ᠫᠠᠭᠪᠠ ᠯᠠᠮᠠ
ᠨᠡᠶᠢᠲᠡᠯᠡᠭᠰᠡᠨ ᠴᠠᠭ᠄
2019/12/13
ᠲᠦᠪᠡᠳ ᠤᠨ ᠰᠠᠵᠠ ᠬᠡᠶᠢᠳ ᠤᠨ ᠨᠣᠮᠴᠢ ᠯᠠᠮᠠ ᠫᠠᠭᠪᠠ ᠯᠣᠳᠣᠶᠢᠵᠠᠯᠰᠠᠨ1235 ᠣᠨ ᠳᠤ ᠲᠦᠷᠦᠵᠦ᠂ ᠪᠠᠭ᠎ᠠ ᠪᠠᠯᠴᠠᠷ ᠨᠠᠰᠣᠨ ᠠᠴᠠ ᠪᠠᠨ ᠡᠬᠢᠯᠡᠨ ᠨᠣᠮ ᠡᠷᠳᠡᠮ ᠤᠨ ᠮᠦᠷ ᠬᠦᠭᠡᠭᠡᠨ‌‍ᠪᠣᠷᠬᠠᠨ ᠤ ᠱᠠᠰᠢᠨ ᠤ ᠰᠣᠷᠭᠠᠯ ᠪᠠᠷ ᠭᠦᠨᠵᠡᠭᠡᠢ ᠰᠣᠷᠣᠯᠴᠠᠵᠦ᠂ ᠲᠡᠭᠦᠨ ᠢ ᠳᠡᠯᠭᠡᠷᠡᠭᠦᠯᠬᠦ ᠭᠡᠷᠡᠭ ᠲᠤ ᠠᠮᠢᠳᠣᠷᠠᠯ ᠢᠶᠠᠨ ᠵᠣᠷᠢᠭᠤᠯᠵᠠᠢ᠃ ᠡᠨᠡ ᠬᠡᠷᠡᠭ ᠢᠶᠠᠷ  ᠢᠶᠠᠨ ᠠᠷᠪᠠᠨ ᠲᠠᠪᠣᠨ ᠨᠠᠰᠣᠲᠠᠢ ᠳᠠᠭᠠᠨ ᠮᠣᠩᠭᠤᠯ‌ᠣᠷᠣᠨ ᠳᠤ ᠵᠠᠯᠠᠭᠳᠠᠨ᠂ ᠱᠠᠩᠳᠦ ᠳᠤ ᠬᠤᠪᠢᠯᠠᠢ ᠲᠠᠢ ᠠᠭᠤᠯᠵᠠᠵᠦ ᠪᠠᠶᠢᠭᠰᠠᠨ‌‍ᠪᠦ᠋ᠭᠡᠳ ᠲᠡᠭᠦᠨ‌ᠡᠴᠡ ᠬᠤᠶᠢᠰᠢ ᠭᠤᠷᠪᠠᠨ ᠵᠢᠯ ‍ᠦᠨ‌‍ᠲ᠋ᠠᠷᠠᠭ᠎ᠠ ᠰᠢᠷ᠎ᠠ ᠮᠣᠷᠢᠨ ᠵᠢᠯ ᠲᠠᠬᠢᠨ ᠬᠤᠪᠢᠯᠠᠢ ᠲᠠᠢ ᠠᠭᠤᠯᠵᠠᠨ᠂ ᠪᠣᠷᠬᠠᠨ ᠤ ᠱᠠᠰᠢᠨ ᠤ ᠲᠣᠬᠠᠢ ᠲᠠᠶᠢᠯᠪᠣᠷᠢᠯᠠᠨ ᠣᠬᠠᠭᠤᠯᠵᠦ᠂ ᠱᠠᠩᠳᠦ ᠳᠤ ᠨᠡᠯᠢᠶᠡᠳ ᠣᠳᠠᠭᠠᠨ ᠰᠠᠭᠤᠵᠦ ᠪᠠᠶᠢᠭᠰᠠᠨ ᠪᠠᠶᠢᠨ᠎ᠠ᠃ ᠡᠨᠡᠬᠦ ᠬᠤᠭᠤᠴᠠᠭᠠᠨ ᠳᠤ ᠬᠤᠪᠢᠯᠠᠢ ᠬᠠᠭᠠᠨ ᠤ ᠵᠠᠷᠯᠢᠭ ᠢᠶᠠᠷ ᠳᠦᠷᠪᠡᠯᠵᠡᠨ‌ᠦᠰᠦᠭ ᠢ ᠵᠣᠬᠢᠶᠡᠵᠦ᠂ ᠲᠡᠭᠦᠨ ᠢ ᠬᠡᠷᠡᠭᠯᠡᠬᠦ ᠠᠷᠭ᠎ᠠ ᠣᠬᠠᠭᠠᠨ ᠢ ᠲᠠᠶᠢᠯᠪᠣᠷᠢᠯᠠᠨ ᠵᠢᠭᠠᠭᠰᠠᠨ‌‍ᠪᠠᠶᠢᠨ᠎ᠠ᠃ ᠡᠭᠦᠨ ᠠᠴᠠ ᠡᠮᠦᠨ᠎ᠡ ᠮᠣᠩᠭᠤᠯ ᠤᠨ ᠶᠡᠭᠡ ᠬᠠᠭᠠᠨ ᠮᠦᠩᠬᠡ ᠲᠠᠢ ᠬᠠᠷᠠᠬᠤᠷᠣᠮ ᠳᠤ ᠠᠭᠤᠯᠵᠠᠵᠦ ᠮᠣᠩᠭᠤᠯ ᠭᠠᠵᠠᠷ ᠲᠤ ᠪᠣᠷᠬᠠᠨ ᠤ ᠱᠠᠰᠢᠨ ᠳᠡᠯᠭᠡᠷᠡᠭᠦᠯᠬᠦ ᠠᠴᠢ ᠲᠣᠰᠠ‌‍ᠶᠢ ᠠᠶᠢᠯᠠᠳᠬᠠᠨ᠂ ᠦᠪᠡᠷ ᠢᠶᠠᠨ ᠪᠣᠷᠬᠠᠨ ᠤ ᠱᠠᠰᠢᠨ ᠤ ᠡᠨᠡᠷᠢᠩᠭᠦᠢ ᠦᠵᠡᠯ ᠨᠣᠮᠯᠠᠭᠰᠠᠨ ᠨᠣᠮ ᠰᠣᠳᠣᠷ ᠢ ᠮᠣᠩᠭᠤᠯ ᠬᠡᠯᠡᠨ ᠳᠤ ᠣᠷᠴᠢᠭᠤᠯᠬᠤ ᠲᠣᠬᠠᠢ ᠮᠦᠩᠬᠡ ᠬᠠᠭᠠᠨ ᠠᠴᠠ ᠵᠠᠷᠯᠢᠭ ᠬᠦᠯᠢᠶᠡᠨ ᠠᠪᠴᠦ ᠪᠠᠶᠢᠭᠰᠠᠨ ᠪᠠᠶᠢᠵᠠᠢ᠃ 1280 ᠣᠨ ᠳᠤ ᠨᠣᠲᠤᠭ ᠲᠤ ᠪᠠᠨ ᠪᠣᠴᠠᠵᠦ ᠣᠴᠢᠭᠠᠳ ᠳᠠᠭᠠᠯᠠᠯ ᠲᠡᠭᠦᠰᠣᠭ᠍ᠰᠡ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号