ᠵᠠᠯᠰᠠᠨ ᠭᠡᠭᠡᠨ
ᠨᠡᠶᠢᠲᠡᠯᠡᠭᠰᠡᠨ ᠴᠠᠭ᠄
2019/12/13
ᠵᠠᠯᠰᠠᠨ ᠭᠡᠭᠡᠨ 1946 ᠤᠨ ᠤᠨ 11 ᠰᠠᠷ᠎ᠠ ᠳᠤ᠂ ᠭᠠᠨᠰᠦ ᠮᠤᠵᠢ ᠶᠢᠨ ᠲᠢᠶᠡᠨ ᠵᠤ᠋ ᠲᠦᠪᠡᠳ ᠦᠨᠳᠦᠰᠦᠳᠡᠨ ᠤ ᠦᠪᠡᠷᠳᠡᠭᠡᠨ ᠵᠠᠰᠠᠬᠤ ᠰᠢᠶᠠᠨ ᠤ ᠨᠢᠬᠡᠨ ᠲᠦᠪᠡᠳ ᠮᠠᠯᠴᠢᠨ ᠤ ᠬᠡᠷ ᠲᠤ ᠵᠠᠶᠠᠭᠠᠭᠰᠠᠨ ᠪᠠᠶᠢᠵᠠᠢ᠃ ᠲᠦᠪᠡᠳ ᠠᠪᠤ ᠡᠵᠢ ᠠᠴᠠ ᠪᠠᠨ ᠠᠬ᠎ᠠ ᠲᠡᠬᠦᠦ ᠠᠷᠪᠠᠭᠤᠯᠠ ᠪᠦᠬᠡᠳ ᠲᠡᠭᠡᠷ᠎ᠡ ᠪᠠᠨ ᠨᠢᠬᠡ ᠠᠬ᠎ᠠ ᠨᠢᠬᠡ ᠡᠬᠡᠴᠢ ᠲᠠᠢ᠃ ᠡᠬᠡ ᠶᠢᠨ ᠰᠦ ᠠᠴᠠ ᠪᠠᠨ ᠪᠦᠷᠢᠮᠥᠰᠥᠨ ᠰᠠᠯᠤᠭ᠎ᠠ ᠦᠬᠡᠢ ᠨᠢᠬᠡ ᠨᠠᠰᠤ ᠬᠠᠭᠠᠰ ᠤᠨ ᠦᠶ᠎ᠡ ᠪᠠᠷ ᠲᠡᠬᠦᠨ ᠢ ᠠᠷᠪᠠᠳᠤᠭᠠᠷ ᠲᠦᠷᠢ ᠶᠢᠨ ᠪᠠᠨᠴᠢᠨ ᠡᠷᠳᠡᠨᠢ ᠠᠴᠠ ᠵᠢᠷᠭᠤᠳᠤᠭᠠᠷ ᠲᠦᠷᠢ ᠶᠢᠨ ᠳ᠋ᠧᠰᠡᠷᠢᠳ ᠬᠤᠳᠤᠭᠳᠤ ᠶᠢᠨ ᠲᠦᠷᠦᠯ ᠠᠷᠠᠯᠵᠢᠭᠰᠠᠨ ᠬᠤᠪᠢᠯᠭᠠᠨ ᠬᠦᠦ ᠪᠠᠷ ᠲᠤᠳᠤᠯᠠᠵᠤ᠂ ᠠᠯᠠᠱᠠ ᠶᠢᠨ ᠱᠠᠰᠢᠨ ᠢ ᠪᠠᠳᠠᠷᠠᠭᠤᠯᠤᠬᠴᠢ ᠰᠦᠮ᠎ᠡ ︵ᠪᠠᠷᠠᠭᠤᠨ ᠬᠡᠶᠢᠳ︶ ᠲᠤ ᠠᠪᠴᠤ ᠢᠷᠡᠨ ᠦᠶ᠎ᠡ ᠵᠠᠯᠭᠠᠮᠵᠢᠯᠠᠭᠤᠯᠤᠬᠰᠠᠨ ᠪᠠᠶᠢᠨ᠎ᠠ᠃ ᠪᠠᠷᠠᠭᠤᠨ ᠬᠡᠶᠢᠳ ᠲᠤ ᠢᠷᠡᠭᠰᠡᠨ ᠤ ᠲᠠᠷᠠᠭ᠎ᠠ ᠯᠠᠮᠠ ᠨᠠᠷ ᠨᠠᠷᠢᠨ ᠨᠢᠮᠪᠠᠢ ᠬᠠᠷᠠᠵᠤ ᠬᠠᠷᠠᠭᠠᠯᠵᠠᠭᠰᠠᠨ ᠪᠦᠬᠡᠳ ᠲᠡᠭᠡᠳᠦ ᠲᠦᠷᠢ ᠶᠢᠨ ᠬᠡᠬᠡᠨ ᠤ ᠠᠴᠢ ᠬᠦᠦ ᠮᠢᠭᠧᠴᠢᠷ ᠪᠤᠯᠤᠨ ᠠᠴᠢ ᠬᠦᠦ ᠪᠡᠷᠢ ᠵᠠᠮᠪᠠᠭ᠎ᠠ ᠶᠢ ᠡᠷᠬᠦᠭᠰᠡᠨ ᠠᠪᠤ ᠡᠵᠢ ᠲᠠᠨᠢᠵᠤ᠂ 8 ᠬᠡᠦᠬᠡᠳ ᠲᠠᠢ ᠲᠡᠳᠡᠨᠡᠶᠢᠬᠢᠨ ᠤ ᠬᠠᠶᠢᠷ᠎ᠠ ᠡᠩᠬᠦᠷᠡᠶᠢᠯᠡᠯ ᠢ ᠨᠢ ᠠᠯᠠᠭ ᠦᠬᠡᠢ ᠬᠦᠷᠳᠡᠭᠰᠡᠨ ᠠᠵᠢ᠃ ᠪᠦᠬᠦᠯᠢ ᠲᠦᠷᠪᠡᠨ ᠨᠠᠰᠤ ᠬᠦᠷᠦᠬᠡ ᠦᠬᠡᠢ ᠪᠠᠶᠢᠬᠤ ᠳᠠᠭᠠᠨ ᠶᠦᠩᠽᠡᠩ ᠪᠠᠭᠰᠢ ᠤ · ᠭᠠᠯᠰᠠᠩᠷᠤᠪᠰᠠᠯ ᠢᠶᠠᠷ ᠨᠣᠮ ᠵᠢᠭᠠᠯᠭᠠᠵᠤ᠂ ᠠᠯᠳᠠᠷᠳᠤ ᠮᠢᠭᠠᠨ ᠬᠡᠬᠡᠨ ᠨᠢᠭᠤᠴᠠ ᠲᠠᠷᠨᠢ ᠶᠢᠨ ᠠᠪᠡᠱᠢᠭ ᠬᠦᠷᠳᠡᠬᠡᠵᠥ᠂ ︽ᠠᠭᠸᠠᠩᠳᠠᠮᠪᠢᠵᠠᠯᠰᠠᠨ︾ ᠬᠡᠬᠦ ᠨᠤᠮ ᠤᠨ ᠨᠡᠷ᠎ᠡ ᠬᠠᠶᠢᠷᠠᠯᠠᠭᠰᠠᠨ᠂ ᠬᠦᠮᠪᠤᠮ ᠬᠡᠶᠢᠳ ᠲᠤ ᠠᠷᠪᠠᠳᠤᠭᠠᠷ ᠲᠦᠷᠢ ᠶᠢᠨ ᠪᠠᠨᠴᠢᠨ᠋ᠡᠷᠳᠡᠨᠢ ᠠᠴᠠ ᠠᠶᠤᠰᠢ ᠪᠤᠷᠬᠠᠨ ᠤ ᠨᠠᠰᠤᠨ ᠤ ᠠᠪᠡᠱᠢᠭ ᠬᠦᠷᠲᠡᠭᠰᠡᠨ᠃ 1958 ᠤᠨ ᠤ ᠨᠠᠮᠤᠷ᠂ ᠲᠤᠬᠠᠢ ᠶᠢᠨ ᠦᠶ᠎ᠡ ᠶᠢᠨ ᠦᠪᠡᠷᠳᠡᠭᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ ᠫᠤᠩᠰᠤᠭ ᠪᠠᠷᠠᠭᠤᠨ ᠬᠡᠶᠢᠳ ᠢ ᠪᠠᠶᠢᠴᠠᠭᠠᠨ ᠦᠵᠡᠭᠡᠳ ︽ᠪᠠᠭ᠎ᠠ ᠬᠡᠬᠡᠨ ᠢ ᠰᠤᠷᠭᠠᠭᠤᠯᠢ ᠳᠤ ᠬᠦᠷᠬᠡᠵᠥ ᠬᠦᠮᠥᠵᠢᠬᠦᠯᠬᠦ︾ ᠲᠤᠷᠠᠳᠤᠯᠭ᠎ᠠ ᠭᠠᠷᠭᠠᠭᠰᠠᠨ ᠢᠶᠠᠷ 12 ᠨᠠᠰᠤ ᠲᠠᠢ ᠵᠠᠯᠰᠠᠨ ᠭᠡᠭᠡᠠ ᠠᠯᠠᠱᠠ ᠵᠡᠬᠦᠨ ᠬᠤᠰᠢᠭᠤᠨ ᠤ ᠮᠤᠩᠭᠤᠯ ᠦᠨᠳᠦᠰᠦᠳᠡᠨ ᠤ ᠪᠦᠷᠢᠨ ᠪᠠᠭ᠎ᠠ ᠰᠤᠷᠭᠠᠭᠤᠯᠢ ᠳᠤ ᠡᠷᠳᠡᠮ ᠪᠢᠴᠢᠭ ᠰᠤᠷᠤᠯᠴᠠᠵᠤ᠂ 1966 ᠤᠨ ᠳᠤ᠂ ᠠᠯᠠᠱᠠ ᠵᠡᠭᠦᠨ ᠬᠤᠰᠢᠭᠤᠨ ᠤ ᠬᠤᠶᠠᠳᠤᠭᠠᠷ ᠲᠤᠮᠳᠠᠳᠤ ᠰᠤᠷᠭᠠᠭᠤᠯᠢ ᠠᠴᠠ ᠠᠩᠬ᠎ᠠ ᠲᠤᠮᠳᠠᠳᠤ ᠪᠠᠨ ᠲᠡᠭᠦᠰᠭᠡᠭᠰᠡᠨ ᠪᠠᠶᠢᠨ᠎ᠠ᠃ ᠡᠨᠡ ᠦᠶ᠎ᠡ ᠳᠤ ᠶᠠᠬ ᠰᠠᠶᠢᠬᠠᠨ ᠰᠤᠶᠤᠯ ᠤᠨ ᠬᠤᠪᠢᠰᠬᠠᠯ ᠡᠭᠦᠰᠴᠤ᠂ ᠠᠯᠠᠱᠠ ᠶᠢᠨ ᠱᠠᠰᠢᠨ ᠢ ᠪᠠᠳᠠᠷᠠᠭᠤᠯᠤᠬᠴᠢ ᠰᠦᠮ᠎ᠡ ᠤᠷᠪᠠᠯᠭ᠎ᠠ ᠭᠠᠷᠭᠠᠬᠴᠢᠳ ᠲᠤ ᠲᠠᠮᠳᠤᠬ ᠪᠤᠯᠳᠠᠯ᠎ᠠ ᠲᠠᠯᠬᠢᠬᠳᠠᠵᠤ᠂ 1971 ᠤᠨ ᠳᠤ᠂ ᠰᠦᠮ᠎ᠡ ᠬᠡᠶᠢᠳ᠂ ᠰᠤᠷᠭᠠᠭᠤᠯᠢ ᠬᠦᠷᠢᠶ᠎ᠡ ᠪᠠᠶᠢᠬᠤ ᠦᠭᠡᠢ ᠪᠤᠯᠤᠬᠰᠠᠨ ᠠᠴᠠ ᠵᠠᠯᠰᠠᠨ ᠭᠡᠭᠡᠨ ᠰᠡᠭᠡᠭᠡᠳᠡᠨ ᠵᠠᠯᠠᠭᠤ  ᠪᠠᠷ ᠠᠯᠠᠱᠠ ᠵᠡᠭᠦᠨ ᠬᠤᠰᠢᠭᠤᠨ ᠤ ᠲᠦᠭᠦᠮ ᠰᠤᠮᠤᠨ ᠳᠤ ᠬᠦᠳᠡᠭᠡ ᠪᠠᠭᠤᠵᠤ᠂ ᠬᠠᠷ᠎ᠠ ᠪᠤᠷᠤ ᠬᠦᠳᠡᠯᠮᠦᠷᠢ ᠠᠵᠢᠯ ᠳᠤ ᠤᠷᠤᠯᠴᠠᠨ᠂ ᠲᠤᠬᠠᠢ ᠶᠢᠨ ᠦᠶ᠎ᠡ ᠳᠤ ᠪᠦᠬᠦ ᠤᠯᠤᠰ ᠲᠤ ᠰᠡᠭᠡᠭᠡᠳᠡᠨ ᠵᠠᠯᠠᠭᠤ ᠪᠠᠷ ᠬᠦᠳᠡᠭᠡ ᠪᠠᠭᠤᠬᠰᠠᠨ ᠭᠡᠭᠡᠨ ᠲᠤᠳᠤᠷ᠎ᠠ ᠵᠠᠯᠰᠠᠨ ᠭᠡᠭᠡᠨ ᠪᠤᠯ ᠴᠤᠷ ᠤᠨ ᠭᠠᠭᠴᠠ ᠬᠦᠮᠦᠨ ᠪᠤᠯᠵᠡᠢ᠃ 1973 ᠤᠨ ᠤ 10 ᠰᠠᠷ᠎ᠠ ᠠᠴᠠ 1976 ᠤᠨ ᠳᠤ 8 ᠰᠠᠷ᠎ᠠ ᠳᠤ ᠵᠠᠯᠰᠠᠨ ᠬᠡᠬᠡᠨ ᠠᠵᠢᠯᠴᠢᠨ ᠲᠠᠷᠢᠶᠠᠴᠢᠨ ᠴᠡᠷᠢᠭ ᠠᠴᠠ ᠢᠷᠡᠭᠰᠡᠨ ᠰᠤᠷᠤᠬᠴᠢ ᠶᠢᠨ ᠬᠤᠪᠢ ᠪᠠᠷ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ ᠬᠡᠯᠡᠨ ᠤ ᠰᠠᠯᠪᠤᠷᠢ ᠳᠤ ᠲᠤᠮᠢᠯᠠᠭᠳᠠᠨ ᠰᠤᠷᠤᠯᠴᠠᠵᠦ᠂ ᠲᠡᠭᠦᠰᠦᠭᠰᠡᠨ ᠤ ᠬᠤᠶᠢᠨ᠎ᠠ ᠠᠯᠠᠱᠠ ᠵᠡᠭᠦᠨ ᠬᠤᠰᠢᠭᠤᠨ ᠤ ᠤᠯᠠᠭᠠᠠᠮᠦ᠋ᠴᠢᠷ ᠲᠤ ᠨᠠᠶᠢᠷᠠᠭᠤᠯᠤᠨ ᠤᠳᠤᠷᠢᠳᠤᠭᠠᠴᠢ ᠶᠢᠨ ᠠᠵᠢᠯ ᠬᠠᠷᠢᠭᠤᠴᠠᠵᠤ᠂ 1978 ᠤᠨ ᠤ 10 ᠰᠠᠷ᠎ᠠ ᠠᠴᠠ 1981 ᠤᠨ ᠤ 12 ᠰᠠᠷ᠎ᠠ ᠪᠤᠯᠳᠠᠯ᠎ᠠ᠂ ᠵᠠᠯᠰᠠᠨ ᠭᠡᠭᠡᠨ ᠲᠠᠬᠢᠨᠳᠠ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠰᠤᠳᠤᠯᠤᠨ ᠰᠤᠷᠤᠭᠴᠢ ᠶᠢᠨ ᠠᠩᠭᠢ ᠳᠤ ᠰᠢᠯᠭᠠᠭᠳᠠᠨ ᠤᠷᠤᠵᠤ᠂ 3 ᠵᠢᠯ ᠰᠤᠳᠤᠯᠬᠤ ᠰᠤᠷᠤᠬᠴᠢ ᠪᠠᠷ ᠰᠤᠷᠤᠯᠴᠠᠭᠰᠠᠨ ᠪᠠᠶᠢᠪᠠ᠃ 1982 ᠤᠨ ᠤ 1 ᠰᠠᠷ᠎ᠠ ᠳᠤ ᠰᠤᠷᠭᠠᠭᠤᠯᠢ ᠳᠠᠭᠠᠨ ᠦᠯᠡᠳᠡᠵᠦ ᠪᠠᠭᠰᠢᠯᠠᠬᠤ ᠶᠢᠨ ᠲᠠᠭᠠᠤ ᠳᠤ 1983 ᠤᠨ ᠤ 10 ᠰᠠᠷ᠎ᠠ ᠠᠴᠠ 1985 ᠤᠨ ᠪᠤᠯᠳᠠᠯ᠎ᠠ 2 ᠵᠢᠯ ᠤᠨ ᠬᠤᠭᠤᠴᠠᠭ᠎ᠠ ᠲᠠᠢ ᠪᠠᠷ ᠶᠠᠫᠤᠨ ᠤᠯᠤᠰ ᠤᠨ ᠲᠤᠤᠺᠢᠤ᠋ ᠭᠠᠳᠠᠭᠠᠳᠤ ᠬᠡᠯᠡᠨ ᠤ ᠶᠡᠭᠡ ᠰᠤᠷᠭᠠᠭᠤᠯᠢ ᠳᠤ ᠲᠤᠮᠢᠯᠠᠬᠳᠠᠨ ᠰᠤᠷᠤᠯᠴᠠᠵᠤ᠂ ᠪᠤᠴᠠᠵᠤ ᠢᠷᠡᠭᠰᠡᠨ ᠤ ᠲᠠᠷᠠᠭ᠎ᠠ ᠰᠢᠨᠵᠢᠯᠡᠬᠡᠨ ᠰᠤᠳᠤᠯᠭᠠᠨ ᠤ ᠠᠵᠢᠯ ᠳᠠᠭᠠᠨ ᠰᠢᠮᠳᠠᠵᠡᠢ᠃ ᠵᠠᠯᠰᠠᠨ ᠭᠡᠭᠡᠨ 1993 ᠤᠨ ᠳᠤ ᠠᠰᠫᠢᠷᠠᠨᠲ ᠶᠢᠨ ᠵᠢᠯᠤᠭᠤᠳᠤᠬᠴᠢ ᠪᠠᠭᠰᠢ ᠪᠤᠯᠵᠤ᠂ 1997 ᠤᠨ ᠳᠤ 5 ᠰᠠᠷ᠎ᠠ ᠳᠤ ᠫᠷᠤᠹᠧᠰᠰᠤᠷ ᠬᠠᠮᠠᠭᠠᠯᠠᠨ 1999 ᠤᠨ ᠳᠤ ᠳ᠋ᠤᠺᠲ᠋ᠤᠷᠠᠨᠲ ᠶᠢᠨ ᠵᠢᠯᠤᠭᠤᠳᠤᠬᠴᠢ ᠪᠠᠭᠰᠢ ᠪᠣᠯᠣᠭᠰᠠᠨ ᠪᠠᠶᠢᠨ᠎ᠠ᠃ ᠵᠠᠯᠰᠠᠨ ᠬᠡᠬᠡᠨ ᠠᠮᠢᠳᠤ ᠰᠡᠷᠢᠭᠦᠨ ᠪᠠᠶᠢᠬᠤ ᠳᠠᠭᠠᠨ ᠮᠤᠩᠭᠤᠯ ᠬᠡᠯᠡᠨ ᠤ ᠰᠢᠨᠵᠢᠯᠡᠯ᠂ ᠦᠰᠦᠭ ᠪᠢᠴᠢᠭ ᠤᠨ ᠤᠬᠠᠭᠠᠨ᠂ ᠮᠤᠩᠭᠤᠯ ᠲᠦᠪᠡᠳ ᠬᠡᠯᠡᠨ ᠤ ᠬᠠᠷᠢᠴᠠᠭᠤᠯᠤᠭᠰᠠᠨ ᠰᠤᠳᠤᠯᠤᠯ᠂ ᠰᠢᠷ᠎ᠠ ᠶᠤᠭᠤᠷ ᠬᠡᠯᠡᠨ ᠤ ᠰᠤᠳᠤᠯᠤᠯ᠂ ᠫᠠᠭᠪᠠ ᠦᠰᠦᠭ ᠪᠤᠯᠤᠨ ᠡᠨᠡᠳᠭᠡᠭ ᠬᠡᠯᠡᠨ ᠤ ᠬᠠᠷᠢᠴᠠᠭᠤᠯᠤᠭᠰᠠᠨ ᠰᠤᠳᠤᠯᠤᠯ ᠵᠡᠷᠭᠡ ᠤᠯᠠᠨ ᠲᠠᠯ᠎ᠠ ᠪᠠᠷ ᠭᠠᠷᠮᠠᠭᠠᠢ ᠵᠢᠳᠬᠦᠯ ᠦᠵᠡᠬᠦᠯᠬᠦ ᠶᠢᠨ ᠲᠠᠭᠠᠤ 2004 ᠤᠨ ᠳᠤ ᠥᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠤᠷᠬᠠᠨ ᠤ ᠱᠠᠰᠢᠨ ᠤ ᠨᠡᠶᠢᠭᠡᠮᠯᠢᠭ ᠤᠨ ᠳᠠᠷᠤᠭ᠎ᠠ ᠪᠠᠷ ᠰᠤᠩᠭᠤᠭᠳᠠᠵᠦ᠂ 2010 ᠤᠨ ᠳᠤ ᠳᠤᠮᠳᠠᠳᠦ ᠤᠯᠤᠰ ᠤᠨ ᠪᠤᠷᠬᠠᠨ ᠤ ᠱᠠᠰᠢᠨ ᠤ ᠨᠡᠶᠢᠭᠡᠮᠯᠢᠭ ᠤᠨ ᠳᠡᠳ᠋ ᠳᠠᠷᠤᠭ᠎ᠠ ᠪᠠᠷ ᠰᠤᠩᠭᠤᠭᠳᠠᠬᠰᠠᠨ ᠠᠴᠠ ᠭᠠᠳᠠᠨ᠎ᠠ ᠲᠤᠯᠤᠳᠤᠭᠠᠷ ᠬᠤᠭᠤᠴᠠᠭᠠᠨ ᠤ ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠬᠡᠰᠢᠬᠦᠨ᠂ ᠨᠠᠢᠮᠠᠳᠤᠭᠠᠷ ᠬᠤᠭᠤᠴᠠᠭᠠᠨ ᠤ ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠪᠠᠶᠢᠩᠭᠤ ᠶᠢᠨ ᠬᠡᠰᠢᠬᠦᠨ᠂ ᠠᠷᠪᠠᠳᠤᠭᠠᠷ᠂ ᠠᠷᠪᠠᠨ ᠨᠢᠭᠡᠳᠦᠭᠡᠷ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠤᠯᠤᠰ ᠲᠦᠷᠦ  ᠶᠢᠨ ᠵᠦᠪᠯᠡᠯᠭᠡᠨ ᠤ ᠬᠡᠰᠢᠭᠦᠨ ᠪᠤᠯᠵᠦ᠂ ᠡᠭᠦᠷᠭᠡ ᠬᠠᠷᠢᠭᠤᠴᠠᠯᠭ᠎ᠠ᠂ ᠠᠵᠢᠯ ᠤᠨ ᠲᠠᠷᠤᠭᠠᠰᠤ ᠪᠤᠯᠤᠨ ᠬᠤᠷᠠᠯ ᠴᠤᠬᠯᠠᠭᠠᠨ᠂ ᠡᠷᠳᠡᠮ ᠰᠢᠨᠵᠢᠯᠡᠭᠡᠨ ᠤ ᠤᠴᠢᠷ ᠶᠠᠪᠤᠳᠠᠯ ᠤᠯᠠᠰᠢᠷᠠᠬᠰᠠᠨ ᠪᠤᠯᠪᠠᠴᠤ ᠮᠤᠩᠭᠤᠯ ᠲᠦᠪᠡᠳ ᠬᠤᠶᠠᠷ ᠬᠡᠯᠡᠨ ᠤ ᠰᠤᠳᠤᠯᠤᠯ ᠰᠢᠨᠵᠢᠯᠡᠭᠡᠨ ᠪᠠ ᠰᠤᠷᠤᠬᠴᠢ ᠬᠦᠮᠦᠵᠢᠭᠦᠯᠬᠦ ᠵᠢᠭᠠᠨ ᠰᠤᠷᠭᠠᠯᠳᠠ ᠶᠢᠨ ᠠᠵᠢᠯ ᠢᠶᠠᠨ ᠶᠡᠷᠦ ᠠᠴᠠ ᠰᠤᠯᠠᠷᠠᠭᠤᠯᠤᠯ ᠦᠭᠡᠢ ᠴᠢᠩᠭ᠎ᠠ ᠠᠳᠬᠤᠨ ᠵᠢᠭᠠᠨ ᠰᠤᠷᠭᠠᠯᠳᠠ ᠶᠢᠨ ᠠᠵᠢᠯ ᠳᠤ ᠬᠤᠰᠢᠭᠤᠴᠢᠯᠠᠨ ᠤᠷᠢᠳ ᠬᠤᠵᠢᠳ ᠠᠷᠪᠠ ᠭᠠᠷᠤᠢ ᠮᠠᠰᠲ᠋ᠧᠷ ᠳ᠋ᠤᠺᠲ᠋ᠤᠷ ᠬᠦᠮᠥᠵᠢᠬᠦᠯᠥᠭᠰᠡᠨ ᠪᠠᠶᠢᠨ᠎ᠠ᠃ ᠤᠷᠢᠳ ᠬᠤᠵᠢᠳ ᠤᠯᠤᠰ ᠤᠨ ᠲᠤᠳᠤᠭᠠᠳᠤ ᠭᠠᠳᠠᠭᠠᠳᠤ ᠶᠢᠨ ᠨᠡᠷᠡᠳᠦ ᠰᠤᠨᠢᠨ ᠰᠡᠳᠭᠦᠯ ᠳᠤ ᠠᠷᠪᠠ ᠭᠠᠷᠤᠢ ᠡᠷᠳᠡᠮ ᠰᠢᠨᠵᠢᠯᠡᠭᠡᠨ ᠤ ᠦᠭᠦᠯᠡᠯ ᠨᠡᠶᠢᠳᠡᠯᠡᠭᠦᠯᠦᠭᠰᠡᠨ  ᠠᠴᠠ ᠭᠠᠳᠠᠨ᠎ᠠ ︽ᠲᠤᠮᠳᠠᠳᠤ ᠵᠠᠭᠤᠨ ᠤ ᠮᠤᠩᠭᠤᠯ ᠬᠡᠯᠡᠨ ᠤ ᠲᠤᠯᠢ︾᠂ ︽ᠲᠤᠮᠳᠠᠳᠤ ᠤᠯᠤᠰ ᠤᠨ ᠮᠤᠩᠭᠤᠯ ᠬᠡᠯᠡᠨ ᠤ ᠨᠤᠳᠤᠬ ᠤᠨ ᠠᠶᠠᠯᠭᠤ ᠶᠢᠨ ᠵᠢᠷᠤᠬ︾᠂ ︽ᠮᠤᠩᠭᠤᠯ ᠬᠡᠯᠡᠨ ᠤ ᠨᠤᠳᠤᠬ ᠤᠨ ᠠᠶᠠᠯᠭᠤ ᠶᠢᠨ ᠪᠠᠶᠢᠴᠠᠭᠠᠨ ᠰᠤᠳᠤᠯᠤᠯᠳᠠ︾ ᠵᠡᠷᠭᠡ ᠨᠤᠮ ᠤᠨ ᠨᠠᠶᠢᠷᠠᠭᠤᠯᠤᠯᠭ᠎ᠠ ᠬᠡᠪᠯᠡᠯ ᠪᠠ ᠰᠤᠳᠤᠯᠭᠠᠨ ᠳᠤ ᠤᠷᠤᠯᠴᠠᠵᠤ᠂ ᠲᠡᠳᠡᠨ ᠤ ᠦᠪᠡᠷ ᠤᠨ ᠪᠢᠴᠢᠭᠰᠡᠨ ︽ᠲᠠᠮᠪᠠᠷᠢᠯᠳᠤ ᠪᠠᠷᠠᠭᠤᠨ ᠬᠡᠶᠢᠳ︾ ᠦᠭᠦᠯᠡᠯ ᠪᠤᠯᠤᠨ ᠪᠤᠰᠤᠳ ᠬᠦᠮᠦᠨ ᠲᠠᠢ ᠬᠠᠮᠳᠤᠷᠠᠨ ᠪᠢᠴᠢᠭᠰᠡᠨ ︽ᠮᠤᠩᠭᠤᠯ ᠪᠤᠷᠬᠠᠨ ᠱᠠᠰᠢᠨ ᠤ ᠰᠤᠶᠤᠯ︾ ᠦᠭᠦᠯᠡᠯ ᠨᠢ ᠵᠢᠷᠭᠤᠳᠤᠭᠠᠷ ᠲᠦᠷᠢ ᠶᠢᠨ ᠲᠠᠯᠠᠢ ᠯᠠᠮᠠ ᠼᠡᠩᠶᠠᠩᠵᠠᠮᠰᠤ ᠶᠢᠨ ᠰᠤᠳᠤᠯᠭᠠᠨ ᠬᠢᠭᠡᠳ ᠮᠤᠩᠭᠤᠯ ᠪᠤᠷᠬᠠᠨ ᠱᠠᠰᠢᠨ ᠤ ᠰᠤᠳᠤᠯᠭᠠᠨ ᠳᠤ ᠦᠪᠡᠷ ᠤᠨ ᠭᠡᠰᠡᠨ ᠦᠵᠡᠯᠳᠡ ᠲᠠᠨᠢᠯᠳᠠ ᠶᠢ ᠲᠤᠷᠠᠳᠴᠤ᠂ ᠡᠷᠳᠡᠮ ᠰᠢᠨᠵᠢᠯᠡᠬᠡᠨ ᠤ ᠬᠢᠨ ᠤ ᠠᠩᠬᠠᠷᠤᠯ ᠢ ᠶᠡᠬᠡᠳᠡ ᠲᠠᠳᠠᠬᠰᠠᠨ ᠪᠠᠶᠢᠨ᠎ᠠ᠃ ᠵᠠᠯᠰᠠᠨ ᠭᠡᠭᠡᠨ ᠠᠮᠢᠳᠤ ᠰᠡᠷᠢᠭᠦᠨ ᠪᠠᠶᠢᠬᠤ ᠳᠠᠭᠠᠨ᠂ ᠪᠦᠬᠦ ᠤᠯᠤᠰ ᠤᠨ ᠦᠨᠳᠦᠷ ᠵᠡᠷᠭᠡ ᠶᠢᠨ ᠰᠤᠷᠭᠠᠭᠤᠯᠢ ᠶᠢᠨ ᠬᠦᠮᠦᠨ ᠰᠤᠶᠤᠯ ᠨᠡᠶᠢᠬᠡᠮ ᠤᠨ ᠰᠢᠨᠵᠢᠯᠡᠬᠦ ᠤᠬᠠᠭᠠᠨ ᠤ ᠰᠢᠯᠢᠳᠡᠭ ᠪᠦᠳᠦᠭᠡᠯ ᠤᠨ ᠬᠤᠶᠠᠳᠤᠭᠠᠷ ᠲᠡᠰ ᠤᠨ ᠱᠠᠩᠨᠠᠯ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠤᠷᠪᠠᠳᠤᠭᠠᠷ᠂ ᠲᠠᠪᠤᠳᠤᠭᠠᠷ᠂ ᠵᠢᠷᠭᠤᠳᠤᠭᠠᠷ ᠬᠤᠭᠤᠴᠠᠭᠠᠨ ᠤ ᠭᠦᠨ ᠤᠬᠠᠭᠠᠨ ᠨᠡᠶᠢᠬᠡᠮ ᠤᠨ ᠰᠢᠨᠵᠢᠯᠡᠬᠦ ᠤᠬᠠᠭᠠᠨ ᠤ ᠰᠢᠯᠢᠳᠡᠭ ᠪᠦᠳᠦᠭᠡᠯ ᠤᠨ ᠬᠤᠶᠠᠳᠤᠭᠠᠷ᠂ ᠭᠤᠷᠪᠠᠳᠤᠭᠠᠷ ᠲᠡᠰ ᠤᠨ ᠱᠠᠩᠨᠠᠯ᠂ ᠤᠯᠤᠰ ᠤᠨ ᠲᠡᠰ ᠤᠨ ᠵᠢᠭᠠᠨ ᠰᠤᠷᠭᠠᠯᠳᠠ ᠶᠢᠨ ᠦᠷ᠎ᠡ ᠪᠦᠳᠦᠭᠡᠯ ᠤᠨ ᠬᠤᠶᠠᠳᠤᠭᠠᠷ ᠲᠡᠰ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠡᠰ ᠤᠨ ᠵᠢᠭᠠᠨ ᠰᠤᠷᠭᠠᠯᠳᠠ ᠶᠢᠨ ᠦᠷ᠎ᠡ ᠪᠦᠳᠦᠭᠡᠯ ᠤᠨ ᠨᠢᠭᠡᠳᠦᠭᠡᠷ ᠲᠡᠰ ᠪᠤᠯᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠤᠪᠤᠶᠢᠮ᠎ᠠ ᠬᠤᠪᠢ ᠨᠡᠮᠡᠷᠢ ᠦᠵᠡᠭᠦᠯᠦᠭᠰᠡᠨ ᠢᠳᠡᠷ ᠵᠠᠯᠠᠭᠤ ᠲᠤᠰᠬᠠᠢ ᠮᠡᠷᠭᠡᠵᠢᠯᠳᠡᠨ ᠤ ᠴᠤᠯᠠ ᠵᠡᠷᠭᠡ ᠶᠢ ᠬᠦᠷᠳᠡᠵᠦ ᠦᠩᠭᠡᠷᠡᠭᠰᠡᠨ ᠪᠠᠶᠢᠨ᠎ᠠ᠃ ᠭᠡᠭᠡᠨ ᠪᠠᠭᠰᠢ 2013 ᠤᠨ ᠤ 4 ᠰᠠᠷ᠎ᠠ ᠶᠢᠨ 28 ᠤ ᠡᠳᠦᠷ ᠬᠦᠬᠡᠬᠤᠳᠠ ᠳᠤ ᠡᠪᠡᠳᠴᠢᠨ ᠢᠶᠠᠷ ᠲᠠᠭᠠᠯᠠᠯ ᠪᠤᠯᠵᠤ᠂ ᠨᠢᠷᠸᠠᠨ ᠲᠦᠷᠢ ᠦᠵᠡᠭᠦᠯᠵᠡᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号