ᠪᠦᠷᠳᠡ ᠴᠢᠨ᠋ᠸ᠎ᠠ ᠶᠢᠨ ᠲᠤᠬᠠᠢ
ᠨᠡᠶᠢᠲᠡᠯᠡᠭᠰᠡᠨ ᠴᠠᠭ᠄
2019/12/13
          ︽ᠮᠤᠩᠭᠤᠯ ᠤᠨ ᠨᠢᠭᠤᠴᠠ ᠲᠤᠪᠴᠢᠶᠠᠨ︾ ᠬᠠᠭᠤᠳᠠᠰᠤ ᠰᠡᠬᠦᠮᠡᠭᠴᠡ ᠴᠢᠩᠭᠢᠰ ᠬᠠᠭᠠᠨ ᠤ ᠢᠵᠠᠭᠤᠷ ᠠᠨᠤ ᠲᠡᠭᠡᠳᠦ ᠲᠡᠭᠷᠢ ᠠᠴᠠ ᠵᠠᠶᠠᠭᠠᠵᠤ ᠲᠦᠷᠦᠭᠰᠡᠨ ᠪᠦᠷᠳᠡ ᠴᠢᠨ᠋ᠸ᠎ᠠ᠂ ᠬᠡᠷᠬᠡᠢ ᠭᠤᠸ᠎ᠠ ᠮᠠᠷᠠᠯ ᠠᠵᠢ᠃ ᠲᠠᠩᠭᠢᠰ ᠠᠴᠠ ᠬᠡᠲᠦᠯᠦᠨ ᠢᠷᠡᠵᠤ ᠤᠨᠤᠨ ᠮᠦᠷᠡᠨ ᠤ ᠡᠬᠢ᠂ ᠪᠤᠷᠬᠠᠨ ᠬᠠᠯᠲᠤᠨ ᠳᠤ ᠨᠤᠲᠤᠬᠯᠠᠵᠤ ᠬᠦᠪᠡᠭᠦᠨ ᠪᠠᠳᠠᠴᠢ ᠬᠠᠨ ᠢ ᠲᠦᠷᠦᠪᠡ ᠭᠡᠵᠤ ᠮᠤᠩᠭᠤᠯ ᠠᠶᠢᠮᠠᠭ ᠤᠨ ᠬᠠᠮᠤᠭ ᠤᠨ ᠡᠷᠲᠡᠨ ᠤ ᠲᠡᠭᠡᠳᠦᠰ ᠪᠦᠷᠳᠡ ᠴᠢᠨ᠋ᠸ᠎ᠠ ᠶᠢ ᠲᠡᠮᠲᠡᠭᠯᠡᠭᠰᠡᠨ ᠪᠠᠶᠢᠨ᠎ᠠ᠃ ᠬᠡᠲᠡᠯ᠎ᠡ ᠠᠷᠪᠠᠨ ᠲᠤᠯᠤᠳᠤᠭᠠᠷ ᠵᠠᠭᠤᠨ ᠠᠴᠠ ᠡᠬᠢᠯᠡᠨ ᠮᠤᠩᠭᠤᠯ ᠤᠨ ᠲᠡᠤᠬᠡᠴᠢᠨ ᠮᠤᠩᠭᠤᠯ ᠤᠨ ᠲᠡᠤᠬᠡ ᠶᠢ  ᠪᠢᠴᠢᠬᠦ ᠳᠤ ᠪᠠᠨ ᠮᠤᠩᠭᠤᠯ ᠬᠠᠭᠠᠳ ᠤᠨ ᠤᠭ ᠲᠡᠭᠡᠳᠦ ᠪᠦᠷᠳᠡ ᠴᠢᠨ᠋ᠸ᠎ᠠ ᠭᠤᠸ᠎ᠠ ᠮᠠᠷᠠᠯ ᠨᠢ ᠲᠦᠪᠡᠳ ᠤᠨ ︽ᠠᠯᠲᠠᠨ ᠰᠠᠨᠳᠠᠯᠢᠲᠤ ᠬᠠᠭᠠᠨ ᠤ ᠤᠳᠬᠤᠨ ᠬᠦᠪᠡᠭᠦᠨ︾ ᠬᠡᠵᠤ ᠲᠡᠮᠲᠡᠭᠯᠡᠵᠡᠢ᠃ ᠡᠨᠡ ᠪᠤᠯ ᠲᠡᠤᠬᠡ ᠶᠢᠨ ᠪᠤᠳᠠᠳᠤ ᠬᠡᠷᠡᠭ ᠲᠠᠢ ᠡᠰᠡ ᠨᠡᠶᠢᠴᠡᠬᠦ ᠦᠭᠦᠯᠡᠯ ᠶᠤᠮ᠃ ᠯᠢᠤ ᠶᠢᠨ ᠰᠦᠸᠧ ᠨᠦᠬᠦᠷ ᠲᠡᠭᠦᠨ ᠤ ︽ᠠᠷᠪᠠᠨ ᠭᠤᠷᠪᠠ — ᠠᠷᠪᠠᠨ ᠲᠤᠯᠤᠳᠤᠭᠠᠷ ᠵᠠᠭᠤᠨ ᠤ ᠮᠤᠩᠭᠤᠯ ᠤᠨ ᠲᠡᠤᠬᠡ ᠪᠢᠴᠢᠯᠭᠡ︾ ᠬᠡᠬᠦ ᠨᠤᠮ ᠳᠤ ᠪᠠᠨ ᠡᠨᠡ ᠬᠦ ᠬᠡᠢ ᠦᠵᠡᠯ ᠤᠨ ᠢᠷᠡᠯᠲᠡ ᠶᠢᠨ ᠲᠤᠬᠠᠢ ᠰᠢᠨᠵᠢᠯᠡᠭᠡ ᠬᠢᠵᠤ ᠦᠭᠦᠯᠡᠭᠰᠡᠨ ᠨᠢ᠄ ︽ᠡᠨᠡᠳᠬᠡᠭ ᠲᠦᠪᠡᠳ ᠠᠴᠠ ᠦᠨᠳᠦᠰᠦᠯᠡᠭᠰᠡᠨ ᠭᠡᠳᠡᠭ ᠦᠵᠡᠯ ᠠᠩᠬ᠎ᠠ ᠲᠡᠷᠢᠭᠦᠨ᠎ᠡ ᠫᠠᠭᠫᠠ ᠯᠠᠮᠠ᠂ ᠯᠠᠮᠠ ᠶᠢᠨ ᠱᠠᠰᠢᠨ ᠢ ᠮᠤᠩᠭᠤᠯ ᠬᠠᠭᠠᠳ ᠲᠦᠰᠢᠮᠡᠳ ᠲᠤ ᠰᠡᠳᠦᠭᠦᠯᠬᠦ ᠶᠢᠨ ᠲᠦᠯᠦᠭᠡ ᠮᠤᠩᠭᠤᠯ ᠬᠠᠭᠠᠳ ᠪᠤᠯ ᠡᠷᠬᠢᠨ ᠪᠤᠳᠢᠰᠤᠩ ᠨᠠᠷ ᠤᠨ ᠲᠦᠷᠦᠯᠲᠡᠨ — ᠡᠨᠡᠳᠬᠡᠭ ᠲᠦᠪᠡᠳ ᠠᠴᠠ ᠦᠨᠳᠦᠰᠦᠯᠡᠭᠰᠡᠨ ᠭᠡᠵᠤ ᠦᠭᠦᠯᠡᠭᠰᠡᠨ ᠪᠠᠶᠢᠨ᠎ᠠ᠃ ᠭᠡᠪᠡᠴᠤ ᠫᠠᠭᠫᠠ ᠯᠠᠮᠠ ᠶᠢᠨ ᠡᠨᠡ ᠦᠵᠡᠯ ᠨᠢ  ᠲᠤᠬᠠᠢ ᠶᠢᠨ ᠦᠶ᠎ᠡ ᠳᠤ ᠵᠦᠪᠬᠡᠨ ᠬᠠᠭᠠᠨ ᠤᠷᠳᠤᠨ ᠪᠤᠶᠤ ᠲᠡᠭᠡᠳᠦ ᠲᠠᠪᠬᠤᠷᠭᠠᠲᠠᠨ ᠤ ᠲᠤᠮᠳᠠ ᠯᠠ ᠲᠡᠯᠭᠡᠷᠡᠭᠰᠡᠨ ᠠᠴᠠ ᠪᠢᠰᠢ᠂ ᠨᠡᠶᠢᠬᠡᠮ ᠨᠡᠶᠢᠲᠡ ᠳᠤ ᠲᠡᠯᠭᠡᠷᠡᠭᠰᠡᠨ ᠦᠭᠡᠢ ᠪᠠᠶᠢᠯ᠎ᠠ᠃ ᠮᠦᠨ ᠲᠡᠭᠦᠨᠴᠢᠯᠡᠨ ᠲᠡᠤᠬᠡ ᠶᠢᠨ ᠤᠬᠠᠭᠠᠨ ᠳᠤ ᠴᠤ ᠨᠤᠶᠠᠷᠬᠠᠬᠤ ᠪᠠᠶᠢᠷᠢ ᠶᠢ ᠡᠵᠡᠯᠡᠭᠡᠳᠦᠢ ᠪᠠᠶᠢᠵᠠᠢ᠃ ᠠᠷᠪᠠᠨ ᠲᠠᠪᠤᠳᠤᠭᠠᠷ ᠵᠠᠭᠤᠨ ᠤ ᠦᠶ᠎ᠡ ᠳᠤ ᠪᠢᠴᠢᠭᠳᠡᠭᠰᠡᠨ ᠮᠤᠩᠭᠤᠯ ᠤᠨ ᠲᠡᠤᠬᠡ ︽ᠬᠦᠬᠡ ᠲᠡᠪᠲᠡᠷ︾ ᠲᠤ ᠮᠤᠩᠭᠤᠯ ᠤᠨ ᠲᠡᠭᠡᠳᠦᠰ ᠪᠤᠯ ᠪᠦᠷᠳᠡ ᠴᠢᠨ᠋ᠸ᠎ᠠ ᠭᠡᠵᠤ ᠪᠢᠴᠢᠭᠰᠡᠨ ᠠᠴᠠ ᠪᠢᠰᠢ᠂ ᠲᠡᠭᠦᠨ ᠢ ᠡᠨᠡᠳᠬᠡᠭ ᠲᠦᠪᠡᠳ ᠤᠨ ᠭᠠᠷᠤᠯ ᠲᠠᠢ ᠭᠡᠵᠤ ᠪᠢᠴᠢᠭᠰᠡᠨ ᠦᠭᠡᠢ᠃ ᠠᠷᠪᠠᠨ ᠵᠢᠷᠭᠤᠳᠤᠭᠠᠷ ᠵᠠᠭᠤᠨ ᠤ ᠰᠡᠭᠦᠯᠴᠢ ᠶᠢᠨ ᠦᠶ᠎ᠡ᠂ ᠪᠤᠷᠬᠠᠨ ᠱᠠᠰᠢᠨ ᠮᠤᠩᠭᠤᠯ ᠤᠷᠤᠨ ᠳᠤ ᠲᠡᠯᠭᠡᠷᠡᠨ ᠮᠤᠩᠭᠤᠯ ᠤᠨ ᠤᠶᠤᠲᠠᠳ᠂ ᠰᠡᠭᠡᠭᠡᠲᠡᠨ ᠨᠠᠷ ᠴᠤ ᠪᠤᠷᠬᠠᠨ ᠨᠤᠮ ᠢ ᠰᠤᠷᠴᠤ ᠪᠤᠷᠬᠠᠨ ᠱᠠᠰᠢᠨ ᠢ ᠰᠢᠲᠦᠲᠡᠭ ᠪᠤᠯᠪᠠ᠃ ᠮᠤᠩᠭᠤᠯ ᠤᠨ ᠲᠡᠤᠬᠡ ᠪᠢᠴᠢᠯᠭᠡ ᠴᠤ ᠪᠤᠷᠬᠠᠨ ᠱᠠᠰᠢᠨ ᠳᠤ ᠬᠦᠨ ᠶᠡᠭᠡ ᠨᠦᠯᠦᠭᠡᠯᠡᠭᠳᠡᠪᠡ᠃ ᠠᠷᠪᠠᠨ ᠲᠤᠯᠤᠳᠤᠭᠠᠷ ᠵᠠᠭᠤᠨ ᠠᠴᠠ ᠡᠬᠢᠯᠡᠨ ᠮᠤᠩᠭᠤᠯ ᠤᠨ ᠲᠡᠤᠬᠡᠴᠢᠨ ᠮᠤᠩᠭᠤᠯ ᠤᠨ ᠲᠡᠤᠬᠡ ᠶᠢ ᠪᠢᠴᠢᠬᠦ ᠳᠤ ᠪᠠᠨ ᠫᠠᠭᠫᠡ ᠯᠠᠮᠠ ᠶᠢᠨ ᠦᠵᠡᠯ ᠢ ᠪᠠᠷᠢᠮᠲᠠᠯᠠᠨ ᠡᠨᠡᠳᠬᠡᠭ — ᠲᠦᠪᠡᠳ — ᠮᠤᠩᠭᠤᠯ ᠤᠨ ᠬᠠᠭᠠᠳ ᠪᠤᠯ ᠢᠵᠠᠭᠤᠷ ᠨᠢᠭᠡᠲᠡᠢ ᠭᠡᠵᠤ ᠪᠢᠴᠢᠳᠡᠭ ᠪᠤᠯᠵᠠᠢ︾ ᠭᠡᠵᠡᠢ᠃ ᠡᠶᠢᠮᠤ ᠠᠴᠠ ᠪᠢᠳᠠ ᠮᠤᠩᠭᠤᠯ ᠤᠨ ᠲᠡᠭᠡᠳᠦᠰ ᠢ ᠪᠢᠴᠢᠬᠦ ᠳᠤ ᠪᠠᠨ ᠡᠷᠬᠡᠪᠰᠢ ︽ᠮᠤᠩᠭᠤᠯ ᠤᠨ ᠨᠢᠭᠤᠴᠠ ᠲᠤᠪᠴᠢᠶᠠᠨ︾ ᠢ ᠪᠠᠷᠢᠮᠲᠠᠯᠠᠬᠤ ᠴᠢᠬᠤᠯᠠᠲᠠᠢ ᠪᠤᠢ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号