ᠪᠣᠳᠣᠯᠭᠠᠳᠦ ᠴᠢᠨ ᠸᠠᠩ ᠰᠡᠩᠭᠡᠷᠢᠨᠴᠢᠨ
ᠨᠡᠶᠢᠲᠡᠯᠡᠭᠰᠡᠨ ᠴᠠᠭ᠄
2019/12/13
  ᠴᠢᠩ ᠤᠯᠤᠰ ᠤᠨ ᠥᠶ᠎ᠠ ᠶᠢᠨ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠵᠠᠰᠠᠭ ᠴᠢᠨ ᠸᠠᠩ᠂ ᠪᠤᠷᠵᠢᠬᠢᠨ ᠤᠪᠤᠭ ᠲᠠᠢ᠃ ᠳᠥᠷᠤ ᠭᠡᠷᠡᠯᠳᠤ ᠶᠢᠨ 5 ᠳ᠋ᠤᠭᠠᠷ ᠤᠨ ︵1825 ᠤᠨ︶ ᠳᠤ ᠵᠠᠰᠠᠭ ᠳᠥᠷᠤ ᠶᠢᠨ ᠵᠢᠶᠦ᠋ᠨ ᠸᠠᠩ ᠤᠨ ᠵᠡᠷᠭᠡ ᠶᠢ ᠵᠠᠯᠭᠠᠮᠵᠢᠯᠠᠵᠤ᠂ ᠳᠥᠭᠡᠮᠡᠯ ᠡᠯᠪᠡᠭᠳᠤ ᠶᠢᠨ 3 ᠳ᠋ᠤᠭᠠᠷ ᠤᠨ ︵1853 ᠤᠨ︶ ᠳᠤ ᠬᠤᠤᠪᠢ ᠶᠢᠨ ᠰᠠᠶᠢᠳ ᠤᠨ ᠳᠥᠰᠢᠶᠠᠯ ᠳᠤ ᠳᠡᠪᠰᠢᠨ᠂ ᠵᠠᠷᠯᠢᠭ ᠢᠶᠠᠷ ᠮᠤᠷᠢᠳᠤ ᠴᠡᠷᠢᠭ ᠳᠠᠶᠢᠴᠢᠯᠠᠵᠤ ᠾᠧᠪᠸᠢ᠂ ᠱᠠᠨᠳᠦ᠋ᠡᠭ ᠵᠡᠷᠭᠡ ᠭᠠᠵᠠᠷ ᠲᠤ ᠲᠠᠢ ᠫᠢᠡᠭ ᠳᠢᠶᠠᠨ ᠬᠥᠸᠧ ᠶᠢᠨ ᠬᠥᠳᠡᠯᠭᠡᠭᠡᠨ ᠤ ᠤᠮᠠᠷᠠᠰᠢ ᠳᠠᠶᠢᠯᠠᠭᠰᠠᠨ ᠴᠡᠷᠢᠭ ᠢ ᠬᠤᠷᠢᠭᠯᠠᠨ ᠪᠠᠶᠢᠯᠳᠤᠪᠠ᠃ 5 ᠳ᠋ᠤᠭᠠᠷ ᠤᠨ ᠳᠤ ᠱᠠᠨᠳᠦ᠋ᠡᠭ ᠳᠤ ᠤᠮᠠᠷᠠᠰᠢ ᠳᠠᠶᠢᠯᠠᠭᠰᠠᠨ ᠴᠡᠷᠢᠭ ᠢ ᠢᠯᠠᠵᠤ᠂ ᠯᠢᠨ ᠹᠸᠡᠭ ᠰᠢᠶᠠᠩ᠂ ᠯᠢ ᠺᠠᠢ ᠹᠠᠨᠭ᠌ ᠵᠡᠷᠭᠡ ᠲᠠᠢ ᠫᠢᠡᠭ ᠵᠢᠶᠦ᠋ᠨ ᠴᠡᠷᠢᠭ ᠤᠨ ᠭᠤᠤᠯ ᠵᠠᠩᠵᠤᠨ ᠨᠠᠷ ᠢ ᠠᠯᠠᠭᠰᠠᠨ ᠳᠤᠯᠠ ᠪᠤᠳᠤᠯᠭᠠᠳᠠᠢ ᠴᠢᠨ ᠸᠠᠩ ᠡᠷᠬᠦᠮᠵᠢᠯᠡᠭᠳᠡᠵᠡᠢ᠃ ᠬᠤᠶᠠᠳᠤᠭᠠᠷ ᠤᠳᠠᠭᠠᠨ ᠤ ᠬᠠᠷ᠎ᠠ ᠳᠠᠮᠠᠬᠢ ᠶᠢᠨ ᠳᠠᠶᠢᠨ ᠳᠡᠭᠳᠡᠭᠰᠡᠨ ᠤ ᠳᠠᠷᠠᠭ᠎ᠠ᠂ ᠵᠠᠷᠯᠢᠭ ᠢᠶᠠᠷ ᠳᠢᠶᠠᠨᠵᠢᠨ ᠤ ᠰᠠᠷᠬᠡᠶᠢᠯᠡᠯᠳᠠ ᠶᠢᠨ ᠥᠢᠯᠠ ᠭᠡᠷᠡᠭ ᠢ ᠬᠠᠷᠢᠭᠤᠴᠠᠵᠤ᠂ ᠵᠢᠷᠢᠮ᠂ ᠵᠤᠤ ᠤᠳᠠ᠂ ᠵᠤᠰᠤᠳᠤ ᠶᠢᠨ ᠮᠤᠩᠭᠤᠯ ᠮᠤᠷᠢᠳᠤ ᠴᠡᠷᠢᠭ ᠪᠤᠯᠤᠨ ᠴᠢᠩ ᠤᠯᠤᠰ ᠤᠨ ᠵᠠᠰᠠᠭ ᠤᠨ ᠭᠠᠵᠠᠷ ᠤᠨ ᠭᠡᠳᠤᠨ ᠮᠢᠩᠭᠠᠨ ᠴᠡᠷᠢᠭ ᠢ ᠤᠳᠤᠷᠢᠳᠤᠨ ᠳ᠋ᠠᠬᠥ᠋ ᠶᠢ ᠪᠠᠬᠢᠯᠡᠨ ᠰᠠᠬᠢᠪᠠ᠃ 9 ᠳ᠋ᠤᠭᠡᠷ ᠤᠨ ᠳᠤ ᠳ᠋ᠠᠬᠥ᠋ ᠳᠤ ᠴᠡᠷᠢᠭ ᠵᠢᠯᠤᠭᠤᠳᠤᠨ ᠳᠠᠶᠢᠰᠤᠨ ᠯᠤᠭ᠎ᠠ ᠡᠷᠡᠯᠭᠡᠭ ᠪᠠᠭᠠᠳᠤᠷᠯᠢᠭ ᠢᠶᠠᠷ ᠰᠢᠷᠤᠬᠦᠨ ᠪᠠᠶᠢᠯᠳᠤᠵᠤ᠂ ᠠᠩᠭ᠍ᠯᠢ ᠹᠷᠠᠨᠼᠢ ᠶᠢᠨ ᠬᠤᠯᠪᠤᠭᠠᠳᠤ ᠴᠡᠷᠢᠭ ᠤᠨ 3 ᠬᠥᠯᠭᠡ ᠤᠡᠭᠭᠤᠴᠠ ᠶᠢ ᠫᠤᠤᠳᠠᠨ ᠵᠢᠪᠤᠬᠦᠯᠵᠤ᠂ ᠳᠠᠶᠢᠰᠤᠨ ᠤ 464 ᠴᠡᠷᠢᠭ ᠢ ᠤᠰᠠᠳᠬᠠᠵᠤ᠂ ᠠᠩᠭ᠍ᠯᠢ ᠶᠢᠨ ᠴᠡᠷᠢᠭ ᠤᠨ ᠺᠤᠮᠠᠨᠳ᠋ᠯᠠᠭᠴᠢ ᠶᠢ ᠬᠥᠨᠳᠤ ᠰᠢᠷᠠᠭᠳᠤᠭᠤᠯᠤᠭᠠᠳ᠂ ᠳᠥᠷᠢᠮᠡᠭᠡᠢ ᠴᠡᠷᠢᠭ ᠤᠨ ᠳᠠᠭᠠᠷᠢᠯᠳᠠ ᠶᠢ ᠴᠤᠬᠢᠨ ᠤᠬᠤᠷᠢᠭᠤᠯᠵᠠᠢ ᠳ᠋ᠠᠬᠥ᠋ ᠶᠢᠨ ᠬᠠᠮᠠᠭᠠᠯᠠᠯᠳᠠ ᠶᠢᠨ ᠳᠠᠶᠢᠨ ᠨᠢ 1840 ᠤᠨ ᠠᠴᠠ ᠨᠠᠰᠢᠬᠢ ᠳᠤᠮᠳᠠᠳᠤ ᠤᠯᠤᠰ ᠤᠨ ᠬᠠᠷᠢ ᠶᠢᠨ ᠡᠵᠡᠷᠭᠡᠭ ᠳᠥᠷᠢᠮᠡᠭᠡᠶᠢᠳᠡᠨ ᠯᠦᠭᠡ ᠶᠠᠪᠤᠭᠤᠯᠤᠭᠰᠠᠨ ᠳᠠᠶᠢᠨ ᠤ ᠳᠤᠮᠳᠠᠬᠢ ᠠᠩᠬᠠᠳᠤᠭᠴᠢ ᠤᠳᠠᠭᠠᠨ ᠤ ᠠᠤᠭ᠎ᠠ ᠶᠡᠭᠡ ᠢᠯᠠᠯᠳᠠ ᠮᠥᠨ᠃ ᠥᠭᠡᠶᠢᠬᠦᠤ ᠠᠩᠭᠢ ᠶᠢᠨ ᠬᠤᠪᠢᠰᠬᠠᠯ ᠤᠨ ᠪᠠᠭᠰᠢ ᠮᠠᠷᠺᠰ ᠴᠤ ᠰᠡᠩᠭᠡᠷᠢᠨᠴᠢᠨ ᠤ ᠡᠷᠡᠯᠭᠡᠭ ᠪᠠᠭᠠᠳᠤᠷᠯᠢᠭ ᠵᠤᠷᠢᠭ ᠰᠠᠨᠠᠭ᠎ᠠ ᠪᠠ ᠳ᠋ᠠᠬᠥ᠋ ᠶᠢᠨ ᠬᠠᠮᠠᠭᠠᠯᠠᠯᠳᠠ ᠶᠢᠨ ᠳᠠᠶᠢᠨ ᠢ ᠥᠨᠳᠤᠷ ᠥᠨᠡᠯᠡᠵᠤ ᠥᠡᠭᠭᠡᠷᠡᠵᠠᠢ᠃ ᠬᠤᠵᠢᠮ ᠨᠢ ᠠᠩᠭ᠍ᠯᠢ ᠹᠷᠠᠨᠼᠢ ᠶᠢᠨ ᠬᠤᠯᠪᠤᠭᠠᠳᠤ ᠴᠡᠷᠢᠭ ᠪᠸᠢ ᠳᠠᠩ ᠢᠶᠠᠷ ᠬᠠᠭᠤᠷᠠᠢ ᠳᠤ ᠭᠠᠷᠴᠤ᠂ ᠠᠷᠤ ᠥᠪᠤᠷ ᠠᠴᠠ ᠨᠢ ᠬᠠᠪᠴᠢᠨ ᠪᠠᠶᠢᠯᠳᠤᠭᠰᠠᠨ ᠳᠤ ᠰᠡᠩᠭᠡᠷᠢᠨᠴᠢᠨ ᠤ ᠴᠡᠷᠢᠭ ᠢᠯᠠᠭᠳᠠᠯ ᠳᠤ ᠤᠴᠠᠷᠠᠵᠤ᠂ ᠳ᠋ᠠᠬᠥ᠋᠂ ᠳᠢᠶᠠᠨᠵᠢᠨ ᠢ ᠠᠯᠳᠠᠪᠠ᠃ ᠳᠡᠬᠦᠨ ᠤ ᠳᠠᠷᠠᠭ᠎ᠠ ᠳᠥᠡᠭᠵᠸᠤ ᠵᠡᠷᠭᠡ ᠭᠠᠵᠠᠷ ᠲᠤ ᠪᠠᠰᠠ ᠠᠩᠭ᠍ᠯᠢ ᠹᠷᠠᠨᠼᠢ ᠶᠢᠨ ᠳᠥᠷᠢᠮᠡᠭᠡᠢ ᠴᠡᠷᠢᠭ ᠲᠠᠢ ᠭᠡᠳᠤᠨ ᠤᠳᠠᠭ᠎ᠠ ᠰᠢᠷᠤᠬᠦᠨ ᠪᠠᠶᠢᠯᠳᠤᠭᠰᠨ ᠪᠠᠶᠢᠨ᠎ᠠ᠃ ᠪᠡᠭᠡᠵᠢᠩ ᠡᠵᠡᠯᠡᠭᠳᠡᠭᠰᠡᠨ ᠤ ᠳᠠᠷᠠᠭ᠎ᠠ ᠢᠯᠵᠠᠷᠠᠨ ᠳᠤᠷᠦ᠋ᠢᠳᠠᠭᠰᠠᠨ ᠴᠢᠩ ᠤᠯᠤᠰ ᠤᠨ ᠵᠠᠰᠠᠭ ᠤᠨ ᠤᠷᠳᠤᠨ ᠠᠴᠠ ᠰᠡᠩᠭᠡᠷᠢᠨᠴᠢᠨ ᠤ ᠵᠡᠷᠭᠡ ᠭᠡᠷᠬᠡᠮ ᠢ ᠨᠢ ᠪᠠᠭᠤᠷᠠᠭᠤᠯᠵᠤ᠂ ᠪᠠᠶᠢᠴᠠᠭᠠᠭᠴᠢ ᠳᠥᠰᠢᠮᠡᠯ ᠢ ᠨᠢ ᠭᠡᠪ ᠢᠶᠠᠷ ᠥᠯᠡᠳᠡᠭᠡᠵᠠᠢ᠃ 11 ᠤᠨ ᠳᠤ ᠵᠠᠷᠯᠢᠭ ᠢᠶᠠᠷ ᠴᠡᠷᠢᠭ ᠳᠠᠶᠢᠴᠢᠯᠠᠨ᠂ ᠾᠧᠪᠸᠢ᠂ ᠱᠠᠨᠳᠦ᠋ᠡᠭ᠂ ᠾᠧᠨᠠᠨ᠂ ᠠᠨᠾᠦ᠋ᠢ᠂ ᠬᠤᠪᠸᠢ ᠵᠡᠷᠭᠡ ᠭᠠᠵᠠᠷ ᠲᠤ ᠨᠢᠶᠠᠨ ᠳ᠋ᠠᠩ ᠤᠨ ᠪᠤᠰᠤᠯᠭ᠎ᠠ ᠶᠢᠨ ᠴᠡᠷᠢᠭ ᠢ ᠳᠠᠷᠤᠩᠭᠤᠢᠢᠯᠠᠵᠤ ᠭᠠᠪᠢᠶ᠎ᠠ ᠪᠠᠶᠢᠭᠤᠯᠤᠭᠰᠠᠨ ᠢᠶᠠᠷ ᠴᠢᠨ ᠸᠠᠩ ᠤᠨ ᠵᠡᠷᠭᠡ ᠭᠡᠷᠭᠡᠮ ᠢ ᠨᠢ ᠰᠡᠷᠬᠦᠭᠡᠪᠠ᠃ ᠪᠥᠷᠢᠨ ᠵᠠᠰᠠᠭᠴᠢ ᠶᠢᠨ 4 ᠳ᠋ᠤᠭᠡᠷ ᠤᠨ ︵1865 ᠤᠨ︶ ᠤ 5 ᠳ᠋ᠤᠭᠠᠷ ᠰᠠᠷ᠎ᠠ ᠳᠤ ᠱᠠᠨᠳᠦ᠋ᠡᠭ ᠤᠨ ᠽᠤᠤᠵᠸᠤ ︵ᠤᠳᠤ ᠶᠢᠨ ᠾᠧ ᠽᠧ ᠰᠢᠶᠠᠨ︶ ᠶᠢᠨ ᠭᠤᠤ ᠯᠸᠤ ᠵᠠᠢ ᠶᠢᠨ ᠥᠢᠷᠠᠯᠴᠠᠭ᠎ᠠ ᠪᠠᠶᠢᠳᠠᠭ ᠡᠤ ᠵᠢᠶᠠ ᠳ᠋ᠢᠶᠠᠨ ᠭᠡᠬᠦ ᠭᠠᠵᠠᠷ ᠲᠤ ᠪᠤᠰᠤᠯᠭ᠎ᠠ ᠶᠢᠨ ᠴᠡᠷᠢᠭ ᠤᠨ ᠪᠥᠭᠬᠦᠯᠳᠡ ᠳᠤ ᠤᠴᠠᠷᠠᠵᠤ ᠨᠠᠰᠤ ᠪᠠᠷᠠᠵᠠᠢ᠃ ᠡᠬᠦᠨ ᠠᠴᠠ ᠬᠤᠶᠢᠰᠢ᠂ ᠴᠢᠩ ᠤᠯᠤᠰ ᠤᠨ ᠵᠠᠰᠠᠭ ᠤᠨ ᠭᠠᠵᠠᠷ ᠮᠠᠨᠵᠤ ᠮᠤᠩᠭᠤᠯ ᠨᠠᠢᠮᠠᠨ ᠬᠤᠰᠢᠭᠤᠨ ᠤ ᠢᠳᠡᠷᠭᠡᠭ ᠴᠡᠷᠢᠭ ᠢᠶᠠᠨ ᠠᠯᠳᠠᠵᠤ᠂ ᠴᠡᠷᠢᠭ ᠤᠨ ᠡᠷᠭᠡ ᠨᠢ ᠠᠭᠠᠵᠢᠮ ᠢᠶᠠᠷ ᠬᠤᠨᠠᠨ ᠠᠨᡁᠦ᠋ᠢ ᠶᠢᠨ ᠬᠢᠳᠠᠳ ᠤᠨ ᠴᠡᠷᠢᠭ ᠤᠨ ᠡᠷᠭᠡᠳᠡᠨ ᠽᠧᠩ ᠭᠦᠸᠧ ᠹᠠᠨ᠂ ᠽᠦᠸᠧ ᠽᠦᠩ ᠲᠠᠩ᠂ ᠯᠢ ᠬᠤᠩ ᠵᠠᠩ  ᠤᠨ ᠭᠠᠷ ᠲᠤ ᠰᠢᠯᠵᠢᠭᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号