| | ᠯᠠᠪᠷᠤᠩ ᠬᠡᠶᠢᠳ ᠭᠠᠨᠰᠦ ᠮᠤᠵᠢ ᠶᠢᠨ ᠭᠠᠨᠨᠠᠨ ᠤ ᠳᠦᠪᠡᠳ ᠦᠨᠳᠦᠰᠦᠳᠡᠨ ᠤ ᠦᠪᠡᠷᠳᠡᠬᠡᠨ ᠵᠠᠰᠠᠬᠤ | ᠵᠸᠦ ᠶᠢᠨ ᠰᠢᠶᠠ ᠡᡁᠧ ᠰᠢᠶᠠᠨ ᠳᠤ ᠪᠤᠢ᠂ ᠳᠦᠪᠡᠳ ᠦᠬᠡ ᠪᠠᠷ ︽ᠭᠠᠳᠠᠨ ᠱᠠᠳᠷᠤᠪ ᠳ᠋ᠠᠷᠵᠠᠢ ᠷᠠᠰᠢ | ᠵᠠᠶᠢᠰᠦ᠋ᠴᠢᠯᠪᠢᠯᠢᠩ︾ ᠭᠡᠳᠡᠭ᠂ ︽ᠪᠠᠶᠠᠷ ᠬᠤᠷᠠᠬᠤ ᠪᠠᠰᠢᠯᠭᠠᠯ ᠬᠢᠬᠦ ᠦᠯᠵᠡᠢ ᠳᠡᠮᠪᠡᠷᠢᠯ ᠤᠷᠤᠰᠢᠬᠤ ᠪᠠᠷᠠᠭᠤᠨ | ᠡᠷᠬᠢᠯᠳᠡᠳᠦ ᠰᠦᠮ᠎ᠠ︾ ᠬᠡᠰᠡᠨ ᠤᠳᠬ᠎ᠠ ᠲᠠᠢ᠃ ᠳᠦᠬᠦᠮᠴᠢᠯᠡᠬᠡᠳ ᠷᠠᠰᠢᠴᠢ ᠰᠦᠮ᠎ᠠ ᠬᠡᠵᠦ ᠨᠡᠷᠡᠯᠡᠵᠦ᠂ | ᠶᠡᠷᠦ ᠳᠡᠭᠡᠨ ᠯᠠᠪᠷᠤᠩ ᠬᠡᠶᠢᠳ ᠬᠡᠵᠦ ᠬᠡᠯᠡᠳᠡᠭ᠃ ᠯᠠᠪᠷᠤᠩ ᠬᠡᠳᠡᠭ ᠨᠢ ᠳᠦᠪᠡᠳ ᠦᠬᠡ ᠶᠢᠨ ︽ᠷᠠᠽᠠᠩ︾ ᠬᠡᠰᠡᠨ | ᠦᠭᠡ ᠠᠴᠠ ᠬᠤᠪᠢᠷᠠᠵᠦ ᠢᠷᠡᠵᠠᠢ᠂ ᠬᠡᠬᠡᠨ ᠪᠠᠭᠰᠢ ᠶᠢᠨ ᠤᠷᠳᠤᠨ ᠬᠡᠰᠡᠨ ᠤᠳᠬ᠎ᠠ ᠲᠠᠢ᠃ ᠳᠦᠪᠡᠳ ᠤᠨ | ᠭᠧᠯᠦᠭᠪᠠ ᠶᠢᠨ ᠪᠦᠯᠦᠭ ᠤᠨ ᠵᠢᠷᠭᠤᠭᠠᠨ ᠶᠡᠭᠡ ᠰᠦᠮ᠎ᠠ ᠶᠢᠨ ᠨᠢᠬᠡ᠂ ᠳᠡᠯᠡᠬᠡᠢ ᠳ᠋ᠡᠬᠢᠨ ᠳᠤ ︽ᠳᠡᠯᠡᠬᠡᠢ ᠶᠢᠨ | ᠳᠦᠪᠡᠳ ᠤᠨ ᠰᠤᠳᠤᠯᠤᠯ ᠤᠨ ᠤᠷᠳᠤᠨ︾ ᠬᠡᠮᠡᠨ ᠠᠯᠳᠠᠷᠰᠢᠵᠡᠢ᠃ ᠬᠦᠭᠵᠢᠵᠦ ᠮᠠᠨᠳᠤᠵᠤ ᠪᠠᠶᠢᠬᠰᠠᠨ ᠦᠶ᠎ᠠ ᠳᠡᠭᠡᠨ | 4000 ᠭᠠᠷᠤᠢ ᠯᠠᠮᠠ ᠬᠤᠸᠠᠷᠠᠬ ᠲᠠᠢ ᠪᠠᠶᠢᠵᠠᠢ᠃ 1980 ᠤᠨ ᠠᠴᠠ ᠨᠡᠬᠡᠬᠡᠯᠳᠡ ᠬᠢᠵᠦ ᠵᠤᠭᠠᠴᠠᠯ ᠤᠨ ᠭᠠᠵᠠᠷ | ᠪᠤᠯᠭᠠᠵᠠᠢ᠃ | ᠰᠠᠶᠢᠬᠠᠨ ᠵᠠᠪᠠᠢ ᠪᠤᠭᠤᠮᠳᠠ ︵ᠵᠢᠶᠠ ᠢᠤᠢ ᠭᠤᠸᠠᠨ ᠪᠤᠭᠤᠮᠳᠠ︶ ᠭᠠᠨᠰᠦ ᠮᠤᠵᠢ ᠶᠢᠨ ᠵᠢᠶᠠ ᠢᠤᠢ ᠭᠤᠸᠠᠨ | ᠬᠤᠳᠠ ᠠᠴᠠ ᠪᠠᠷᠠᠭᠤᠨᠰᠢ 5 ᠺᠢᠯᠦᠮᠧᠲᠷ ᠵᠠᠶᠢᠳᠠᠢ ᠰᠠᠶᠢᠬᠠᠨ ᠵᠠᠪᠠᠢ ᠠᠭᠤᠯᠠ ᠶᠢᠨ ᠬᠠᠮᠤᠬ ᠢᠪᠴᠤᠤ ᠨᠠᠷᠢᠨ | ᠠᠭᠤᠯᠠᠨ ᠵᠢᠯᠠᠭ᠎ᠠ ᠶᠢᠨ ᠳᠤᠮᠳᠡ ᠪᠡᠶ᠎ᠠ ᠪᠠᠷ ᠪᠠᠶᠢᠷᠢᠯᠠᠵᠦ᠂ ᠯᠠᠨᠵᠧᠤ ᠠᠴᠠ ᠦᠷᠦᠮᠴᠢ ᠬᠦᠷᠬᠦ ᠭᠠᠯᠳᠦ ᠲᠡᠷᠭᠡ ᠲᠡᠨᠡᠭᠦᠷ | ᠦᠩᠭᠡᠷᠡᠳᠡᠭ᠃ ᠠᠭᠤᠯᠠᠨ ᠬᠢᠷ᠎ᠠ ᠶᠢ ᠳᠠᠭᠠᠭᠤᠯᠵᠤ ᠪᠠᠶᠢᠭᠤᠯᠤᠭᠰᠠᠨ ᠡᠨᠡᠬᠦ ᠪᠤᠭᠤᠮᠳᠠ ᠦᠨᠳᠦᠷ ᠰᠦᠷᠯᠢᠭ ᠪᠡᠷᠬᠡ | ᠪᠠᠷᠳᠠᠭ᠎ᠠ ᠲᠠᠢ ᠪᠠᠶᠢᠵᠤ᠂ ᠡᠷᠳᠡᠨ ᠠᠴᠠ ᠠᠪᠤᠭᠠᠳ ᠵᠡᠭᠦᠨ ᠠᠴᠠ ᠪᠠᠷᠠᠭᠤᠨᠰᠢ ᠨᠡᠪᠲᠡᠷᠡᠬᠦ ᠵᠠᠮ ᠤᠨ ᠴᠢᠬᠤᠯᠠ | ᠪᠤᠭᠤᠮᠳᠠ ᠪᠠᠶᠢᠪᠠ᠃ ᠲᠤᠰ ᠪᠤᠭᠤᠮᠳᠠ ᠡᠷᠳᠡᠨ ᠤ ︽ᠲᠤᠷᠭᠠᠨ ᠵᠠᠮ︾ ᠤᠨ ᠵᠠᠮ ᠬᠠᠷᠢᠯᠴᠠᠭᠠᠨ ᠤ ᠴᠢᠬᠤᠯᠠ | ᠪᠤᠭᠤᠮᠳᠠ ᠪᠦᠭᠡᠳ ᠳᠤᠮᠳᠠᠳᠤ ᠤᠯᠤᠰ ᠤᠨ ᠲᠦᠮᠡᠨ ᠭᠠᠵᠠᠷ ᠤᠨ ᠤᠷᠳᠤ ᠴᠠᠭᠠᠨ ᠬᠡᠷᠡᠮ ᠤᠨ ᠭᠤᠷᠪᠠᠨ ᠶᠡᠭᠡ | ᠭᠠᠶᠢᠬᠠᠮᠰᠢᠬᠳᠦ ᠦᠵᠡᠮᠵᠢ ᠶᠢᠨ ᠨᠢᠬᠡ ᠪᠤᠯᠤᠨ᠎ᠠ᠃ ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢ ᠪᠠᠷ | ᠲᠤᠳᠤᠷ ᠭᠠᠵᠠᠷ ᠤᠨ ᠤᠯᠠᠨ ᠬᠢᠲᠠᠳ ᠠᠷᠠᠳ ᠲᠤᠰ ᠪᠤᠭᠤᠮᠳᠠ ᠪᠠᠷ ᠦᠪᠦᠷ ᠮᠤᠩᠭᠤᠯ ᠤᠷᠤᠨ ᠳᠤ ᠤᠷᠤᠵᠤ | ᠢᠷᠡᠭᠰᠡᠨ ᠶᠤᠮ᠃ | | |