ᠵᠠᠷᠯᠢᠭ ᠢᠶᠠᠷ ᠵᠠᠰᠠᠭ ᠬᠤᠱᠤᠢ ᠴᠢᠨ ᠸᠠᠩ ᠪᠣᠯᠤᠭᠠᠳ ᠤᠭ ᠤᠨ ᠲᠦᠰᠢᠮᠡᠯ ᠤᠳ ᠨᠢ ᠲᠤᠰᠢᠶᠠᠯ ᠶᠣᠰᠤᠭᠠᠷ ᠪᠠᠶᠢᠵᠤ᠂ | ᠮᠦᠨ ᠬᠠᠭᠠᠨ ᠤ ᠠᠷᠪᠠ ᠶᠢᠰᠦᠳᠦᠭᠡᠷ ᠣᠨ ︵1814 ᠣᠨ︶ ᠳᠤ ᠡᠵᠡᠨ ᠬᠠᠭᠠᠨ ᠤ ᠨᠠᠪᠴᠢᠲᠤ ᠡᠷᠭᠦᠮᠵᠢᠯᠡᠯ ᠤᠨ | ᠱᠠᠩᠨᠠᠯ ᠢ ᠣᠯᠵᠡᠢ᠃ | ᠨᠠᠩᠳᠢᠪᠰᠦ᠋ᠷᠦᠩ ᠤᠨ ᠲᠤᠬᠠᠢ | ᠨᠠᠩᠳᠢᠪᠰᠦ᠋ᠷᠦᠩ ᠪᠣᠯᠪᠠᠰᠤ ᠮᠠᠬᠠᠪᠠᠯᠠ ᠶᠢᠨ ᠭᠠᠭᠴᠠ ᠬᠦᠪᠡᠭᠦᠨ ᠶᠤᠮ᠃ ᠲᠦᠷᠦ ᠭᠡᠷᠡᠯᠲᠦ ᠶᠢᠨ ᠠᠷᠪᠠᠳᠤᠭᠠᠷ ᠣᠨ | ︵1830 ᠣᠨ︶ ᠳᠤ ᠵᠠᠷᠯᠢᠭ ᠢᠶᠠᠷ ᠵᠢᠶᠠᠩ ᠴᠧᠩ ᠮᠧᠨ ᠳᠤᠷ ᠶᠠᠪᠤᠬᠤ ᠭᠦᠩ ᠤᠨ ᠵᠡᠷᠭᠡ ᠲᠡᠷᠢᠭᠦᠨ ᠵᠡᠷᠭᠡ ᠲᠠᠶᠢᠵᠢ | ᠡᠷᠭᠦᠮᠵᠢᠯᠡᠭᠳᠡᠵᠦ᠂ ᠪᠠᠶᠢᠰᠡ ᠵᠡᠷᠭᠡ ᠪᠠᠷ ᠱᠠᠩᠨᠠᠭᠳᠠᠵᠡᠢ᠃ ᠸᠠᠩᠴᠢᠨᠪᠠᠮᠪᠠᠷ᠂ ᠮᠠᠬᠠᠪᠠᠯᠠ ᠬᠤᠶᠠᠷ ᠤᠨ ᠦᠶ᠎ᠡ ᠳᠤ ᠪᠦᠬᠦ | ᠬᠤᠰᠢᠭᠤᠨ ᠤ ᠲᠦᠷᠦᠯ ᠪᠦᠷᠢ ᠶᠢᠨ ᠮᠠᠯ ᠶᠡᠭᠡ ᠦᠰᠦᠨ ᠬᠦᠭᠵᠢᠭᠰᠡᠨ ᠪᠠᠶᠢᠵᠡᠢ᠃ ᠡᠶᠢᠮᠦ ᠡᠴᠡᠨᠠᠩᠳᠢᠪᠰᠦ᠋ᠷᠦᠩ ᠂ | ᠡᠵᠡᠨ ᠤ ᠶᠡᠭᠡ ᠴᠡᠷᠢᠭ ᠲᠤ ᠰᠡᠯᠪᠡᠭ ᠲᠤᠰᠠᠯᠠᠮᠵᠢ ᠦᠵᠡᠭᠦᠯᠬᠦ ᠶᠢᠨ ᠲᠦᠯᠦᠭᠡ᠂ ᠠᠳᠤᠭᠤ ᠮᠣᠷᠢ ᠲᠠᠪᠤᠨ ᠵᠠᠭᠤᠨ | ᠲᠣᠯᠤᠭᠠᠢ᠂ ᠲᠡᠮᠡᠭᠡ ᠭᠤᠷᠪᠠᠨ ᠵᠠᠭᠤᠨ ᠲᠣᠯᠤᠭᠠᠢ ᠶᠢ ᠠᠯᠪᠠ ᠡᠷᠭᠦᠭᠡᠳ ᠲᠦᠷᠦ ᠭᠡᠷᠡᠯᠲᠦ ᠶᠢᠨ ᠠᠷᠪᠠᠨ | ᠭᠤᠷᠪᠠᠳᠤᠭᠠᠷ ᠣᠨ ︵1833 ᠣᠨ︶ ᠳᠤ ᠵᠠᠰᠠᠭ ᠬᠤᠱᠤᠢ ᠴᠢᠨ ᠸᠠᠩ ᠤᠨ ᠬᠡᠷᠬᠡᠮ ᠢ ᠵᠠᠯᠭᠠᠮᠵᠢᠯᠠᠭᠰᠠᠨ ᠪᠦᠭᠡᠳ | ᠬᠤᠰᠢᠭᠤ ᠶᠠᠮᠦᠨ ᠤ ᠭᠤᠣᠯ ᠪᠣᠯᠬᠤ ᠲᠤᠰᠢᠶᠠᠯᠲᠠᠨ ᠨᠠᠷ ᠢ ᠰᠢᠨ᠎ᠡ ᠪᠠᠷ ᠲᠡᠭᠰᠢᠯᠡᠨ ᠲᠣᠬᠢᠷᠠᠭᠤᠯᠵᠡᠢ᠃ ᠡᠭᠦᠨ ᠳᠤ᠂ | ᠤᠯᠤᠰ ᠤᠨ ᠲᠦᠰᠢᠶ᠎ᠡ ᠭᠦᠩ ᠫᠦᠷᠪᠦ᠂ ᠤᠯᠤᠰ ᠲᠤᠷ ᠲᠤᠰᠠᠯᠠᠬᠤ ᠭᠦᠩ ᠮᠠᠩᠺᠯᠠᠨ᠂ ᠲᠤᠰᠠᠯᠠᠭᠴᠢ ᠸᠠᠩᠳᠠᠨ᠂ | ᠳ᠋ᠧᠯᠢᠭ᠂ ᠠᠪᠤᠷᠠᠯ᠂ ᠵᠢᠭᠵᠢᠵᠡᠪ᠂ ᠬᠤᠰᠢᠭᠤ ᠶᠢ ᠵᠠᠬᠢᠷᠤᠭᠴᠢ ᠨᠤᠰᠤᠬᠠᠢ᠂ ᠠᠨᠤᠮᠠᠳᠢ᠂ ᠱᠠᠭᠳᠠᠷᠵᠠᠪ ᠨᠠᠷ ᠪᠠᠶᠢᠵᠡᠢ᠃ | ᠭᠦᠩᠰᠡᠩᠵᠦ᠋ᠷᠮᠢᠳ ᠤᠨ ᠲᠤᠬᠠᠢ | ᠵᠠᠷᠯᠢᠭ ᠢᠶᠠᠷ ᠲᠦᠷᠦ ᠭᠡᠷᠡᠯᠲᠦ ᠶᠢᠨ ᠬᠤᠷᠢᠨ ᠳᠦᠷᠪᠡᠳᠦᠭᠡᠷ ᠣᠨ ︵1844 ᠣᠨ︶ ᠳᠤ ᠭᠦᠩᠰᠡᠩᠵᠦ᠋ᠷᠮᠢᠳ | ᠭᠠᠭᠴᠠ ᠬᠦᠪᠡᠬᠦᠨ ᠤ ᠬᠤᠪᠢ ᠪᠠᠷ ᠡᠴᠢᠭᠡ ᠶᠢᠨ ᠰᠠᠭᠤᠷᠢᠨ ᠢ ᠵᠠᠯᠭᠠᠮᠵᠢᠯᠠᠵᠤ᠂ ᠵᠠᠰᠠᠭ ᠬᠤᠱᠤᠢ ᠴᠢᠨ ᠸᠠᠩ ᠤᠨ | ᠬᠡᠷᠬᠡᠮ ᠳᠤᠷ ᠳᠡᠪᠰᠢᠭᠦᠯᠦᠭᠳᠡᠨ ᠲᠠᠮᠠᠭ᠎ᠠ ᠶᠢᠨ ᠶᠠᠮᠤᠨ ᠤ ᠲᠤᠰᠢᠶᠠᠯᠳᠠᠨ ᠨᠠᠷ ᠢ ᠲᠣᠬᠢᠷᠠᠭᠤᠯᠤᠭᠰᠠᠨ ᠠᠨᠤ ᠤᠯᠤᠰ ᠤᠨ | ᠲᠦᠰᠢᠶ᠎ᠡ ᠭᠦᠩ ᠱᠠᠪᠠᠳᠣᠷᠵᠢ᠂ ᠤᠯᠤᠰ ᠲᠤᠷ ᠲᠤᠰᠠᠯᠠᠬᠤ ᠭᠦᠩ ᠠᠶᠤᠤᠷᠽᠠᠨᠠ᠂ ᠲᠤᠰᠠᠯᠠᠭᠴᠢ ᠭᠤᠩᠭᠠᠸᠠᠩᠱᠤᠭ᠂ | ᠠᠶᠤᠤᠷ᠂ ᠰᠢᠩᠳᠤᠷᠠᠪᠳᠠᠨ᠂ ᠠᠪᠤᠷᠠᠯ ᠨᠠᠷ ᠪᠤᠯᠠᠢ᠃ ᠠᠳᠡ ᠠᠴᠠ ᠡᠬᠢᠯᠡᠭᠡᠳ ᠬᠤᠰᠢᠭᠤᠨ ᠤ ᠵᠠᠬᠢᠷᠤᠭᠴᠢ ᠶᠢᠨ | ᠲᠤᠰᠢᠶᠠᠯ ᠢ ᠲᠠᠶᠢᠵᠢ ᠬᠦᠮᠦᠨ ᠢᠶᠠᠷ ᠡᠷᠬᠢᠯᠡᠭᠦᠯᠬᠦ ᠦᠭᠡᠢ ᠪᠠᠷ ᠡᠩ ᠤᠨ ᠬᠦᠮᠦᠨ ᠢᠶᠠᠷ ᠡᠭᠦᠷᠭᠡᠯᠡᠭᠦᠯᠳᠡᠭ ᠪᠣᠯᠣᠭᠰᠠᠨ | ᠪᠠᠶᠢᠨ᠎ᠠ᠃ ᠭᠦᠩᠰᠡᠩᠵᠦ᠋ᠷᠮᠢᠳ ᠸᠠᠩ ᠤᠨ ᠦᠶ᠎ᠡ ᠳᠤ ᠬᠤᠰᠢᠭᠤᠨ ᠤ ᠠᠷᠠᠳ ᠢᠷᠭᠡᠳ ᠤᠨ ᠭᠠᠶᠢᠯᠢ ᠲᠠᠲᠠᠪᠤᠷᠢ | ᠶᠡᠭᠡ ᠪᠠᠷ ᠨᠡᠮᠡᠭᠳᠡᠨ ᠡᠭᠦᠷᠬᠡ ᠳᠠᠷᠤᠭᠠᠰᠣ ᠬᠦᠨᠳᠦᠷᠡᠵᠤ ᠡᠬᠢᠯᠡᠭᠰᠡᠨ ᠤ ᠳᠡᠭᠡᠷ᠎ᠡ᠂ ᠭᠠᠩ ᠭᠠᠮᠰᠢᠭ ᠪᠣᠯᠤᠨ ᠳᠠᠶᠢᠨ | ᠪᠠᠶᠢᠯᠳᠤᠭᠠᠨ ᠤ ᠵᠦᠢᠯ ᠵᠦᠢᠯ ᠤᠨ ᠰᠢᠯᠲᠠᠭᠠᠨ ᠠᠴᠠ ᠪᠣᠯᠤᠭᠠᠳ ᠬᠦᠮᠦᠨ᠂ ᠮᠡᠯ ᠶᠡᠭᠡ ᠬᠡᠮᠵᠢᠶᠡᠨ ᠤ ᠰᠦᠢᠳ | ᠬᠤᠬᠢᠷᠠᠯ ᠳᠤ ᠤᠴᠠᠷᠠᠵᠡᠢ᠃ | |