ᠳ᠋ᠠᠨᠢᠽᠠᠨ᠎ᠠ ᠶᠢᠨ ᠲᠤᠬᠠᠢ
ᠨᠡᠶᠢᠲᠡᠯᠡᠭᠰᠡᠨ ᠴᠠᠭ᠄
2019/12/13
ᠳ᠋ᠠᠨᠢᠽᠠᠨ᠎ᠠ ᠶᠢᠨ ᠡᠴᠢᠭᠡ ᠯᠾᠠᠸᠠᠩᠫᠦ᠋ᠷᠦᠭᠵᠢᠯ ᠸᠠᠩ ᠪᠣᠯ ᠤᠷᠢᠳ ᠬᠤᠵᠢᠳ ᠭᠤᠷᠪᠠᠨ ᠬᠠᠲᠤᠨ ᠠᠪᠤᠭᠰᠠᠨ ᠪᠦᠭᠡᠳ ᠂ ᠠᠪᠠᠯᠢ ᠬᠠᠲᠤᠨ ᠴᠢᠩ ᠤᠯᠤᠰ ᠤᠨ ᠵᠢᠶᠦ᠋ᠨ ᠸᠠᠩ ᠺᠠᠯᠢ ᠶᠢᠨ ᠦᠬᠢᠨ ᠷᠦᠢ ᠰᠢᠶᠡᠨ ︵睿仙) ᠭᠡᠭᠡ᠂ ᠲᠡᠭᠦᠨ ᠲᠠᠢ ᠨᠢᠭᠡ ᠬᠦᠪᠡᠬᠦᠨ ᠲᠦᠷᠦᠭᠡᠳ ᠲᠡᠷᠡ ᠨᠢ ᠲᠠᠪᠤᠨ ᠨᠠᠰᠤ ᠬᠦᠷᠦᠮᠡᠭᠴᠡ ᠦᠬᠦᠵᠡᠢ᠃ ᠷᠦᠢ ᠰᠢᠶᠡᠨ ᠬᠠᠲᠤᠨ ᠡᠪᠡᠳᠴᠢᠨ ᠢᠶᠠᠷ ᠵᠠᠭᠤᠷᠮᠠᠭ ᠨᠠᠰᠤᠯᠠᠵᠡᠢ᠃ ᠳᠠᠷᠠᠭ᠎ᠠ ᠨᠢ ᠠᠯᠠᠱᠠ ᠬᠤᠰᠢᠭᠤᠨ ᠤ ᠯᠢ ᠣᠪᠤᠭᠲᠤ ᠶᠢᠨ ᠦᠬᠢᠨ ᠢ ᠬᠠᠲᠤᠨ ᠪᠣᠯᠭᠠᠨ ᠭᠡᠷᠯᠡᠭᠡᠳ ᠬᠡᠳᠦᠨ ᠵᠢᠯ ᠢ ᠦᠩᠭᠡᠷᠡᠭᠡᠵᠤ ᠲᠡᠷᠡ ᠨᠢ ᠮᠦᠨ ᠡᠪᠡᠳᠴᠢᠨ ᠢᠶᠠᠷ ᠲᠣᠷᠭᠤᠨ ᠨᠠᠰᠤᠯᠠᠪᠠ᠃ ᠯᠾᠠ᠊ ᠸᠠᠩ ᠨᠡᠶᠢᠰᠯᠡᠯ ᠳᠤᠷ ᠵᠢᠰᠢᠶᠠᠯᠠᠬᠤ ᠪᠠᠷ ᠲᠡᠨᠳᠡ ᠬᠡᠳᠦᠨ ᠵᠢᠯ ᠪᠣᠯᠤᠭᠰᠠᠨ ᠬᠤᠭᠤᠴᠠᠭᠠᠨ ᠳᠠᠭᠠᠨ ᠬᠠᠷᠠᠴᠢᠨ ᠤ ᠵᠢᠶᠦ᠋ᠨ ᠸᠠᠩ ᠭᠦᠩᠰᠡᠩᠨᠣᠷᠪᠤ ᠯᠤᠭ᠎ᠠ ᠰᠠᠶᠢᠨ ᠲᠠᠨᠢᠯᠴᠠᠭᠰᠠᠨ ᠲᠤᠯᠠ ᠲᠡᠷᠡ ᠪᠠᠷ ᠮᠠᠨᠵᠤ ᠦᠨᠳᠦᠰᠦᠲᠡᠨ ᠵᠢᠶᠠᠩ ᠣᠪᠤᠭᠲᠤ ᠶᠢᠨ ᠦᠬᠢᠨ ᠵᠢᠶᠠᠩ ᠵᠢᠩ ᠳ᠋ᠧ ︵姜静德) ᠶᠢ ᠯᠾᠠ᠊ ᠸᠠᠩ ᠳᠤ ᠵᠠᠭᠤᠴᠢᠯᠠᠨ ᠲᠡᠨᠢᠯᠴᠠᠭᠤᠯᠵᠤ ᠤᠷᠤᠭ ᠬᠤᠯᠪᠤᠭᠤᠯᠤᠨ ᠡᠷᠭᠦᠮᠵᠢᠯᠡᠯᠲᠤ ᠬᠠᠲᠤᠨ ᠪᠣᠯᠭᠠᠵᠡᠢ᠃ ᠢᠩᠬᠢᠭᠡᠳ ᠭᠤᠷᠪᠠᠨ ᠬᠦᠪᠡᠭᠦᠨ ᠨᠢᠭᠡ ᠦᠬᠢᠨ ᠲᠦᠷᠦᠭᠰᠡᠨ ᠪᠦᠭᠡᠳ ᠠᠬᠠᠮᠠᠳ ᠬᠦᠪᠡᠭᠦᠨ ᠳ᠋ᠠᠨᠢᠽᠠᠨ᠎ᠠ ︵达理札雅) ᠬᠤᠶᠠᠳᠤᠭᠠᠷ ᠬᠦᠪᠡᠭᠦᠨ ᠳ᠋ᠠᠳᠤᠯᠸᠠᠩᠱᠤᠭ (达都拉旺禧格) ᠭᠤᠷᠪᠠᠳᠤᠭᠠᠷ ᠬᠦᠪᠡᠭᠦᠨ ᠳ᠋ᠠᠮᠷᠢᠨᠸᠠᠩᠱᠤᠭ (达穆林旺楚克) ᠦᠬᠢᠨ ᠯᠾᠠ ᡁᠢ ᠬᠤᠸᠠ (塔祉华) ᠨᠠᠷ ᠪᠣᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号