ᠳᠣᠯᠣᠳᠰᠦ᠋ᠷᠦᠩ ᠤᠨ ᠲᠤᠬᠠᠢ
ᠨᠡᠶᠢᠲᠡᠯᠡᠭᠰᠡᠨ ᠴᠠᠭ᠄
2019/12/13
ᠳᠣᠯᠣᠳᠰᠦ᠋ᠷᠦᠩ ᠪᠣᠯ ᠵᠠᠰᠠᠭ ᠬᠤᠱᠤᠢ ᠴᠢᠨ ᠸᠠᠩ ᠭᠦᠩᠰᠡᠩᠵᠦ᠋ᠷᠮᠢᠳ ᠤᠨ ᠠᠪᠠᠯᠢ ᠳᠤᠷ ᠠᠭᠰᠠᠨ ᠡᠷᠭᠦᠮᠵᠢᠯᠡᠯᠲᠤ ᠰᠤᠯᠠ ᠭᠡᠭᠡ ᠠᠴᠠ ᠲᠦᠷᠦᠭᠰᠡᠨ ᠬᠤᠶᠠᠳᠤᠭᠠᠷ ᠬᠦᠪᠡᠭᠦᠨ ᠪᠣᠯᠣᠨ᠎ᠠ᠃ ᠲᠡᠳᠡ ᠠᠬ᠎ᠠ ᠳᠡᠭᠦᠦ ᠵᠢᠷᠭᠤᠭ᠎ᠠ ᠶᠢᠨ ᠳᠣᠲᠤᠷ᠎ᠠ᠂ ᠡᠷᠬᠡ ᠰᠦᠷ ᠶᠡᠭᠡ ᠪᠦᠭᠡᠳ ᠨᠡᠷ᠎ᠡ ᠴᠣᠣᠲᠠᠢ ᠪᠠᠶᠢᠭᠰᠠᠨ ᠨᠢ ᠲᠣᠯᠣᠳᠰᠦ᠋ᠷᠦᠩ ᠪᠦᠭᠡᠳ ᠴᠢᠨ ᠸᠠᠩ ᠤᠨ ᠬᠡᠷᠬᠡᠮ ᠢ ᠵᠠᠯᠭᠠᠮᠵᠢᠯᠠᠵᠡᠢ᠃ ᠲᠡᠭᠦᠨ ᠤ ᠭᠤᠷᠪᠠᠳᠤᠭᠠᠷ ᠳᠡᠭᠦᠦ ᠵᠠᠯᠰᠠᠩᠸᠠᠩᠵᠢᠯ ᠱᠠᠰᠢᠨ ᠢ ᠪᠠᠳᠠᠷᠠᠭᠤᠯᠤᠭᠴᠢ ᠰᠦᠮ᠎ᠡ ᠶᠢᠨ ᠱᠠᠪᠢ ᠪᠣᠯᠵᠤ ᠬᠤᠸᠠᠷᠠᠭ ᠤᠨ ᠡᠩᠨᠡᠭᠡ ᠳᠤ ᠪᠠᠭᠲᠠᠭᠰᠠᠨ ᠠᠴᠠ ᠬᠤᠵᠢᠮ ᠲᠤᠰ ᠬᠡᠶᠢᠳ ᠤᠨ ᠲᠡᠷᠢᠭᠦᠨ ᠯᠠᠮᠠ ᠪᠣᠯᠣᠭᠰᠠᠨ ᠢᠶᠠᠷ ︽ᠰᠠᠨ ᠶᠧ ᠭᠡᠭᠡᠨ︾ ᠭᠡᠰᠡᠨ ᠡᠷᠭᠦᠮᠵᠢᠯᠡᠯᠲᠤ ᠴᠣᠯᠠ ᠶᠢ ᠣᠯᠭᠤᠨ ᠰᠢᠲᠦᠭᠳᠡᠨ ᠬᠦᠨᠳᠦᠳᠭᠡᠭᠳᠡᠵᠦ ᠪᠠᠶᠢᠭᠰᠠᠨ ᠪᠣᠯᠪᠠᠴᠤ ᠸᠠᠩ ᠤᠨ ᠤᠭᠰᠠᠭ᠎ᠠ ᠪᠠᠷ ᠪᠠᠶᠢᠷᠢ ᠰᠠᠭᠤᠷᠢ ᠪᠠᠨ ᠠᠬᠢᠭᠤᠯᠵᠤ᠂ ᠤᠯᠤᠰ ᠤᠨ ᠲᠦᠰᠢᠶ᠎ᠡ ᠭᠦᠩ᠂ ᠲᠡᠷᠢᠭᠦᠨ ᠵᠡᠷᠭᠡ ᠲᠠᠶᠢᠵᠢ ᠪᠣᠯᠵᠡᠢ᠃ ᠳᠦᠷᠪᠡᠳᠦᠭᠡᠷ ᠳᠡᠬᠦᠦ ᠪᠠᠯᠴᠢᠨᠪᠠᠨᠽᠠᠷᠭᠤᠴᠠ ᠨᠢ ᠲᠤᠰᠠᠯᠠᠭᠴᠢ ᠲᠡᠷᠢᠬᠦᠨ ᠵᠡᠷᠭᠡ ᠲᠠᠶᠢᠵᠢ ᠪᠣᠯᠣᠭᠰᠠᠨ ᠢᠶᠠᠷ ︽ᠰᠠᠨ ᠶᠧ ᠨᠣᠶᠠᠨ︾ ᠭᠡᠮᠡᠨ ᠡᠷᠭᠦᠮᠵᠢᠯᠡᠨ ᠨᠡᠷᠡᠯᠡᠳᠡᠭ ᠪᠠᠶᠢᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号