| | ᠭᠠᠨᠰᠤ ᠶᠢᠨ ᠳ᠋ᠦᠨᠬᠤᠸᠠᠩ ᠤᠨ ᠮᠦᠸᠧ ᠭᠤᠤ ᠠᠭᠤᠢ ᠶᠢ ᠪᠠᠰᠠ ᠮᠢᠩᠭᠠᠨ ᠪᠤᠷᠬᠠᠨ ᠤ ᠠᠭᠤᠢ ᠭᠡᠳᠡᠭ᠂ | ᠮᠠᠨ ᠤ ᠤᠯᠤᠰ ᠤᠨ ᠭᠤᠷᠪᠠᠨ ᠲᠤᠮᠤ ᠠᠭᠤᠢ ᠶᠢᠨ ᠨᠢᠭᠡ᠂ ᠡᠷᠳᠡᠨ ᠤ ᠲᠤᠷᠭᠠᠨ ᠵᠠᠮ ᠳᠡᠭᠡᠷᠡᠬᠢ ᠭᠡᠷᠡᠯᠳᠦ ᠰᠤᠪᠤᠳ | ᠪᠤᠯᠤᠨ᠎ᠠ᠃ ᠲᠤᠰ ᠠᠭᠤᠢ ᠶᠢ ᠠᠷᠪᠡᠨ ᠵᠢᠷᠭᠤᠭᠠᠨ ᠤᠯᠤᠰ ︵ᠤᠨ ᠲᠤᠭᠠᠯᠠᠯ ᠤᠨ 304 — 439 ᠤᠨ︶ ᠤᠨ | ᠰᠡᠭᠦᠯᠴᠢ ᠪᠠᠷ ᠯᠤ᠋ ᠽᠦᠨ ᠬᠤᠤᠱᠠᠩ ᠠᠴᠠ ᠠᠩᠬᠠᠨ ᠤ ᠠᠭᠤᠢ ᠶᠢ ᠡᠬᠢᠯᠡᠨ ᠪᠠᠶᠢᠭᠤᠯᠵᠦ᠂ ᠠᠷᠪᠡᠨ ᠵᠢᠷᠭᠤᠭᠠᠨ | ᠤᠯᠤᠰ᠂ ᠤᠮᠠᠷᠠᠳᠦ ᠲᠦᠷᠦ᠂ ᠰᠦᠢ᠂ ᠲᠠᠩ᠂ ᠲᠠᠪᠤᠨ ᠦᠶ᠎ᠠ᠂ ᠪᠠᠷᠠᠭᠤᠨ ᠰᠢᠶᠠ᠂ ᠶᠤᠸᠠᠨ ᠤᠯᠤᠰ ᠵᠡᠷᠭᠡ | ᠦᠶ᠎ᠠ ᠳᠤ ᠦᠷᠭᠡᠳᠭᠡᠨ ᠪᠠᠶᠢᠭᠤᠯᠬᠤ ᠪᠠᠷ ᠳᠠᠮᠵᠢᠭᠠᠳ᠂ 735 ᠠᠭᠤᠢ ᠲᠠᠢ᠂ 4.5 ᠲᠦᠮᠡᠨ ᠲᠡᠭᠰᠢ ᠲᠦᠷᠪᠡᠯᠵᠢᠨ | ᠮᠧᠲᠷ ᠤᠨ ᠲᠠᠯᠠᠪᠠᠢ ᠪᠦᠬᠦᠢ ᠬᠠᠨ᠎ᠠ ᠶᠢᠨ ᠵᠢᠷᠤᠭ ᠲᠠᠢ᠂ 2415 ᠢᠵᠢ ᠪᠤᠳᠤᠭᠳᠤ ᠰᠢᠪᠠᠷ ᠱᠤᠭᠤᠮᠠᠯ ᠲᠠᠢ᠂ | ᠤᠳᠤᠬᠠᠨ ᠤ ᠳᠡᠯᠡᠭᠡᠢ ᠳᠡᠭᠡᠷᠡᠬᠢ ᠬᠡᠪᠴᠢᠶ᠎ᠠ ᠪᠠᠷ ᠬᠠᠮᠤᠭ ᠶᠡᠭᠡ᠂ ᠠᠭᠤᠯᠭ᠎ᠠ ᠪᠠᠷ ᠬᠠᠮᠤᠭ ᠪᠠᠶᠠᠯᠢᠭ ᠪᠤᠷᠬᠠᠨ | ᠱᠠᠰᠢᠨ ᠤ ᠤᠷᠠᠯᠢᠭ ᠤᠨ ᠡᠷᠳᠡᠨᠢᠰ ᠤᠨ ᠰᠠᠩ ᠪᠤᠯᠵᠠᠢ᠃ 1961 ᠤᠨ ᠳᠤ ᠲᠦᠷᠦ ᠶᠢᠨ ᠶᠠᠪᠤᠳᠠᠯ ᠤᠨ | ᠬᠤᠷᠢᠶ᠎ᠠ ᠠᠴᠠ ᠮᠦᠸᠧ ᠭᠤᠤ ᠠᠭᠤᠢ ᠶᠢ ᠳᠤᠮᠳᠠᠳᠤ ᠤᠯᠤᠰ ᠤᠨ ᠲᠦᠷᠦᠭᠦᠦ ᠪᠦᠯᠦᠭ ᠪᠦᠬᠦ ᠤᠯᠤᠰ ᠤᠨ | ᠭᠤᠤᠯᠳᠠᠯᠭ᠎ᠠ ᠲᠠᠢ ᠲᠡᠦᠭᠡ ᠶᠢᠨ ᠲᠤᠷᠠᠰᠬᠠᠯᠳᠦ ᠵᠦᠢᠯᠡᠰ ᠤᠨ ᠬᠠᠮᠠᠭᠠᠯᠠᠯᠳᠠ ᠶᠢᠨ ᠭᠠᠵᠠᠷ ᠤᠨ ᠨᠢᠭᠡ ᠪᠤᠯᠭᠠᠪᠠ᠃ | 1987 ᠤᠨ ᠳᠤ᠂ ᠮᠦᠸᠧ ᠭᠤᠤ ᠠᠭᠤᠢ ᠳᠡᠯᠡᠭᠡᠢ ᠶᠢᠨ ᠰᠤᠶᠤᠯ ᠤᠨ ᠦᠪ ᠲᠤ ᠪᠦᠷᠢᠳᠭᠡᠭᠳᠡᠵᠠᠢ᠃ | ᠶᠤᠸᠠᠢ ᠶᠠ ︵ᠬᠠᠪᠢᠷᠭᠠᠨ ᠰᠠᠷ᠎ᠠ︶ ᠪᠤᠯᠠᠭ ᠢ ᠡᠷᠳᠡ ᠳᠡᠭᠡᠷ᠎ᠠ ᠦᠶ᠎ᠠ ᠳᠤ ᠡᠯᠡᠰᠦᠨ ᠬᠤᠳᠲᠤᠭ ᠭᠡᠵᠦ ᠪᠠᠶᠢᠵᠠᠢ | ᠂ ᠪᠠᠰᠠ ᠡᠮᠲᠦ ᠪᠤᠯᠠᠭ ᠭᠡᠲᠡᠭ᠂ ᠭᠠᠨᠰᠦ ᠮᠤᠵᠢ ᠶᠢᠨ ᠾᠧᠰᠢ ᠶᠢᠨ ᠬᠤᠩᠬᠢᠯ ᠤᠨ ᠪᠠᠷᠠᠭᠤᠨ ᠦᠵᠦᠭᠦᠷ ᠤᠨ | ᠳ᠋ᠦᠨᠬᠤᠸᠠᠩ ᠬᠤᠲᠠ ᠠᠴᠠ ᠪᠠᠷᠠᠭᠤᠨ ᠡᠮᠦᠨᠡᠰᠢ ᠪᠠᠨ 5 ᠺᠢᠯᠤᠮᠧᠲᠷ ᠵᠠᠶᠢᠲᠠᠢ ᠮᠢᠩ ᠱᠠ ᠱᠠᠨ ᠠᠭᠤᠯᠠ ᠶᠢᠨ ᠶᠤᠸᠠᠢ | ᠶᠠ ᠪᠤᠯᠠᠭ ᠤᠨ ᠦᠵᠡᠮᠵᠢ ᠶᠢᠨ ᠤᠷᠤᠨ ᠳᠤ ᠪᠠᠭᠳᠠᠵᠤ᠂ ᠮᠢᠩ ᠱᠠ ᠱᠠᠨ ᠠᠭᠤᠯᠠ ᠶᠢᠨ ᠬᠤᠶᠢᠳᠦ ᠪᠡᠯ ᠳᠤ ᠪᠠᠶᠢᠨ᠎ᠠ | ᠃ ᠬᠠᠠ ᠤᠯᠤᠰ ᠤᠨ ᠦᠶ᠎ᠠ ᠠᠴᠠ ᠠᠪᠤᠭᠠᠳ ︽ᠳ᠋ᠦᠨᠬᠤᠸᠠᠩ ᠤᠨ ᠨᠠᠢᠮᠠᠠ ᠦᠵᠡᠮᠵᠢ︾ ᠶᠢᠨ ᠨᠢᠭᠡ ᠬᠡᠮᠡᠭᠳᠡᠪᠡ᠃ | ᠶᠤᠸᠠᠢ ᠶᠠ ᠪᠤᠯᠠᠭ ᠡᠮᠦᠨ᠎ᠠ ᠤᠮᠠᠷ᠎ᠠ ᠪᠠᠷ ᠢᠶᠠᠨ 100 ᠮᠧᠲᠷ ᠤᠷᠳᠤ᠂ ᠵᠡᠭᠦᠨᠰᠢ ᠪᠠᠷᠠᠭᠤᠨᠰᠢ ᠪᠠᠨ 25 ᠮᠧᠲᠷ | ᠤᠷᠴᠢᠮ ᠦᠷᠭᠡᠨ ᠪᠠᠶᠢᠵᠦ᠂ ᠵᠡᠭᠦᠨ ᠪᠡᠶ᠎ᠠ ᠶᠢᠨ ᠬᠠᠮᠤᠭ ᠬᠦᠨ ᠬᠡᠰᠡᠭ ᠨᠢ 5 ᠮᠧᠲᠷ ᠤᠷᠴᠢᠮ ᠭᠦᠨ ᠪᠠᠶᠢᠳᠠᠭ᠂ | ᠬᠠᠪᠢᠷᠭᠠᠨ ᠰᠠᠷ᠎ᠠ ᠮᠡᠳᠦ ᠭᠠᠳᠠᠷ ᠳᠦᠷᠬᠦ ᠲᠠᠢ ᠪᠠᠷ ᠢᠶᠠᠨ ᠶᠤᠸᠠᠢ ᠶᠠ ᠪᠤᠯᠠᠭ ᠭᠡᠰᠡᠨ ᠨᠡᠷ᠎ᠠ ᠤᠯᠵᠠᠢ᠃ ᠪᠤᠯᠠᠭ ᠤᠨ | ᠲᠤᠲᠤᠷ᠎ᠠ ᠨᠢ ᠵᠠᠮᠠᠭ ᠡᠪᠡᠰᠦ ᠤᠷᠭᠤᠵᠦ᠂ ᠡᠮᠦᠨ᠎ᠠ ᠬᠦᠪᠡᠭᠡ ᠪᠠᠷ ᠨᠢ ᠢᠡᠡᠴᠤ ᠰᠠᠬᠤᠯᠢᠭ ᠬᠤᠯᠤᠰᠤ ᠲᠠᠢ᠂ ᠲᠦᠷᠪᠡᠡ | ᠲᠠᠯ᠎ᠠ ᠪᠠᠷ ᠨᠢ ᠨᠡᠭᠦᠲᠠᠯ ᠡᠯᠡᠰᠦᠠ ᠴᠤᠬᠢᠶ᠎ᠠ ᠳᠤ ᠬᠦᠷᠢᠶᠡᠯᠡᠭᠳᠡᠵᠦ᠂ ᠬᠡᠳᠦᠢ ᠶᠡᠭᠡ ᠰᠠᠯᠬᠢ ᠰᠠᠯᠬᠢᠯᠠᠭᠰᠠᠠ ᠴᠤ | ᠪᠤᠯᠠᠭ ᠨᠢ ᠪᠤᠯᠠᠭᠲᠠᠲᠠᠭ ᠦᠭᠡᠢ ᠪᠢᠯᠡ᠃ | | |