ᠶᠠᠫᠤᠨ ᠢ ᠡᠰᠡᠷᠭᠦᠴᠡᠭᠦ ᠳᠠᠶᠢᠠ ᠳᠠᠬᠢ ᠮᠤᠩᠭᠤᠯ ᠡᠮᠡᠭᠳᠠᠢ ᠪᠠᠭᠠᠳᠤᠷ
ᠨᠡᠶᠢᠲᠡᠯᠡᠭᠰᠡᠨ ᠴᠠᠭ᠄
2019/12/13
        ᠳᠤᠮᠳᠠᠳᠦ ᠤᠯᠤᠰ ᠤᠨ ᠠᠷᠠᠳ ᠳᠦᠮᠡᠨ ᠤ ᠶᠠᠪᠤᠭᠤᠯᠤᠬᠰᠠᠨ ᠶᠠᠫᠤᠨ ᠢ ᠡᠰᠡᠷᠬᠦᠴᠠᠬᠦ ᠲᠠᠶᠢᠨ ᠤ ᠳᠤᠮᠳᠠ ᠡᠯ᠎ᠡ ᠦᠨᠳᠦᠰᠦᠲᠠᠨ ᠤ ᠠᠷᠠᠳ ᠳᠦᠮᠡᠨ ᠬᠠᠮᠳᠦ ᠪᠠᠷ ᠲᠠᠶᠢᠰᠤᠨ ᠲᠠᠢ ᠪᠠᠶᠢᠯᠲᠤᠵᠤ᠂ ᠶᠠᠫᠤᠨ ᠢ ᠡᠰᠡᠷᠬᠦᠴᠡᠭᠰᠡᠨ ᠦᠢ ᠤᠯᠠᠨ ᠦᠨᠳᠦᠰᠦᠲᠠᠨ ᠤ ᠪᠠᠭᠠᠲᠤᠷ ᠭᠠᠷᠤᠭᠰᠠᠨ ᠪᠢᠯᠠ᠃ ᠤᠷᠠᠳ ᠤᠨ ᠪᠠᠷᠠᠭᠤᠨ ᠭᠦᠩ ᠤᠨ ᠬᠤᠰᠢᠭᠤᠨ ᠤ ᠡᠮᠡᠭᠲᠡᠢ ᠸᠠᠩ ᠨᠤᠶᠠᠨ ᠴᠢ ᠵᠢᠶᠦ᠋ᠨ ᠹᠧᠩ ᠪᠤᠯ ᠲᠠᠷᠤᠢ ᠬᠤᠯᠠ ᠤᠶᠢᠷ᠎ᠠ ᠳᠤ ᠠᠯᠲᠠᠷᠲᠠᠢ ︽ᠶᠠᠫᠤᠨ ᠢ ᠡᠰᠡᠷᠬᠦᠴᠡᠭᠰᠡᠨ ᠮᠤᠩᠭᠤᠯ ᠡᠮᠡᠭᠲᠡᠢ ᠪᠠᠭᠠᠲᠤᠷ︾ ᠶᠤᠮ᠃        ᠴᠢ ᠵᠢᠶᠦ᠋ᠨ ᠹᠧᠩ 1915 ᠤᠨ ᠳᠤ ᠠᠯᠠᠱᠠ ᠬᠤᠱᠣᠳ ᠬᠤᠰᠢᠭᠤᠨ ᠤ ᠪᠠᠶᠠᠨᠬᠤᠲᠠ ᠳᠠᠬᠢ ᠮᠤᠩᠭᠤᠯ ᠢᠵᠠᠭᠤᠷᠲᠠᠨ ᠤ ᠭᠡᠷ ᠲᠤ ᠲᠦᠷᠦᠵᠡᠢ᠃ ᠡᠴᠢᠭᠡ ᠨᠢ ᠤᠯᠤᠰ ᠲᠤᠷ ᠳᠤᠰᠠᠯᠠᠬᠴᠢ ᠭᠦᠩ᠂ ᠬᠤᠰᠢᠭᠤ ᠵᠠᠰᠠᠭ ᠪᠠᠶᠢᠬᠰᠠᠨ ᠪᠦᠬᠡᠳ ᠬᠤᠱᠣᠳ ᠴᠢᠨ ᠸᠠᠩ ᠲᠠᠢ ᠪᠦᠯᠦ ᠠᠬ᠎ᠠ ᠲᠡᠬᠦᠦ ᠪᠤᠯᠲᠠᠭ ᠪᠠᠶᠢᠪᠠ᠃ 1934 ᠣᠨ ᠳᠤ ᠴᠢ ᠵᠢᠶᠦ᠋ᠨ ᠹᠧᠩ ᠠᠷᠪᠠ ᠶᠢᠰᠦᠲᠡᠢ ᠳᠤ ᠪᠠᠨ ᠤᠷᠠᠳ ᠤᠨ ᠪᠠᠷᠠᠭᠤᠨ ᠭᠦᠩ ᠤᠨ ᠬᠤᠰᠢᠭᠤᠨ ︵ᠤᠲᠤ ᠶᠢᠨ ᠪᠠᠶᠠᠨᠨᠠᠭᠤᠷ ᠬᠤᠲᠠ ᠶᠢᠨ ᠤᠷᠠᠳ ᠤᠨ ᠡᠮᠦᠨᠡᠲᠤ ᠬᠤᠰᠢᠭᠤ︶ ᠤ ᠵᠠᠰᠠᠭ ᠨᠤᠶᠠᠨ ᠰᠢᠷᠠᠪᠲᠤᠷᠵᠢ ᠶᠢᠨ ᠹᠦᠵᠢᠨ ᠬᠠᠲᠤᠨ ᠪᠤᠯᠵᠠᠢ᠃ ᠤᠷᠲᠤ ᠬᠤᠭᠤᠴᠠᠭ᠎ᠠ ᠪᠠᠷ ᠲᠠᠶᠢᠨ ᠪᠠᠶᠢᠯᠲᠤᠭᠠᠨ ᠳᠤ ᠶᠠᠪᠤᠵᠤ ᠪᠡᠶ᠎ᠡ ᠵᠦᠲᠡᠷᠡᠭᠰᠡᠨ ᠠᠴᠠ ᠪᠤᠯᠵᠤ᠂ ᠰᠢᠷᠠᠪᠲᠤᠷᠵᠢ ᠨᠤᠶᠠᠨ 1936 ᠤᠨ ᠤ 9 ᠰᠠᠷ᠎ᠠ ᠳᠤ ᠡᠪᠡᠳᠴᠢᠨ ᠢᠶᠠᠷ ᠨᠠᠰᠦ ᠪᠠᠷᠠᠵᠠᠢ᠃ ᠢᠩᠬᠢᠭᠡᠳ ᠵᠢᠷᠮᠦᠰᠦᠨ ᠪᠠᠶᠢᠬᠰᠠᠨ ᠴᠢ  ᠵᠢᠶᠦ᠋ᠨ ᠹᠧᠩ ᠪᠡᠯᠪᠡᠰᠦᠨ ᠪᠤᠯᠪᠠ᠃ ᠰᠢᠷᠠᠪᠲᠤᠷᠵᠢ ᠨᠤᠶᠠᠨ ᠨᠠᠰᠦ ᠪᠠᠷᠠᠭᠰᠠᠨ ᠤ ᠬᠠᠷᠠᠭ᠎ᠠ ᠪᠠᠷ ᠪᠠᠷᠠᠭᠤᠨ ᠭᠦᠩ ᠤᠨ ᠬᠤᠰᠢᠭᠤᠨ ᠳᠤ ᠰᠠᠮᠠᠭᠤᠨ ᠪᠠᠶᠢᠲᠠᠯ ᠭᠠᠷᠪᠠ᠃ ᠴᠢ ᠵᠢᠶᠦ᠋ᠨ ᠹᠧᠩ ᠰᠠᠮᠠᠭᠤᠷᠠᠯ ᠢ ᠲᠠᠷᠤᠬᠤ ᠶᠢᠨ ᠳᠤᠰᠠᠲᠠ ᠦᠪᠡᠷ ᠢᠶᠠᠨ ᠭᠦᠢᠰᠦᠢ ︵ᠬᠦᠬᠡᠬᠤᠲᠠ︶ ᠳᠤ ᠬᠦᠷᠴᠦ ᠹᠦ᠋ ᠽᠦᠸᠧ ᠢ ᠲᠠᠢ ᠠᠭᠤᠯᠵᠠᠵᠤ ᠳᠡᠮᠵᠢᠯᠭᠡ ᠬᠦᠰᠡᠪᠡ᠃ ᠴᠢ ᠵᠢᠶᠦ᠋ᠨ ᠹᠧᠩ ᠤᠨ ᠪᠠᠭᠠᠲᠤᠷ ᠵᠤᠷᠢᠭ ᠪᠠ ᠦᠵᠡᠯᠲᠡ ᠬᠠᠷᠠᠯᠲᠠ ᠶᠢ ᠹᠦ᠋ ᠽᠦᠸᠧ ᠢ ᠶᠡᠬᠡᠯ᠎ᠡ ᠲᠤᠭᠤᠵᠤ᠂ ᠬᠤᠰᠢᠭᠤ ᠶᠠᠮᠤᠨ ᠤ ᠲᠠᠮᠠᠭ᠎ᠠ ᠶᠢ ᠴᠢ ᠵᠢᠶᠦ᠋ᠨ ᠹᠧᠩ ᠬᠠᠮᠢᠶᠠᠷᠴᠦ᠂ ᠵᠠᠮ ᠬᠠᠮᠠᠭᠠᠯᠠᠬᠤ ᠴᠡᠷᠢᠭ ᠢ ᠴᠢ ᠵᠢᠶᠦ᠋ᠨ ᠹᠧᠩ ᠵᠠᠬᠢᠷᠬᠤ ᠬᠡᠷᠡᠭᠳᠡᠢ ᠭᠡᠰᠡᠨ ᠲᠤᠭᠲᠠᠭᠠᠯ ᠢ ᠰᠦᠢᠶᠤᠸᠠᠨ ᠮᠤᠵᠢ ᠶᠢᠨ ᠵᠠᠰᠠᠭ ᠤᠨ ᠤᠷᠲᠤᠨ ᠤ ᠳᠤᠭᠲᠠᠭᠠᠯ ᠤᠨ ᠬᠡᠯᠪᠡᠷᠢ ᠪᠠᠷ ᠭᠠᠷᠭᠠᠵᠠᠢ᠃       1937 ᠣᠨ ᠤ 10 ᠰᠠᠷ᠎ᠠ ᠳᠤ ᠭᠦᠬᠡᠬᠤᠳᠠ ᠪᠤᠭᠤᠳᠤ ᠬᠤᠲᠠ ᠵᠠᠯᠭᠠᠭᠠᠪᠠᠷ ᠳᠠᠶᠢᠰᠤᠨ ᠳᠤ ᠡᠵᠡᠯᠡᠭᠲᠡᠪᠡ᠃ ᠡᠨᠡ ᠦᠶ᠎ᠡ ᠳᠤ ᠴᠢ ᠵᠢᠶᠦ᠋ᠨ ᠹᠧᠩ ᠥᠶᠥᠸᠠᠨ ᠳᠤ ᠰᠠᠭᠤᠭ᠎ᠠ ᠭᠤᠮᠢᠨᠲᠠᠩ ᠤᠨ ᠮᠤᠷᠢᠲᠤ ᠴᠡᠷᠢᠭ ᠤᠨ ᠲᠤᠯᠤᠲᠤᠭᠠᠷ ᠳ᠋ᠢᠸᠢᠽᠢ ᠶᠢᠨ ᠲᠠᠷᠤᠭ᠎ᠠ ᠮᠧᠨ ᠪᠢᠩ ᠶᠤᠸᠠᠢ ᠲᠠᠢ ᠬᠤᠯᠪᠤᠭ᠎ᠠ ᠪᠠᠷᠢᠭᠠᠳ ᠶᠠᠫᠤᠨ ᠢ ᠡᠰᠡᠷᠬᠦᠴᠠᠬᠦ ᠡ᠊ᠩᠨᠡᠭᠡᠨ ᠳᠤ ᠤᠷᠤᠯᠴᠠᠵᠠᠢ᠃ 1938 ᠣᠨ ᠤ ᠪᠢᠯᠢᠭ ᠤᠨ ᠤᠯᠠᠷᠢᠯ ᠤᠨ ᠬᠤᠶᠠᠷ ᠰᠠᠷ᠎ᠠ ᠶᠢᠨ ᠰᠢᠨ᠎ᠡ ᠶᠢᠨ ᠬᠤᠶᠠᠷ ᠲᠤ ᠴᠢ ᠵᠢᠶᠦ᠋ᠨ ᠹᠧᠩ ᠠᠷᠪᠠ ᠭᠠᠷᠤᠢ ᠬᠦᠮᠦᠨ ᠲᠠᠭᠠᠭᠤᠯᠤᠨ ᠰᠦᠨᠢᠵᠢᠨ ᠠᠶᠠᠯᠠᠵᠤ ᠥᠶᠤᠸᠠᠨ ᠰᠢᠶᠠᠨ ᠤ ᠬᠤᠲᠠ ᠳᠤ ᠭᠦᠷᠴᠤ ᠶᠠᠫᠤᠨ ᠢ ᠡᠰᠡᠷᠭᠦᠴᠡᠭᠰᠡᠨ ᠪᠠᠶᠢᠨ᠎ᠠ᠃ ᠳᠤᠬᠠᠢ ᠶᠢᠨ ᠦᠶ᠎ᠡ ᠶᠢᠨ ︽ᠵᠦᠩᠶᠠᠩ ᠡᠳᠦᠷ ᠤᠨ ᠰᠤᠨᠢᠨ︾ ᠡᠨᠡ ᠬᠦ ᠤᠴᠢᠷ ᠢ ᠲᠤᠮᠤ ᠭᠠᠷᠴᠠᠭ ᠢᠶᠠᠷ ᠮᠡᠲᠡᠭᠡᠯᠡᠵᠦ᠂ ᠴᠢ ᠵᠢᠶᠦ᠋ᠨ ᠹᠧᠩ ᠢ ︽ᠶᠠᠫᠤᠨ ᠪᠤᠯᠤᠨ ᠬᠠᠭᠤᠷᠮᠠᠭ ᠴᠡᠷᠢᠭ ᠲᠤ ᠡᠵᠡᠯᠡᠭᠲᠡᠭᠰᠡᠨ ᠭᠠᠵᠠᠷ ᠠᠴᠠ ᠶᠠᠫᠤᠨ ᠢ ᠡᠰᠡᠷᠬᠦᠴᠠᠬᠦ ᠡ᠊ᠩᠨᠡᠭᠡᠨ ᠳᠤ ᠤᠷᠤᠵᠤ ᠢᠷᠡᠭᠰᠡᠨ ᠠᠩᠬᠠᠲᠠᠭᠴᠢ ᠮᠤᠩᠭᠤᠯ ᠸᠠᠩ ᠭᠦᠩ︾ ᠭᠡᠵᠤ ᠮᠡᠲᠡᠭᠡᠯᠡᠭᠰᠡᠨ ᠪᠠᠶᠢᠪᠠ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号