ᠯᠾᠠᠸᠠᠩᠫᠦ᠋ᠷᠦᠭᠵᠢᠯ ᠤᠨ ᠲᠤᠬᠠᠢ
ᠨᠡᠶᠢᠲᠡᠯᠡᠭᠰᠡᠨ ᠴᠠᠭ᠄
2019/12/13
ᠯᠾᠠᠸᠠᠩᠫᠦ᠋ᠷᠦᠭᠵᠢᠯ ᠸᠠᠩ ᠪᠣᠯ ᠲᠣᠯᠣᠳᠰᠦ᠋ᠷᠦᠩ ᠤᠨ ᠠᠬᠠᠮᠠᠳ ᠬᠦᠪᠡᠭᠦᠨ ᠪᠦᠭᠡᠳ ᠲᠡᠳᠡ ᠠᠬ᠎ᠠ ᠳᠡᠭᠦᠦ ᠵᠢᠷᠭᠤᠭ᠎ᠠ ᠪᠠᠶᠢᠵᠡᠢ᠃ ᠪᠠᠳᠠᠷᠠᠭᠤᠯᠲᠤ ᠲᠦᠷᠦ ᠶᠢᠨ ᠳᠣᠯᠣᠳᠤᠭᠠᠷ ᠣᠨ ︵1881 ᠣᠨ︶ ᠳᠤ᠂ ᠴᠢᠨ ᠸᠠᠩ ᠤᠨ ᠰᠠᠭᠤᠷᠢᠨ ᠢ ᠵᠠᠯᠭᠠᠮᠵᠢᠯᠠᠭᠤᠯᠬᠤ ᠪᠠᠷ ᠤᠷᠢᠳᠤ ᠠᠴᠠ ᠨᠡᠷ᠎ᠡ ᠲᠡᠮᠳᠡᠭᠯᠡᠵᠦ᠂ ᠭᠦᠩ ᠤᠨ ᠵᠡᠷᠭᠡ ᠲᠠᠶᠢᠵᠢ ᠪᠣᠯᠤᠭᠠᠳ ᠮᠦᠨ ᠬᠠᠭᠠᠨ ᠤ ᠬᠤᠷᠢᠳᠤᠭᠠᠷ ᠣᠨ ︵1894 ᠣᠨ︶ ᠳᠤ᠂ ᠲᠦᠷᠦ ᠶᠢᠨ ᠪᠡᠶᠢᠯᠡ ᠪᠣᠯᠵᠡᠢ᠃ ᠲᠡᠷᠡ᠂ 1905 ᠣᠨ ᠳᠤ ᠴᠢᠨ ᠸᠠᠩ ᠤᠨ ᠰᠠᠭᠤᠷᠢᠨ ᠳᠤ ᠰᠠᠭᠤᠭᠠᠳ 1931 ᠣᠨ ᠬᠦᠷᠲᠡᠯ᠎ᠡ 27 ᠵᠢᠯ ᠶᠡᠭᠡ ᠵᠤᠷᠭᠠᠨ ᠳᠤ ᠵᠢᠰᠢᠶᠡᠯᠡᠵᠡᠢ᠃ ᠲᠡᠭᠦᠨ ᠤ ᠲᠤᠰᠢᠶᠠᠯ ᠪᠣᠯᠪᠠᠰᠤ᠂ ᠨᠢᠭᠡᠳᠦᠭᠡᠷ ᠵᠡᠷᠭᠡ ᠶᠡᠭᠡ ᠴᠠᠴᠤᠭᠲᠤ ᠵᠢᠶᠠ ᠬᠤᠸᠠ ᠵᠠᠩ᠂ ᠨᠢᠭᠡᠳᠦᠭᠡᠷ ᠵᠡᠷᠭᠡ ᠸᠧᠨ ᠡᠾᠸᠤ ᠢ ᠸᠧᠢ ᠵᠠᠩᠵᠦᠨ᠂ ᠣᠯᠠᠨ ᠴᠢᠭᠤᠯᠭᠠᠨ ᠬᠤᠰᠢᠭᠤᠳ ᠤᠨ ᠢᠯᠪᠢᠨ ᠨᠠᠶᠢᠷᠠᠯᠳᠤᠬᠤ ᠬᠡᠷᠡᠭ ᠶᠠᠪᠤᠳᠠᠯ ᠢ ᠪᠣᠳᠤᠯᠴᠠᠨ ᠪᠡᠯᠡᠳᠬᠡᠭᠴᠢ ᠤᠯᠤᠰ ᠤᠨ ᠬᠡᠷᠡᠭ ᠤᠨ ᠶᠠᠮᠤᠨ ᠤ ᠬᠠᠷᠠᠨ ᠠᠰᠠᠭᠤᠭᠴᠢ ᠲᠦᠰᠢᠮᠡᠯ ᠵᠡᠷᠭᠡ ᠪᠣᠯᠣᠨ᠎ᠠ᠃ ᠳᠤᠮᠳᠠᠳᠤ ᠢᠷᠭᠡᠨ ᠤᠯᠤᠰ ᠤᠨ ᠵᠢᠷᠭᠤᠳᠤᠭᠠᠷ ᠣᠨ ︵1917 ᠣᠨ︶ ᠳᠤ᠂ ᠪᠠᠷᠠᠭᠤᠨ ᠮᠣᠩᠭᠤᠯ ᠤᠨ ᠳᠡᠯᠭᠡᠷᠡᠭᠦᠯᠦᠨ ᠲᠣᠬᠤᠨᠢᠭᠤᠯᠬᠤ ᠰᠠᠶᠢᠳ᠂ ᠨᠢᠭᠡᠳᠦᠭᠡᠷ ᠵᠡᠷᠭᠡ ᠸᠧᠨ ᠡᠾᠸᠤ ᠵᠠᠩ᠂ ᠵᠢᠶᠠ ᠬᠤᠸᠠ ᠵᠠᠩ ᠵᠡᠷᠭᠡ ᠶᠢᠨ ᠲᠤᠰᠢᠶᠠᠯ ᠳᠤ ᠳᠡᠪᠰᠢᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号