ᠴ᠊᠂ ᠲᠠᠮᠲᠢᠨᠰᠦᠷᠦ᠋ᠩ
ᠨᠡᠶᠢᠲᠡᠯᠡᠭᠰᠡᠨ ᠴᠠᠭ᠄
2019/12/13
ᠴ᠊᠂ ᠲᠠᠮᠲᠢᠨᠰᠦᠷᠦ᠋ᠩ (1908–1986) ᠪᠦᠬᠦᠲᠡ ᠨᠠᠶᠢᠷᠠᠮᠲᠠᠬᠤ ᠮᠤᠩᠭᠤᠯ ᠠᠷᠠᠳ ᠤᠯᠤᠰ ᠤᠨ ᠠᠯᠲᠠᠷᠲᠤ ᠵᠤᠬᠢᠶᠠᠯᠴᠢ᠂ ᠠᠪᠢᠶᠠᠰ ᠪᠢᠯᠢᠭᠲᠦ ᠰᠢᠯᠢᠳᠡᠭ ᠰᠢᠯᠦᠭᠴᠢ᠃ ᠰᠡᠴᠡᠨ ᠬᠠᠨ ᠠᠶᠢᠮᠠᠭ ᠤᠨ ᠮᠠᠲᠠᠳ ᠬᠠᠨ ᠠᠭᠤᠯᠠ ᠬᠤᠰᠢᠭᠤᠨ ︵ᠤᠲᠤ ᠶᠢᠨ ᠲᠤᠷᠤᠨᠠᠲᠤ ᠠᠶᠢᠮᠠᠭ  ᠤᠨ ᠮᠠᠲᠠᠳ ᠰᠤᠮᠤ︶ ᠤ ᠬᠦᠮᠦᠨ᠃ ᠲᠡᠷᠡ1942 — — 1946 ᠤᠨ ᠳᠤ ︽ᠦᠨᠡᠨ︾ ᠰᠤᠨᠢᠨ ᠤ ᠡᠷᠬᠢᠯᠡᠭᠴᠢ ᠪᠠᠷ ᠠᠵᠢᠯᠯᠠᠵᠤ᠂ 1946–1950 ᠤᠨ ᠪᠤᠯᠲᠠᠯ᠎ᠠ ᠵᠦᠪᠯᠡᠯᠲᠤ ᠶᠢᠨ ᠯᠧᠨᠢᠩᠭᠷᠡᠳ᠋ ᠲᠤ ᠰᠤᠷᠤᠯᠴᠠᠵᠤ ᠲᠡᠳ᠋ ᠡᠷᠲᠡᠮᠲᠡᠨ ᠤ ᠴᠤᠯᠠ ᠬᠠᠮᠠᠭᠠᠯᠠᠵᠠᠢ᠃ ᠴ᠊᠂ ᠲᠠᠮᠲᠢᠨᠰᠦᠷᠦᠩ ᠮᠤᠩᠭᠤᠯ ᠤᠨ ᠤᠳᠬ᠎ᠠ ᠵᠤᠬᠢᠶᠠᠯ  ᠤᠨ ᠲᠤᠷᠠᠰᠬᠠᠯᠲᠤ ᠪᠢᠴᠢᠭ ︽ᠮᠤᠩᠭᠤᠯ ᠤᠨ ᠨᠢᠭᠤᠴᠠ ᠲᠤᠪᠴᠢᠶᠠᠨ︾ ᠢ ᠡᠷᠲᠡᠨ ᠤ ᠮᠤᠩᠭᠤᠯ ᠬᠡᠯᠡ ᠠᠴᠠ ᠮᠤᠩᠭᠤᠯ ᠰᠢᠨ᠎ᠡ ᠦᠰᠦᠭ ᠲᠤ ᠪᠠᠭᠤᠯᠭᠠᠵᠤ 1947 ᠤᠨ ᠳᠤ ᠰᠤᠲᠤᠯᠭᠠᠨ ᠤ ᠤᠷᠤᠰᠢᠯ ᠲᠠᠢ ᠬᠡᠪᠯᠡᠬᠦᠯᠦᠬᠡᠳ ᠲᠦᠷᠦ ᠶᠢᠨ ᠱᠠᠩᠨᠠᠯ ᠤᠯᠪᠠ᠃ ᠲᠡᠷᠡ ᠤᠯᠠᠨ ᠤᠷᠤᠨ ᠳᠤ ᠲᠠᠷᠬᠠᠭᠰᠠᠨ ᠬᠡᠰᠡᠷ ᠤᠨ 50 ᠭᠠᠷᠤᠢ ᠬᠤᠪᠢᠯᠪᠤᠷᠢ ᠶᠢ ᠴᠤᠭᠯᠠᠭᠤᠯᠤᠨ ᠬᠠᠷᠢᠴᠠᠭᠤᠯᠵᠤ ᠰᠤᠲᠤᠯᠤᠭᠠᠳ ︽ᠭᠡᠰᠡᠷ ᠤᠨ ᠲᠡᠦᠬᠡᠨ ᠦᠨᠲᠦᠰᠦ︾ ᠬᠡᠰᠡᠨ ᠰᠢᠨᠵᠢᠯᠡᠬᠡᠨ ᠤ ᠦᠬᠦᠯᠡᠯ ᠨᠡᠶᠢᠲᠡᠯᠡᠪᠡ᠃ ᠮᠤᠩᠭᠤᠯ ᠤᠳᠬ᠎ᠠ ᠵᠤᠬᠢᠶᠠᠯ ᠤᠨ ᠭᠤᠤᠯ ᠭᠤᠤᠯ ᠪᠦᠲᠦᠬᠡᠯ ᠤᠳ ᠢ ᠲᠤᠰᠬᠠᠶᠢᠯᠠᠨ ᠰᠤᠲᠤᠯᠵᠤ ᠬᠡᠲᠦ ᠬᠡᠲᠦᠨ ᠲᠤᠪᠬᠢᠮᠠᠯ ᠬᠡᠪᠯᠡᠬᠦᠯᠦᠭᠰᠡᠨ ᠰᠠᠭᠤᠷᠢᠨ ᠲᠡᠭᠡᠷ᠎ᠡ 1957 ᠤᠨ ᠳᠤ ︽ᠮᠤᠩᠭᠤᠯ ᠤᠨ ᠤᠷᠠᠨ ᠵᠤᠬᠢᠶᠠᠯ ᠤᠨ ᠲᠤᠶᠢᠮᠤ︾ ᠬᠡᠰᠡᠨ ᠨᠤᠮ ᠢᠶᠠᠨ ᠬᠡᠪᠯᠡᠬᠦᠯᠪᠡ᠃ ᠰᠡᠬᠦᠯ ᠤᠨ ᠵᠢᠯ ᠤᠳ ᠲᠤ ᠡᠨᠡᠳᠭᠡᠭ᠂ ᠲᠦᠪᠡᠳ ᠵᠡᠷᠬᠡ ᠠᠽᠢᠶ᠎ᠡ ᠶᠢᠨ ᠤᠷᠤᠨ ᠨᠤᠭᠤᠳ ᠠᠴᠠ ᠤᠯᠠᠮᠵᠢᠯᠠᠨ ᠤᠴᠢᠬᠰᠠᠨ ︽ᠰᠢᠲᠢᠲᠤ ᠬᠡᠬᠦᠷ ᠤᠨ ᠦᠯᠢᠬᠡᠷ ︾ ᠵᠡᠷᠬᠡ ᠵᠤᠬᠢᠶᠠᠯ ᠤᠨ ᠮᠤᠩᠭᠤᠯ ᠤᠷᠴᠢᠭᠤᠯᠭ᠎ᠠ᠂ ᠮᠤᠩᠭᠤᠯ ᠬᠤᠪᠢᠯᠪᠤᠷᠢ ᠳᠤ ᠰᠤᠲᠤᠯᠤᠯᠭ᠎ᠠ ᠬᠢᠵᠤ ᠡᠷᠲᠡᠨ ᠤ ᠮᠤᠩᠭᠤᠯ ᠤᠨ ᠤᠳᠬ᠎ᠠ ᠵᠤᠬᠢᠶᠠᠯ ᠳᠤ ᠪᠤᠰᠤᠳ ᠦᠨᠲᠦᠰᠦᠲᠡᠨ ᠤ ᠤᠳᠬ᠎ᠠ ᠵᠤᠬᠢᠶᠠᠯ ᠤᠨ ᠦᠵᠡᠬᠦᠯᠦᠭᠰᠡᠨ ᠨᠦᠯᠦᠬᠡ ᠪᠤᠯᠤᠨ ᠤᠨᠴᠠᠯᠢᠭ ᠢ ᠲᠤᠲᠤᠷᠬᠠᠶᠢᠯᠠᠪᠠ᠃ ᠲᠡᠬᠦᠨ ᠤ ᠲᠤᠮᠤ ᠰᠢᠯᠢᠲᠡᠭ ᠪᠦᠲᠦᠬᠡᠯ ᠤᠨ ᠨᠢᠬᠡ ᠪᠤᠯᠬᠤ ︽ᠮᠤᠩᠭᠤᠯ ᠤᠨ ᠤᠷᠠᠨ ᠵᠤᠬᠢᠶᠠᠯ ᠤᠨ ᠲᠡᠬᠡᠵᠢ ᠵᠠᠭᠤᠨ ᠪᠢᠯᠢᠭ ᠤᠷᠤᠰᠢᠪᠠᠢ︾ ᠬᠡᠰᠡᠨ ᠪᠢᠴᠢᠭ ᠢᠶᠠᠨ 1959 ᠤᠨ  ᠳᠤ ᠰᠢᠨᠵᠢᠯᠡᠭᠡᠨ ᠤ ᠤᠷᠤᠰᠢᠯ ᠲᠠᠢ ᠬᠡᠪᠯᠡᠵᠡᠢ᠃ 1929 ᠤᠨ ᠳᠤ ᠬᠡᠪᠯᠡᠭᠲᠡᠭᠰᠡᠨ ︽ᠭᠤᠯᠤᠭᠳᠠᠭᠰᠠᠨ ᠬᠡᠦᠬᠡᠨ︾ ᠬᠡᠳᠡᠭ ᠲᠤᠭᠤᠵᠢ ᠨᠢ ᠬᠤᠪᠢᠰᠬᠠᠯᠲᠤ ᠰᠢᠨ᠎ᠡ ᠤᠷᠤᠨ ᠤ ᠠᠮᠢᠲᠤᠷᠠᠯ ᠳᠤ ᠰᠠᠭᠤᠷᠢᠯᠠᠬᠳᠠᠵᠤ᠂ ᠪᠤᠲᠠᠲᠤ ᠪᠠᠶᠢᠲᠠᠯ ᠢ ᠲᠤᠰᠬᠠᠵᠤ᠂ ᠬᠦᠲᠡᠯᠮᠦᠷᠢᠴᠢᠨ ᠲᠦᠮᠡᠨ ᠤ ᠲᠦᠷᠢ ᠶᠢ ᠤᠷᠠᠯᠢᠭ ᠢᠶᠠᠷ ᠪᠦᠲᠦᠬᠡᠭᠰᠡᠨ ᠪᠠᠶᠢᠨ᠎ᠠ᠃ ᠲᠡᠷᠡ ᠪᠠᠰᠠ ︽ᠪᠤᠭᠤᠷᠤᠯ ᠡᠵᠢ ᠮᠢᠨᠢ︾᠂ ︽ᠫᠧᠤᠨᠧᠷ ᠤᠨ ᠯᠡᠭᠧᠷ︾᠂ ︽ᠵᠤᠭᠠᠴᠠᠷ᠎ᠠ ᠮᠤᠷᠲᠠᠭᠰᠠᠨ ᠨᠢ︾ ᠵᠡᠷᠭᠡ ᠠᠯᠢ ᠤᠯᠠᠨ ᠭᠤᠶᠢᠲᠠ ᠰᠠᠶᠢᠬᠠᠨ ᠰᠢᠯᠦᠭ ᠨᠠᠶᠢᠷᠠᠬᠯᠠᠯ ᠤᠳ ᠪᠢᠴᠢᠵᠡᠢ᠃ ᠴ᠊᠂ ᠲᠠᠮᠲᠢᠨᠰᠦᠷᠦ᠋ᠩ ᠪᠤᠰᠤᠳ ᠡᠷᠲᠡᠮᠲᠡᠨ ᠲᠠᠢ ᠬᠠᠮᠲᠤᠷᠠᠵᠤ ︽ᠤᠷᠤᠰ —— ᠮᠤᠩᠭᠤᠯ ᠲᠤᠯᠢ︾ ᠶᠢ ᠨᠠᠶᠢᠷᠠᠭᠤᠯᠵᠤ᠂ ᠪᠠᠰᠠ ᠤᠷᠤᠰ ᠤᠨ ᠠᠯᠲᠠᠷᠲᠤ ᠰᠢᠯᠦᠭᠴᠢᠨ ᠫᠦᠱᠺᠢᠨ ᠤ ︽ᠤᠯᠧᠭ ᠰᠡᠴᠡᠨ ᠤ ᠲᠠᠭᠤᠯᠠᠯ︾᠂ ︽ᠠᠯᠲᠠᠨ ᠵᠢᠭᠠᠰᠤᠨ ᠤ ᠦᠯᠢᠬᠡᠷ︾ ᠵᠡᠷᠬᠡ ᠰᠢᠯᠦᠭ ᠤᠳ ᠢ ᠤᠷᠴᠢᠭᠤᠯᠤᠭᠰᠠᠨ ᠪᠠ ᠲᠡᠬᠦᠨ ᠤ ᠵᠤᠬᠢᠶᠠᠯ ᠨᠢ ᠴᠦ ᠲᠡᠯᠡᠬᠡᠢ ᠶᠢᠨ ᠤᠯᠠᠨ ᠬᠡᠯᠡ ᠲᠡᠬᠡᠷ᠎ᠡ ᠤᠷᠴᠢᠭᠤᠯᠤᠭᠳᠠᠪᠠ᠃ ᠴ᠊᠂ ᠲᠠᠮᠲᠢᠨᠰᠦᠷᠦ᠋ᠩ ᠦᠷᠭᠡᠨ ᠲᠦᠮᠡᠨ ᠢᠶᠠᠨ ᠪᠢᠴᠢᠭ ᠡᠷᠲᠡᠮ ᠲᠠᠢ ᠪᠤᠯᠭᠠᠬᠤ ᠶᠢᠨ ᠲᠤᠰᠠᠲᠠ ᠮᠤᠩᠭᠤᠯ ᠰᠢᠨ᠎ᠡ ᠦᠰᠦᠭ ᠤᠨ ᠲᠦᠷᠢᠮ ᠢ ᠨᠠᠶᠢᠷᠠᠭᠤᠯᠬᠤ ᠶᠢᠨ ᠬᠠᠮᠲᠤ ᠦᠰᠦᠭ ᠪᠢᠴᠢᠭ ᠰᠤᠷᠬᠤ ᠲᠡᠪᠲᠡᠷ᠂ ᠦᠰᠦᠭ ᠤᠨ ᠲᠦᠷᠢᠮ ᠤᠨ ᠲᠤᠯᠢ ᠵᠡᠷᠬᠡ ᠶᠢ ᠨᠠᠶᠢᠷᠠᠭᠤᠯᠤᠨ ᠵᠤᠬᠢᠶᠠᠬᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号