ᠴᠦᠯᠬᠡᠳᠡᠢ
ᠨᠡᠶᠢᠲᠡᠯᠡᠭᠰᠡᠨ ᠴᠠᠭ᠄
2019/12/13
ᠴᠦᠯᠬᠡᠳᠡᠢ ᠪᠤᠯ ᠰᠦᠯᠳᠦᠰᠦᠨ ᠤᠪᠤᠭ ᠤᠨ ᠬᠦᠮᠦᠨ᠃ ᠳᠡᠮᠦᠵᠢᠨ 1181 ᠤᠨ ᠳᠤ ᠵᠠᠮᠤᠬ᠎ᠠ ᠠᠴᠠ ᠬᠠᠭᠠᠴᠠᠨ ᠰᠠᠯᠵᠦ ᠨᠡᠬᠦᠬᠡᠳ ᠰᠦᠨᠢ ᠳᠤᠷᠰᠢ ᠶᠠᠪᠤᠵᠦ ᠡᠳᠦᠷ ᠬᠡᠶᠢᠬᠦ  ᠳᠤ ᠦᠵᠡᠪᠡᠯ ᠳᠡᠮᠦᠵᠢᠨ ᠢ ᠳᠦᠰᠢᠨ ᠳᠠᠭᠠᠬᠤ ᠪᠠᠷ ᠢᠷᠡᠭᠰᠡᠨ ᠪᠠᠶᠢᠵᠠᠢ᠃ ᠡᠶᠢᠨ ᠬᠦ ᠴᠦᠯᠬᠡᠳᠡᠢ ᠵᠦᠪ ᠵᠠᠮ ᠢᠶᠠᠨ ᠤᠯᠵᠠᠢ᠃ ︵ᠨᠢᠭᠤᠴᠠ ᠳᠤᠪᠴᠢᠶ᠎ᠠ 120 ᠵᠦᠢᠯ  ᠳᠤ ᠦᠵᠡ︶ ᠴᠦᠯᠬᠡᠳᠡᠢ 1189 ᠤᠨ  ᠳᠤ ᠳᠡᠮᠦᠵᠢᠨ ᠴᠢᠩᠬᠢᠰ ᠤᠨ ᠵᠠᠷᠯᠢᠭ ᠢᠶᠠᠷ ᠢᠯᠳᠤ ᠠᠭᠰᠠᠵᠦ ᠶᠠᠪᠤᠬᠤ ᠪᠠᠷ ᠳᠤᠮᠢᠯᠠᠭᠳᠠᠵᠦ ᠶᠡᠭᠡ ᠢᠳᠡᠬᠡᠯ ᠤᠯᠵᠠᠢ᠃ ︵ᠨᠢᠭᠤᠴᠠ ᠳᠤᠪᠴᠢᠶ᠎ᠠ 124 ᠵᠦᠢᠯ  ᠳᠤ ᠦᠵᠡ︶ ᠴᠢᠩᠬᠢᠰ ᠬᠠᠭᠠᠨ 1206 ᠤᠨ ᠳᠤ ᠤᠯᠤᠰ ᠳᠦᠷᠦ ᠶᠢ ᠪᠠᠶᠢᠭᠤᠯᠬᠤ ᠳᠤ ᠮᠢᠳᠠᠷᠠᠯ ᠦᠬᠡᠢ ᠵᠢᠳᠬᠦᠭᠰᠡᠨ ᠰᠦᠯᠳᠦᠰᠦᠨ ᠤᠪᠤᠭ ᠤᠨ ᠴᠦᠯᠬᠡᠳᠡᠢ ᠳᠤ ᠨᠠᠶᠠᠨ ᠨᠠᠢᠮᠠᠨ ᠭᠠᠪᠢᠶᠠᠳᠠᠨ ᠤ ᠠᠷᠪᠠᠨ ᠳᠦᠷᠪᠡᠳᠡᠬᠢ ᠭᠠᠪᠢᠶᠠᠳᠤ ᠪᠠᠷ ᠰᠤᠶᠤᠷᠬᠠᠵᠦ ᠶᠡᠷᠡᠨ ᠳᠠᠪᠤᠨ ᠮᠢᠩᠭᠠᠨ ᠤ ᠠᠷᠪᠠᠨ ᠳᠦᠷᠪᠡᠳᠡᠬᠢ ᠮᠢᠩᠭᠠᠨ ᠤ ᠨᠤᠶᠠᠨ ᠢᠶᠠᠷ ᠳᠤᠮᠢᠯᠠᠵᠦ᠂ ᠤᠭᠰᠠᠭᠠᠳᠤ ᠨᠤᠶᠠᠨ ᠳᠤ ᠡᠷᠬᠦᠮᠵᠢᠯᠡᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号