ᠫᠠᠵᠠᠢ
ᠨᠡᠶᠢᠲᠡᠯᠡᠭᠰᠡᠨ ᠴᠠᠭ᠄
2019/12/13
ᠮᠤᠩᠭᠤᠯ ᠦᠨᠳᠦᠰᠦᠳᠠᠨ ᠤ ᠠᠯᠳᠠᠷᠳᠦ ᠬᠤᠭᠤᠷᠴᠢ᠂ ᠠᠪᠤᠷᠭᠤ ᠲᠤᠤᠯᠢᠴᠢ ᠫᠠᠵᠠᠢ 1902 ᠤᠨ ᠤ ᠬᠤᠶᠠᠳᠤᠭᠠᠷ ᠰᠠᠷ᠎ᠠ ᠶᠢᠨ ᠠᠷᠪᠠᠨ ᠭᠤᠷᠪᠠᠨ ᠳᠤ ᠤᠤᠯ ᠤᠨ ᠵᠤᠤ ᠤᠳᠠ ᠴᠢᠭᠤᠯᠭᠠᠨ ᠤ ᠵᠠᠬᠦᠨ ᠭᠠᠷ ᠵᠠᠷᠤᠤᠨ ᠬᠤᠰᠢᠭᠤᠨ ᠤ ᠬᠦᠢᠰᠦ ᠶᠢᠨ ᠠᠶᠢᠯ ᠤᠨ ᠮᠠᠯᠴᠢᠨ ᠵᠢᠭᠮᠡᠳᠰᠠᠩᠪᠤ ᠶᠢᠨ ᠭᠡᠷ ᠲᠤ ᠲᠦᠷᠦᠵᠠᠢ᠃ ᠫᠠᠵᠠᠢ ᠶᠢᠨ ᠤᠭ ᠨᠠᠷ᠎ᠠ ᠨᠢ ᠫᠠᠫᠠᠭᠵᠠᠪ ᠭᠡᠳᠡᠭ᠂ ᠦᠶ᠎ᠠ ᠶᠢᠨ ᠭᠡᠤᠭᠡᠤᠨ ᠨᠢ ᠲᠦᠬᠦᠮᠴᠢᠯᠠᠵᠦ ᠲᠠᠭᠤᠳᠠᠭᠰᠠᠭᠠᠷ ᠫᠠᠵᠠᠢ ᠪᠤᠯᠭᠠᠵᠠᠢ᠃ ᠬᠦᠮᠤᠰ ᠪᠠᠰᠠ ᠮᠠᠮᠠ ᠭᠡᠵᠦ ᠲᠠᠭᠤᠳᠠᠳᠠᠭ ᠨᠢ ᠪᠠᠭ᠎ᠠ ᠳᠠᠭᠠᠨ ᠰᠦᠮ᠎ᠠ ᠳᠤ ᠰᠠᠭᠤᠭᠰᠠᠨ ᠲᠠᠢ ᠬᠤᠯᠪᠤᠭ᠎ᠠ ᠲᠠᠢ᠃ 1911 ᠤᠨ ᠳᠤ᠂ ᠵᠠᠬᠦᠨ ᠭᠠᠷ ᠵᠠᠷᠤᠤᠨ ᠸᠠᠩ ᠤᠨ ᠬᠦᠦ ᠨᠢ ᠬᠦᠨᠳᠦ ᠡᠪᠠᠳᠴᠢᠯᠠᠵᠦ᠂ ᠪᠠᠨᠴᠢᠨ ᠪᠤᠭᠳᠠ ᠠᠴᠠ ᠠᠪᠤᠷᠠᠯ ᠭᠤᠶᠤᠭᠰᠠᠨ ᠴᠢᠨᠢ᠄ ᠠᠷᠪᠠᠨ ᠴᠤᠪᠤᠭᠤ ᠭᠡᠤᠭᠡᠤᠨ ᠢ ᠠᠭᠤᠢ ᠰᠦᠮ᠎ᠠ ᠳᠤ ᠭᠠᠷᠭᠠᠵᠦ᠂ ᠠᠯᠳᠠᠨ ᠰᠤᠪᠤᠷᠭ᠎ᠠ ᠪᠠᠶᠢᠭᠤᠯᠪᠠᠯ ᠰᠠᠶ᠋ᠢ ᠴᠢᠳᠬᠦᠷ ᠠᠷᠢᠯᠤᠨ᠎ᠠ ᠭᠡᠵᠦ ᠠᠯᠳᠠᠨ ᠭᠤᠷᠪᠠᠨ ᠱᠤ ᠳᠤᠨᠢ ᠠᠪᠤᠷᠠᠯ ᠤᠨ ᠲᠠᠷᠨᠢ ᠪᠠᠭᠤᠵᠦ ᠭᠡᠨ᠎ᠠ᠃ ᠫᠠᠵᠠᠢ ᠲᠠᠭᠡᠭᠡᠤᠨ ᠶᠢᠰᠤᠨ ᠨᠠᠰᠤᠳᠠᠢ ᠳᠠᠭᠠᠨ ᠲᠠᠳᠠᠭᠡᠷ ᠭᠡᠤᠭᠡᠤᠨ ᠤᠨ ᠲᠤᠭᠠᠨ ᠳᠤ ᠤᠷᠤᠵᠦ᠂ ᠨᠠᠭᠠᠴᠦ ᠯᠠᠮᠠ ᠰᠠᠷᠳᠠᠭ ᠤᠨ ᠬᠦᠳᠦᠯᠦᠯᠭᠡ ᠪᠠᠷ ᠬᠤᠰᠢᠭᠤᠨ ᠸᠠᠩ ᠤᠨ ᠰᠢᠳᠦᠭᠡᠨ ᠰᠦᠮ᠎ᠠ ᠪᠣᠯᠬᠤ ᠨᠤᠶᠠᠨ ᠰᠦᠮ᠎ᠠ ᠳᠤ ᠪᠠᠨᠳᠢ ᠪᠤᠯᠵᠠᠢ᠃ ᠫᠠᠵᠠᠢ ᠰᠤᠳᠤᠷ ᠤᠩᠰᠢᠵᠦ ᠨᠤᠮ ᠴᠠᠭᠡᠵᠢᠯᠠᠬᠦ ᠳᠡᠭᠡᠨ ᠲᠦᠢᠯ ᠤᠨ ᠬᠤᠷᠴᠠ ᠰᠠᠷᠬᠦᠯᠠᠩ ᠪᠤᠯᠪᠠᠴᠦ ᠦᠬᠦᠮᠠᠯ ᠢᠶᠠᠷ ᠰᠤᠷᠬᠤ ᠳᠤ ᠲᠤᠷ᠎ᠠ ᠦᠭᠡᠢ᠃ ᠨᠢᠭᠡᠨ ᠤᠳᠠᠭ᠎ᠠ᠂ ᠪᠠᠭᠰᠢ ᠯᠠᠮᠠ ᠨᠢ ᠦᠴᠦᠭᠡᠳᠤᠷ ᠤᠨ ᠨᠤᠮ ᠢᠶᠠᠨ ᠴᠠᠭᠡᠵᠢ ᠪᠠᠷ ᠤᠩᠰᠢᠭᠤᠯᠬᠤ ᠭᠡᠰᠠᠨ ᠳᠤ᠄ ᠰᠠᠷᠵᠢᠨ ᠨᠤᠷᠵᠢᠤᠨ ᠴᠢᠤᠢ ᠢ ᠲᠦᠪᠳᠠᠭᠠᠩ᠂ ᠰᠠᠷᠳᠠᠭ ᠬᠠᠯᠵᠠᠨ ᠭᠡᠪᠬᠦᠢ ᠲᠦᠪᠳᠠᠭᠠᠩ ︵ᠰᠠᠴᠤᠯᠢ ᠶᠦᠭᠡᠨ ᠲᠦᠷᠪᠠᠨ ᠵᠦᠭ ᠲᠤ ᠤᠯᠠᠨᠳᠠ ᠡᠷᠬᠦᠵᠦ ᠰᠠᠷᠵᠢᠮᠯᠠᠪᠠᠴᠦ᠂ ᠰᠠᠷᠳᠠᠭ ᠬᠠᠯᠵᠠᠨ ᠵᠠᠰᠠᠭ ᠯᠠᠮᠠ ᠳᠤ ᠵᠢᠭᠠᠬᠠᠨ ᠴᠤ ᠦᠭᠬᠦ ᠦᠭᠡᠢ ᠭᠡᠰᠠᠨ ᠤᠳᠬ᠎ᠠ ᠲᠠᠢ︶ ᠭᠡᠵᠦ ᠨᠠᠭᠠᠴᠦ ᠯᠠᠮᠠ ᠪᠠᠨ ᠲᠠᠭᠠᠷᠢᠭᠤᠯᠤᠨ ᠤᠩᠰᠢᠵᠦ ᠰᠠᠪ ᠮᠠᠳᠡᠭᠳᠠᠭᠡᠤᠨ ᠬᠦᠨᠳᠦ ᠵᠠᠨᠴᠢᠭᠳᠠᠵᠠᠢ᠃ ᠫᠠᠵᠠᠢ ᠠᠷᠪᠠᠨ ᠲᠦᠷᠪᠠᠳᠠᠢ ᠳᠡᠭᠡᠨ ᠰᠦᠮ᠎ᠠ ᠶᠢᠨ ᠤᠩᠰᠢᠯᠭ᠎ᠠ ᠶᠢ ᠪᠦᠷᠢᠨ ᠲᠠᠬᠦᠰᠦᠭᠰᠠᠨ ᠪᠦᠬᠡᠳ ᠬᠤᠭᠤᠯᠠᠢ ᠨᠢ ᠬᠦᠩᠬᠢᠨᠠᠮ᠎ᠠ ᠲᠤᠯᠠ ᠤᠩᠰᠠᠤᠨ ︵ᠨᠤᠮ ᠡᠬᠢᠯᠠᠬᠦᠯᠦᠭᠴᠢ︶ ᠴᠤᠯᠠ ᠬᠦᠷᠳᠠᠪᠠ᠃ ᠭᠡᠪᠡᠴᠦ ᠲᠠᠷᠠ ᠰᠦᠮ᠎ᠠ ᠶᠢᠨ ᠠᠮᠢᠳᠤᠷᠠᠯ ᠳᠤ ᠶᠠᠷᠤᠨᠢ ᠲᠤᠷ᠎ᠠ ᠦᠭᠡᠢ ᠲᠤᠯᠠ ᠠᠯᠪᠠ ᠶᠢᠨ ᠲᠠᠳᠤᠢ ᠰᠠᠭᠤᠪᠠᠴᠦ ᠠᠰᠳᠠᠭᠠᠨ ᠬᠤᠶᠠᠷ ᠵᠦᠢᠯ ᠤᠨ ᠶᠠᠭᠤᠮ᠎ᠠ ᠳᠤ ᠰᠠᠳᠬᠢᠯ ᠲᠠᠯᠪᠢᠳᠠᠭ ᠪᠠᠶᠢᠵᠠᠢ᠄ ᠨᠢᠭᠡ ᠨᠢ᠂ ᠬᠤᠭᠤᠷ ᠪᠠᠷᠢᠵᠦ ᠦᠯᠢᠭᠡᠷ ᠭᠡᠯᠠᠬᠦ ᠪᠠᠨ ᠬᠠᠶᠠᠭᠰᠠᠨ ᠦᠭᠡᠢ᠃ ᠲᠤᠬᠠᠢ ᠶᠢᠨ ᠦᠶ᠎ᠠ ᠳᠤ ᠴᠦᠢᠪᠠᠩ ᠬᠤᠭᠤᠷᠴᠢ ᠪᠤᠯᠤᠨ ᠭᠡᠨᠳᠤᠨ ᠮᠠᠩᠭᠤᠰ ᠰᠦᠮ᠎ᠠ ᠠᠴᠠ ᠤᠶᠢᠷᠠᠯᠴᠠᠭ᠎ᠠ ᠰᠠᠭᠤᠳᠠᠭ ᠲᠤᠯᠠ ᠦᠯᠢᠭᠡᠷ ᠭᠡᠯᠠᠬᠦ ᠦᠳᠠᠰᠢ ᠪᠦᠷᠢ ᠫᠠᠵᠠᠢ ᠨᠢᠭᠤᠵᠦ ᠲᠠᠯᠳᠠᠯᠠᠨ ᠤᠴᠢᠭᠠᠤᠨ ᠰᠤᠨᠤᠰᠳᠠᠭ ᠶᠤᠮ᠃ ᠴᠢᠩᠬᠢᠭᠡᠤᠨ ᠦᠪᠠᠷ ᠤᠨ ᠭᠡᠷ ᠠᠴᠠ ᠪᠠᠨ ᠱᠦᠯᠦ ᠶᠢᠨ ᠲᠤᠰᠤ ᠠᠪᠴᠦ ︵ᠳ᠋ᠧᠩ ᠳᠤ ᠨᠠᠮᠠᠬᠦ ᠲᠤᠰᠤ︶ ᠤᠶᠢᠷ᠎ᠠ ᠬᠠᠪᠢ ᠶᠢᠨ ᠤᠳᠤᠷ ᠨᠠᠬᠦᠳᠠᠯ ᠲᠠᠭᠡᠷ᠎ᠠ ᠰᠤᠷᠴᠦ ᠮᠠᠳᠡᠭᠰᠠᠨ ᠦᠯᠢᠭᠡᠷ ᠢᠶᠠᠨ ᠭᠡᠯᠠᠵᠦ ᠦᠭᠳᠡᠭ᠃ ᠲᠠᠬᠦᠨ ᠳᠤ ᠬᠤᠭᠤᠷ ᠦᠭᠡᠢ ᠲᠤᠯᠠ ᠬᠠᠭᠤᠷᠠᠢ ᠬᠤᠶᠠᠷ ᠮᠤᠳᠤ ᠶᠢ ᠬᠢᠷᠤᠭᠡᠳᠠᠵᠦ᠂ ᠴᠦᠢᠪᠠᠩ ᠭᠡᠨᠳᠤᠨ ᠢ ᠲᠠᠭᠤᠷᠢᠶᠠᠨ ᠴᠤᠬᠤᠮ ᠴᠤ ᠲᠦᠷᠰᠦᠯᠢᠭ ᠠᠷᠠᠨᠰᠢᠯᠠᠵᠦ ᠲᠦᠩᠬᠢᠨᠠᠳᠠᠯ᠎ᠠ ᠪᠠᠷᠬᠢᠷᠠᠨ ᠭᠡᠯᠠᠵᠦ ᠪᠠᠶᠢᠯ᠎ᠠ᠃ ᠬᠤᠵᠢᠮ ᠨᠢ ᠬᠤᠭᠤᠷ ᠲᠠᠢ ᠪᠤᠯᠴᠢᠭᠬᠠᠰᠠᠨ ᠴᠢᠨᠢ ᠶᠤᠰᠤᠳᠠᠢ ᠪᠠᠷᠰ ᠲᠤ ᠵᠢᠬᠦᠷ ᠤᠷᠭᠤᠭᠰᠠᠨ ᠠᠳᠠᠯᠢ ᠪᠤᠯᠵᠦ᠂ ᠪᠠᠷᠤᠭ ᠤᠨ ᠬᠦᠮᠤᠨ ᠤ ᠬᠤᠷᠢᠭᠯᠠᠵᠦ ᠬᠠᠰᠢᠬᠤ ᠶᠢ ᠶᠠᠷᠤᠨᠢ ᠰᠤᠨᠤᠰᠬᠤ ᠦᠭᠡᠢ ᠭᠠᠵᠠᠷ ᠪᠤᠯᠭᠠᠨ ᠳᠤ ᠨᠢᠭᠤᠵᠦ ᠬᠠᠪᠴᠢᠨ ᠦᠯᠢᠭᠡᠷ ᠭᠡᠯᠠᠵᠦ ᠶᠠᠪᠤᠬᠤ ᠳᠤ ᠬᠦᠷᠴᠠᠢ᠃ ᠰᠠᠬᠦᠯᠠᠷ ᠨᠢ ᠰᠦᠮ᠎ᠠ ᠶᠢᠨ ᠯᠠᠮᠠ ᠨᠠᠷ ᠲᠤ ᠰᠠᠷᠡᠭᠳᠡᠭᠰᠠᠨ ᠢᠶᠠᠷ ᠰᠤᠭᠤᠨᠳᠤᠢ ᠶᠢᠨ ᠬᠤᠷᠠᠯ ᠤᠨ ᠰᠢᠳᠭᠡᠯ ᠤᠯᠵᠦ᠂ ᠫᠠᠵᠠᠢ ᠠᠷᠪᠠᠨ ᠲᠠᠪᠤᠳᠠᠢ  ᠳᠠᠭᠠᠨ ᠭᠡᠷ ᠲᠡᠭᠡᠨ ᠤᠷᠭᠤᠵᠦ ᠬᠠᠷᠢᠪᠠ᠃ ᠡᠨᠠ ᠶᠠᠪᠤᠳᠠᠯ ᠢ ᠳ᠋ᠠ ᠯᠠᠮᠠ ᠨᠢ ᠬᠤᠰᠢᠭᠤ ᠵᠠᠰᠠᠭ ᠲᠠᠭᠠᠨ ᠵᠠᠭᠠᠯᠳᠤᠭᠰᠠᠨ  ᠳᠤ ︽ᠫᠠᠵᠠᠢ ᠰᠦᠮ᠎ᠠ ᠶᠢᠨ ᠯᠠᠮᠠ ᠨᠠᠷ ᠲᠤ ᠤᠰᠤᠯ ᠬᠦᠯᠢᠶᠠᠨ ᠮᠠᠩᠵᠠ ᠪᠠᠷᠢᠬᠤ ᠠᠴᠠ ᠭᠠᠳᠠᠨ᠎ᠠ᠂ ᠬᠠᠷᠠᠴᠦ ᠪᠤᠯᠵᠦ ᠪᠤᠯᠬᠤ ᠦᠭᠡᠢ᠂ ᠡᠮ᠎ᠠ ᠠᠪᠴᠦ ᠪᠤᠯᠬᠤ ᠦᠭᠡᠢ᠂ ᠦᠬᠦᠳᠠᠯ᠎ᠠ ᠵᠤᠭᠤᠰ ᠦᠭᠡᠢ ᠪᠠᠷ ᠯᠤᠰᠤᠷ ᠬᠦᠢᠴᠠᠳᠭᠡᠬᠦ ᠭᠡᠷᠡᠭᠳᠠᠢ︾ ᠭᠡᠰᠠᠨ ᠶᠠᠯ᠎ᠠ ᠲᠤᠭᠳᠠᠭᠠᠪᠠ᠃ ᠯᠤᠰᠤᠷ ᠭᠡᠳᠡᠭ ᠨᠢ ᠰᠦᠮ᠎ᠠ ᠶᠢᠨ ᠭᠤᠷᠪᠠᠨ ᠴᠠᠭ ᠤᠨ ᠪᠠᠶᠠᠷ ᠢ ᠵᠢᠭᠠᠵᠦ ᠪᠤᠢ᠃ ᠯᠤᠰᠤᠷ ᠬᠦᠢᠴᠠᠳᠭᠡᠬᠦ ᠭᠡᠳᠡᠭ ᠨᠢ ᠰᠦᠮ᠎ᠠ ᠶᠢᠨ ᠭᠤᠷᠪᠠᠨ ᠴᠠᠭ ᠤᠨ ᠪᠠᠶᠠᠷ ᠲᠤ ᠦᠯᠢᠭᠡᠷ ᠭᠡᠯᠠᠵᠦ ᠦᠭᠬᠦ ᠶᠠᠪᠤᠳᠠᠯ ᠪᠤᠯᠤᠨ᠎ᠠ᠃ ᠦᠨ᠎ᠠ ᠦᠷᠳᠡᠭ ᠦᠭᠡᠢ ᠦᠯᠢᠭᠡᠷ ᠭᠡᠯᠠᠬᠦᠯᠬᠦ ᠭᠡᠰᠠᠨ ᠭᠤᠷᠢᠳᠠᠯᠭ᠎ᠠ ᠨᠢ ᠫᠠᠵᠠᠢ ᠶᠢᠨ ᠲᠤᠷ᠎ᠠ ᠪᠠᠬ᠎ᠠ ᠶᠢ ᠮᠢᠳᠠᠷᠠᠭᠤᠯᠵᠦ ᠴᠢᠳᠠᠭᠰᠠᠨ ᠦᠭᠡᠢ ᠪᠦᠬᠡᠳ ᠲᠦᠪᠠᠤᠨ ᠦᠯᠢᠭᠡᠷ ᠤᠨ ᠨᠤᠮ ᠤᠩᠰᠢᠵᠦ ᠰᠤᠷᠬᠤ᠂ ᠬᠢᠳᠠᠤᠨ ᠦᠯᠢᠭᠡᠷ ᠢ ᠮᠤᠩᠭᠤᠯᠴᠢᠯᠠᠵᠦ ᠭᠡᠯᠠᠬᠦ ᠴᠠᠭ ᠲᠤᠬᠢᠶᠠᠯ ᠢ ᠤᠯᠭᠤᠵᠦ᠂ ᠰᠠᠶᠢᠨ ᠬᠤᠭᠤᠷᠴᠢ ᠪᠤᠯᠬᠤ ᠰᠦᠰᠦ ᠵᠤᠷᠢᠭ ᠢ  ᠨᠢ ᠬᠦᠪᠴᠢᠯᠡᠵᠦ᠂ ᠠᠪᠢᠶᠠᠰ ᠪᠢᠯᠢᠭ ᠢᠶᠠᠨ ᠲᠠᠪᠳᠠᠨ ᠪᠤᠯᠪᠠᠰᠤᠷᠠᠭᠤᠯᠬᠤ ᠳᠤᠨᠢ ᠲᠦᠯᠬᠢᠴᠠ ᠬᠦᠴᠤᠨ ᠦᠭᠪᠠ᠃ ᠫᠠᠵᠠᠢ ᠶᠢᠨ ᠰᠡᠳᠬᠢᠯ ᠲᠠᠯᠪᠢᠲᠠᠬ ᠨᠦᠬᠦᠭᠡ ᠵᠦᠢᠯ ᠨᠢ ᠰᠦᠮ᠎ᠠ ᠳᠤ ᠪᠠᠶᠢᠬᠤ ᠬᠤᠭᠤᠴᠠᠭᠠᠨ ᠳᠠᠭᠠᠨ ᠪᠢᠷ ᠪᠤᠳᠤᠭ  ᠲᠠᠢ ᠨᠦᠬᠦᠷᠯᠠᠵᠦ᠂ ᠵᠢᠷᠤᠭ ᠪᠠᠷᠢᠮᠠᠯ ᠢ ᠤᠷᠤᠯᠳᠤᠵᠦ ᠰᠤᠷᠴᠠᠢ᠃ ᠲᠠᠷᠠ ᠭᠠᠷ ᠤᠷᠠᠨ ᠲᠠᠷᠢᠬᠢ ᠰᠠᠷᠭᠡᠢ ᠯᠠᠮᠠ ᠨᠠᠷ  ᠢᠶᠠᠷ ᠵᠢᠭᠠᠯᠭᠠᠵᠦ᠂ ᠪᠤᠷᠬᠠᠨ ᠤ ᠬᠦᠷᠦᠭ ᠵᠢᠷᠤᠭ ᠭᠡᠷ ᠪᠠᠷᠢᠯᠭ᠎ᠠ ᠶᠢᠨ ᠵᠢᠷᠤᠭ ᠲᠦᠷᠰᠦ ᠵᠢᠴᠢ ᠠᠮᠢᠳᠤᠷᠠᠯ ᠤᠨ ᠲᠤᠮᠳᠠᠬᠢ ᠠᠯᠢ ᠤᠯᠠᠨ ᠲᠤᠬᠢᠶᠠᠯᠳᠤᠬᠤ ᠭᠠᠷ ᠤᠷᠠᠯᠠᠯ ᠳᠤ ᠰᠤᠨᠢᠭᠤᠴᠢ ᠬᠢᠨᠠᠭᠤᠷ ᠪᠠᠶᠢᠵᠦ᠂ ᠵᠠᠪᠰᠠᠷ ᠵᠠᠢ ᠤᠯᠳᠠᠪᠠᠯ ᠵᠢᠷᠤᠵᠦ ᠲᠠᠳᠠᠯᠠᠳᠠᠭ ᠪᠠᠶᠢᠵᠠᠢ᠃ ᠨᠢᠭᠡᠨ ᠤᠳᠠᠭ᠎ᠠ ᠫᠠᠵᠠᠢ ᠶᠢᠨ ᠡᠭᠡᠴᠢ ᠨᠢ ᠲᠦᠷᠬᠦᠮᠴᠢᠯᠠᠵᠦ ᠢᠷᠠᠭᠡᠤᠨ ᠭᠤᠳᠤᠯ ᠪᠦᠳᠦᠭᠡᠬᠦ ᠭᠡᠤᠨ ᠮᠤᠩᠭᠠᠨᠢᠵᠦ ᠪᠠᠶᠢᠯ᠎ᠠ᠃ ᠫᠠᠵᠠᠢ ᠭᠤᠳᠤᠯ ᠤᠨ ᠴᠢᠨᠢ ᠵᠢᠷᠤᠭ ᠢ ᠵᠢᠷᠤᠵᠦ ᠲᠦᠯᠦᠪᠯᠠᠵᠦ ᠦᠭᠬᠦᠶ᠎ᠠ ᠭᠡᠰᠠᠨ ᠳᠤ᠄ ︽ᠴᠢ ᠪᠠᠰᠠ ᠵᠢᠷᠤᠭ ᠵᠢᠷᠤᠵᠦ ᠴᠢᠳᠠᠳᠠᠭ ᠶᠤᠮ ᠤᠤ︖︾ ᠭᠡᠵᠦ ᠡᠭᠡᠴᠢ ᠨᠢ ᠠᠰᠠᠭᠤᠬᠤᠯᠠᠷ᠄ ︽ᠭᠤᠷᠪᠠᠨ ᠰᠤᠳᠤᠷ ᠢ ᠴᠠᠭᠡᠵᠢᠯᠠᠬᠦ ᠦᠭᠡᠢ ᠪᠤᠯ ᠤᠩᠰᠠᠤᠨ ᠰᠠᠭᠤᠭᠠᠤᠨ ᠶᠠᠭᠠᠬᠢᠬᠤ ᠪᠤᠢ ᠭᠤᠳᠤᠯ ᠤᠨ ᠵᠢᠷᠤᠭ ᠢ ᠴᠢᠳᠠᠬᠤ ᠦᠭᠡᠢ ᠪᠤᠯ ᠤᠷᠠᠨ ᠰᠠᠨᠠᠭ᠎ᠠ ᠬᠠᠮᠢᠭ᠎ᠠ ᠪᠤᠢ︾ ᠭᠡᠤᠨ ᠠᠭᠤᠯᠠ ᠴᠠᠩᠭᠡᠷᠯᠠᠵᠦ ᠤᠰᠦ ᠲᠤᠨᠤᠯᠵᠠᠭᠰᠠᠨ᠂ ᠤᠯᠠᠭᠠᠨ ᠨᠤᠭᠤᠭᠠᠨ ᠴᠠᠴᠡᠭ ᠨᠠᠪᠴᠢ ᠰᠤᠯᠤᠩᠭᠠᠷᠠᠭᠰᠠᠨ ᠦᠪᠴᠢ ᠨᠠᠭᠠᠮᠠᠯ ᠲᠠᠢ ᠭᠤᠳᠤᠯ ᠤᠨ ᠵᠢᠷᠤᠭ ᠢ ᠵᠢᠷᠤᠵᠦ ᠲᠦᠯᠦᠪᠯᠠᠨ ᠦᠭᠴᠠᠢ᠃ ᠡᠭᠡᠴᠢ ᠨᠢ ᠭᠤᠳᠤᠯ ᠢᠶᠠᠨ ᠪᠦᠳᠦᠭᠡᠵᠦ ᠡᠮᠦᠰᠦᠭᠡᠤᠨ ᠬᠠᠳᠠᠮ ᠳᠠᠭᠠᠨ ᠪᠤᠴᠠᠬᠤ ᠳᠤᠨᠢ ᠤᠶᠢᠷ᠎ᠠ ᠰᠠᠳᠤᠨ ᠨᠢ ᠦᠵᠠᠭᠡᠤᠨ ᠦᠪᠠᠷ ᠤᠨ ᠡᠷᠭᠡ ᠦᠭᠡᠢ ᠲᠤᠭᠤᠵᠦ ᠪᠢᠰᠢᠷᠠᠭᠡᠤᠨ ᠶᠠᠮᠠᠷ ᠬᠦᠮᠤᠨ ᠶᠠᠭᠠᠬᠢᠵᠦ ᠪᠤᠳᠤᠵᠦ ᠲᠦᠯᠦᠪᠯᠡᠭᠰᠠᠨ ᠪᠤᠢ ᠭᠡᠵᠦ ᠶᠠᠭᠡᠯ᠎ᠠ ᠮᠠᠭᠳᠠᠭᠰᠠᠨ ᠭᠡᠲᠡᠭ᠃ 1920 ᠤᠨ ᠠᠴᠠ 1947 ᠤᠨ ᠤ ᠬᠤᠭᠤᠷᠤᠨᠳᠦ ᠪᠤᠯ ᠫᠠᠵᠠᠢ ᠶᠢᠨ ᠨᠢᠭᠡ ᠨᠠᠰᠣᠨ ᠳᠠᠬᠢ ᠬᠠᠮᠤᠭ ᠠᠴᠠ ᠬᠦᠴᠢᠷ ᠪᠠᠷᠭᠡᠰᠢᠶᠠᠯᠳᠠᠢ ᠴᠠᠬ ᠦᠶ᠎ᠠ ᠮᠦᠨ᠃ ᠲᠠᠷᠠ ᠬᠤᠭᠤᠷ ᠢᠶᠠᠨ ᠡᠬᠦᠷᠴᠦ ᠵᠠᠷᠤᠤᠨ᠂ ᠠᠷᠤ ᠬᠤᠷᠴᠢᠨ᠂ ᠦᠵᠦᠮᠦᠴᠢᠨ᠂ ᠬᠤᠶᠠᠷ ᠪᠠᠭᠠᠷᠢᠨ᠂ ᠲᠦᠰᠢᠶᠠᠳᠦ᠂ ᠲᠠᠷᠬᠠᠨ ᠬᠤᠰᠢᠭᠤ ᠪᠠᠷ ᠲᠤᠭᠤᠷᠢᠨ ᠦᠯᠢᠭᠡᠷ ᠭᠡᠯᠠᠵᠦ᠂ ᠭᠡᠳᠠᠰᠦ ᠪᠠᠨ ᠲᠦᠬᠦᠷᠭᠡᠵᠦ ᠭᠡᠷ ᠡᠷᠦᠭᠡ ᠪᠠᠨ ᠲᠠᠵᠢᠭᠡᠵᠦ ᠶᠠᠪᠤᠭᠰᠠᠨ ᠮᠦᠷᠳᠠᠭᠡᠨ ᠮᠤᠩᠭᠤᠯ ᠦᠭᠡᠰ ᠤᠨ ᠰᠠᠩ ᠠᠴᠠ ᠮᠤᠨᠳᠠᠭ ᠤᠯᠠᠨ ᠰᠢᠮ᠎ᠠ ᠲᠠᠵᠢᠭᠡᠯ ᠬᠦᠷᠳᠠᠵᠦ᠂ ᠦᠪᠠᠷᠮᠢᠴᠠ ᠤᠨᠴᠠᠯᠢᠭ ᠤᠷᠠᠨ ᠠᠪᠢᠶᠠᠰᠯᠢᠭ ᠭᠡᠪ ᠨᠠᠮᠪᠠ ᠪᠠᠨ ᠪᠦᠷᠢᠳᠦᠬᠦᠯᠦᠭᠰᠡᠨ ᠪᠠᠶᠢᠨ᠎ᠠ᠃ ᠡᠨᠠᠬᠦ ᠬᠤᠷᠢᠭᠠᠤᠨ ᠵᠢᠯ ᠤᠨ ᠬᠤᠭᠤᠴᠠᠭᠠᠨ ᠳᠤ ᠦᠯᠢᠭᠡᠷ ᠬᠤᠯᠪᠤᠭ᠎ᠠ ᠭᠡᠯᠠᠬᠦ ᠪᠠᠷ ᠲᠠᠮᠵᠢᠭᠤᠯᠵᠦ ᠲᠡᠷᠡ ᠦᠷᠭᠡᠨ ᠠᠭᠤᠳᠠᠮ ᠮᠤᠩᠭᠤᠯ ᠤᠷᠤᠨ ᠢᠶᠠᠷ ᠦᠵᠠᠬᠦ ᠵᠦᠴᠦᠭᠡ ᠦᠭᠡᠢ᠂ ᠰᠤᠨᠤᠰᠬᠤ ᠬᠦᠭᠵᠢᠮ ᠦᠭᠡᠢ᠂ ᠤᠩᠰᠢᠬᠤ ᠨᠤᠮ ᠦᠭᠡᠢ ᠪᠠᠶᠢᠭᠰᠠᠨ ᠰᠤᠶᠤᠯ ᠤᠨ ᠭᠠᠴᠢᠭ ᠲᠤ ᠦᠨᠳᠤᠰᠤᠨ ᠬᠤᠪᠢᠷᠠᠯᠳᠠ ᠭᠠᠷᠭᠠᠵᠦ᠂ ᠦᠢ ᠲᠦᠮᠠᠨ ᠮᠤᠩᠭᠤᠯᠴᠤᠤᠨ ᠤᠨ ᠤᠭᠳᠤᠯᠭ᠎ᠠ ᠬᠦᠷᠢᠶᠠᠯᠠᠯ ᠢ ᠤᠯᠵᠠᠢ᠃ ᠨᠠᠩ ᠢᠯᠠᠩᠭᠤᠶ᠎ᠠ ᠬᠢᠳᠠᠤᠨ ᠤᠨ ᠲᠤᠤᠯᠢ ᠷᠤᠮᠠᠨ ︽ᠭᠤᠷᠪᠠᠨ ᠤᠯᠤᠰ ᠤᠨ ᠦᠯᠢᠭᠡᠷ︾᠂ ︽ᠱᠦᠢ ᠬᠤ᠋︾᠂ ︽ᠵᠠᠬᠦᠨ ᠯᠢᠶᠤᠤ︾᠂ ︽ᠪᠠᠷᠠᠭᠤᠨ ᠬᠠᠨ︾᠂ ︽ᠰᠠᠬᠢᠭᠤᠯᠰᠤᠨ ᠡᠷᠬᠦᠮᠵᠢᠯᠡᠭᠰᠠᠨ ᠦᠯᠢᠭᠡᠷ︾ ᠵᠠᠷᠭᠡ ᠪᠠ ᠲᠦᠪᠠᠤᠨ ᠨᠤᠮ ᠤᠨ ︽ᠭᠡᠰᠠᠷ ᠪᠠᠭᠠᠳᠤᠷ︾ ︵ᠮᠠᠩᠭᠤᠰ ᠤᠨ ᠦᠯᠢᠭᠡᠷ︶ ᠵᠢᠴᠢ ᠮᠤᠩᠭᠤᠯ ᠠᠷᠠᠤᠨ ᠤᠨ ᠠᠮᠠᠨ ᠵᠤᠬᠢᠶᠠᠯ ︽ᠴᠢᠩᠬᠢᠰ ᠬᠠᠭᠠᠨ︾ ᠢ ᠭᠡᠯᠠᠵᠦ ᠬᠠᠶᠢᠯᠬᠤ ᠳᠠᠭᠠᠨ ᠰᠤᠨᠤᠰᠤᠭᠴᠢᠤᠨ ᠤᠨ ᠤᠨᠴᠠᠯᠢᠭ ᠲᠤ ᠲᠤᠬᠢᠷᠠᠭᠤᠯᠵᠦ᠂ ᠴᠢᠮᠠᠵᠦ ᠵᠠᠰᠠᠬᠤ ᠪᠤᠶᠤ ᠰᠢᠯᠦᠭᠯᠠᠨ ᠤᠶᠠᠩᠭᠠᠯᠠᠭᠠᠤᠨ ᠴᠤ᠋ ᠰᠢᠨ᠎ᠠ ᠮᠤᠩᠭᠤᠯ ᠦᠯᠢᠭᠡᠷ ᠵᠤᠬᠢᠶᠠᠯ ᠪᠤᠯᠭᠠᠵᠠᠢ᠃ ᠫᠠᠵᠠᠢ ᠶᠢᠨ ᠦᠯᠢᠭᠡᠷ ᠬᠤᠯᠪᠤᠭ᠎ᠠ ᠨᠢ ᠠᠮᠢᠳᠤ ᠲᠦᠷᠰᠦᠯᠢᠭ᠂ ᠴᠠᠪᠠᠷ ᠪᠤᠷᠤᠭᠵᠢᠭᠤᠨ᠂ ᠱᠤᠭ ᠶᠦᠮᠦᠷᠯᠢᠭ ᠪᠦᠭᠡᠤᠨ ᠲᠤᠬᠠᠢ ᠶᠢᠨ ᠬᠦᠮᠤᠨ ᠶᠠᠪᠤᠳᠠᠯ ᠳᠤ ᠲᠤᠬᠢᠷᠠᠭᠤᠯᠤᠨ ᠬᠤᠱᠤᠩᠨᠠᠨ ᠬᠤᠯᠪᠤᠳᠠᠭ ᠲᠤᠯᠠ ᠰᠠᠳᠬᠢᠯ ᠳᠡᠭᠡᠨ ᠰᠠᠪ ᠲᠠᠢ ᠬᠦᠮᠤᠰ ᠪᠤᠶᠤ ᠰᠠᠶᠢᠨ ᠨᠠᠶᠢᠵᠢ ᠨᠠᠷ ᠨᠢ ᠭᠡᠤᠨ ᠲᠠᠷᠭᠡᠳᠠ ᠨᠢ ᠰᠠᠭᠤᠵᠦ ᠰᠤᠨᠤᠰᠬᠤ ᠠᠴᠠ ᠪᠠᠷᠭᠡᠰᠢᠶᠠᠳᠡᠭ᠃ ᠨᠢᠭᠡᠨ ᠤᠳᠠᠭ᠎ᠠ᠂ ᠦᠯᠢᠭᠡᠷ ᠤᠨ ᠶᠠᠪᠤᠴᠠ ᠳᠤ ᠶᠡᠭᠡ ᠴᠠᠰᠦ ᠤᠷᠤᠵᠦ᠂ ᠠᠮᠢᠳᠠᠨ ᠠᠷᠢᠶᠠᠳᠠᠨ ᠬᠦᠯᠳᠡᠵᠦ ᠦᠬᠦᠮᠠᠷ ᠪᠠᠶᠢᠬᠤ ᠦᠶᠠᠰ ᠲᠤ᠂ ᠲᠠᠬᠦᠨ ᠤ ᠰᠠᠶᠢᠨ ᠨᠠᠶᠢᠵᠢ ︽ᠡᠯᠢᠶ᠎ᠠ ᠰᠠᠩᠪᠤᠣ︾ ᠪᠠ ︽ᠦᠬᠢᠨ ᠬᠦᠯᠦᠭᠡ︾᠂ ︽ᠭᠠᠭ᠋ᠠᠢ ᠬᠠᠷ᠎ᠠ︾ ᠨᠠᠷ ᠲᠠᠯᠳᠠ ᠰᠠᠭᠤᠵᠦ ᠪᠠᠶᠢᠬᠤ ᠶᠢ ᠤᠯᠵᠦ ᠦᠵᠠᠮᠡᠭᠴᠠ᠄ ︽ᠲᠡᠭᠷᠢ ᠭᠠᠵᠠᠷ ᠲᠠᠢ ᠦᠷᠬᠦᠯᠵᠢᠯᠡᠭᠰᠠᠨ / ᠲᠠᠷᠠ ᠶᠡᠭᠡ ᠴᠠᠰᠤᠨ ᠳᠤ / ᠲᠠᠭᠡᠬᠦᠷ ᠨᠢᠰᠳᠠᠭ ᠡᠯᠢᠶ᠎ᠠ ᠰᠢᠪᠠᠭᠤ / ᠲᠠᠪᠳᠠᠷᠢᠨ ᠨᠢᠰᠴᠦ ᠴᠢᠳᠠᠬᠤ ᠦᠭᠡᠢ ᠪᠤᠯᠵᠠᠢ / ᠲᠦᠷᠪᠠᠨ ᠬᠦᠯ ᠲᠠᠢ ᠨᠤᠬᠠᠢ ᠭᠠᠭ᠋ᠠᠢ ᠴᠤ / ᠲᠦᠩᠭᠡᠵᠢ ᠠᠮᠢ ᠲᠠᠢ ᠭᠠᠷᠴᠠᠢ︾ ᠭᠡᠵᠦ ᠬᠤᠯᠪᠤᠭᠠᠤᠨ ᠬᠦᠮᠤᠰ ᠢ ᠬᠦᠰᠢᠳᠠᠯ᠎ᠠ ᠢᠨᠢᠶᠠᠯᠭᠡᠵᠠᠢ᠃ ᠰᠢᠨ᠎ᠠ ᠲᠣᠮᠲᠠᠲᠣ ᠤᠯᠤᠰ ᠪᠠᠶᠢᠭᠤᠯᠤᠭᠳᠠᠬᠤ ᠶᠢᠨ ᠡᠬᠢᠨ ᠳᠤ᠂ ᠵᠠᠷᠤᠤᠨ ᠬᠤᠰᠢᠭᠤᠨ ᠤ ᠲᠠᠷᠤᠭ᠎ᠠ ᠰᠠᠶᠢᠨᠪᠠᠶᠠᠷ ᠠᠴᠠ ᠮᠡᠶᠢᠷᠡᠨ ᠰᠦᠮ᠎ᠠ ᠶᠢᠨ ᠭᠡᠭᠡᠨ ᠯᠤᠪᠰᠠᠩᠳᠤᠷᠵᠢ ᠪᠠ ᠨᠠᠷᠠᠳᠣ ᠡᠮᠴᠢ ᠯᠠᠮᠠᠵᠠᠪ ᠬᠢᠭᠡᠤᠨ ᠬᠤᠭᠤᠷᠴᠢ ᠫᠠᠵᠠᠢ ᠨᠠᠷ ᠢ ᠵᠤᠬᠢᠶᠠᠨ ᠪᠠᠶᠢᠭᠤᠯᠵᠦ᠂ ᠡᠯ᠎ᠠ ᠲᠠᠪᠬᠤᠷᠭ᠎ᠠ ᠳᠤ ᠭᠠᠵᠠᠷ ᠰᠢᠷᠤᠢ ᠶᠢᠨ ᠦᠭᠡᠷᠠᠴᠢᠯᠠᠯᠳᠠ ᠶᠢ ᠤᠬᠠᠭᠤᠯᠤᠨ ᠲᠤᠭᠤᠷᠢᠵᠠᠢ᠃ ᠲᠡᠲᠡ ᠨᠢᠭᠡᠨ ᠪᠠᠶᠠᠨ ᠠᠶᠢᠯ ᠳᠤ ᠬᠦᠷᠬᠦ ᠳᠤ ᠪᠤᠰᠤᠤᠨ ᠬᠡᠲᠦᠬᠦᠯᠡ ᠶᠢᠨ ᠬᠢᠨᠢ ᠮᠤᠷᠢ  ᠶᠢ ᠲᠤᠰᠴᠦ ᠭᠡᠷ ᠲᠡᠭᠡᠨ ᠵᠠᠯᠠᠬᠰᠠᠨ ᠪᠣᠯᠪᠠᠴᠣ ᠮᠠᠭᠤ ᠰᠢᠬ ᠠᠯᠠᠭ ᠮᠤᠷᠢ ᠤᠨᠤᠵᠦ᠂ ᠡᠮᠦᠰᠭᠡᠯ ᠵᠠᠰᠠᠯ ᠨᠢ ᠪᠠᠷᠤᠭᠳᠠᠢ ᠫᠠᠵᠠᠢ ᠶᠢ ᠭᠡᠷ ᠲᠡᠭᠡᠨ ᠵᠠᠯᠠᠭᠰᠠᠨ ᠬᠦᠮᠤᠨ ᠦᠭᠡᠢ ᠪᠠᠶᠢᠯ᠎ᠠ᠃ ᠲᠡᠭᠡᠭᠡᠳ ᠤᠷᠤᠢ ᠨᠢ ᠦᠯᠢᠭᠡᠷ ᠭᠡᠯᠠᠬᠦ ᠪᠠᠷ ᠬᠤᠭᠤᠷ  ᠢᠶᠠᠨ ᠠᠳᠬᠤᠮᠠᠭᠴᠠ᠄ ︽ᠲᠠᠪᠢᠰ ᠤᠨ ᠰᠠᠶᠢᠬᠠᠨ ᠢ ᠦᠵᠠᠭᠡᠤᠨ ᠮᠤᠷᠢ ᠶᠢ ᠨᠢ ᠠᠪᠳᠠᠭ ᠶᠢᠷᠳᠢᠨᠴᠦ / ᠲᠠᠪᠠᠯ ᠤᠨ ᠰᠠᠶᠢᠬᠠᠨ ᠢ ᠬᠠᠷᠭᠠᠤᠨ ᠲᠠᠭᠡᠭᠰᠢ ᠵᠠᠯᠠᠳᠠᠭ ᠶᠢᠷᠳᠢᠨᠴᠦ / ᠡᠮᠠᠭᠡᠯ ᠤᠨ ᠰᠠᠶᠢᠠᠬᠨ ᠢ ᠦᠵᠠᠭᠡᠤᠨ ᠤᠨᠤᠭ᠎ᠠ ᠶᠢ ᠨᠢ ᠲᠤᠰᠳᠠᠭ ᠶᠢᠷᠳᠢᠨᠴᠦ / ᠡᠮᠦᠰᠭᠡᠯ ᠰᠠᠶᠢᠠᠬᠨ ᠢ ᠦᠵᠠᠭᠡᠤᠨ ᠲᠤᠳᠤᠭᠰᠢ ᠵᠠᠯᠠᠳᠠᠬ ᠶᠢᠷᠳᠢᠨᠴᠦ︾ ᠭᠡᠵᠦ ᠭᠡᠷ ᠤᠨ ᠡᠵᠠᠨ ᠢ ᠬᠤᠱᠤᠩᠨᠠᠨ ᠬᠤᠯᠪᠤᠵᠠᠢ᠃ 1947 ᠤᠨ ᠳᠤ᠂ ᠫᠠᠵᠠᠢ ᠠᠶᠢᠯ ᠳᠠᠭᠠᠨ ᠲᠠᠷᠢᠶᠠᠴᠢᠨ ᠤ ᠡᠪᠯᠠᠯ ᠤᠨ ᠲᠠᠷᠢᠬᠦᠯᠡᠭᠴᠢ ᠪᠠᠶᠢᠬᠤ ᠦᠶ᠎ᠡ ᠳᠤ ᠮᠤᠯᠤᠨ ᠭᠡᠳᠡᠭ ᠡᠪᠦᠭᠡᠨ ᠲᠠᠢ ᠨᠤᠭᠤᠭ᠎ᠠ ᠴᠠᠭ᠎ᠠ ᠲᠠᠷᠢᠭᠠᠤᠨ ᠮᠠᠰᠢ ᠡᠯᠪᠡᠭ ᠬᠤᠷᠢᠶᠠᠵᠠᠢ᠃ ᠤᠨᠴᠠᠭᠠᠶᠢᠯᠠᠨ ᠨᠠᠪᠴᠢᠨ ᠲᠠᠮᠠᠬᠢ ᠨᠢ ᠶᠡᠭᠡ ᠰᠠᠶᠢᠨ ᠲᠤᠯᠠ ᠨᠠᠮᠤᠷ ᠲᠤᠨᠢ ᠭᠡᠳᠤᠨ ᠠᠷᠪᠠᠨ ᠲᠠᠭᠡᠰᠦ ᠬᠤᠷᠢᠶᠠᠵᠦ ᠬᠠᠳᠠᠭᠠᠬᠰᠠᠨ ᠪᠠᠶᠢᠨ᠎ᠠ᠃ ᠲᠠᠮᠠᠬᠢ ᠲᠠᠳᠠᠳᠠᠭ ᠦᠶᠠᠴᠤᠤᠨ ᠨᠢ ᠲᠠᠳᠠᠵᠤ ᠦᠵᠠᠭᠡᠤᠨ ᠦᠨᠠᠭᠡᠷ ᠢᠳᠠ  ᠲᠠᠢ ᠭᠡᠬᠦ ᠳᠤᠨᠢ᠄ ︽ᠬᠠᠳᠬᠤᠮᠠᠯ ᠱᠤᠤᠳᠠᠢ ᠵᠠᠬᠦᠬᠦ ᠭᠡᠪᠠᠯ / ᠬᠠᠨᠢᠯᠠᠭᠰᠠᠨ ᠬᠦᠮᠤᠨ ᠢᠶᠠᠷ ᠢᠶᠠᠨ ᠤᠶᠤᠭᠤᠯ / ᠬᠠᠳᠠᠭᠤ ᠲᠠᠮᠠᠬᠢ ᠲᠠᠳᠠᠬᠤ ᠭᠡᠪᠠᠯ / ᠯᠠᠮᠠ ᠬᠦᠮᠤᠨ ᠢᠶᠠᠷ ᠲᠠᠷᠢᠭᠤᠯ / ᠮᠠᠩᠨᠤᠭ ᠱᠤᠤᠳᠠᠢ ᠵᠠᠬᠦᠬᠦ ᠭᠡᠪᠠᠯ / ᠭᠡᠤᠭᠡᠨ ᠬᠦᠮᠤᠨ  ᠢᠶᠠᠷ ᠤᠶᠤᠭᠤᠯ / ᠮᠠᠨᠠᠷᠠᠭᠰᠠᠨ ᠲᠠᠮᠠᠬᠢ ᠲᠠᠳᠠᠬᠤ ᠭᠡᠪᠠᠯ / ᠮᠠᠮᠠ ᠬᠦᠮᠤᠨ ᠢᠶᠠᠷ ᠲᠠᠷᠢᠭᠤᠯ︾ ᠭᠡᠵᠦ ᠬᠤᠯᠪᠤᠬᠤ ᠳᠤᠨᠢ ︽ᠮᠠᠮᠠ ᠮᠢᠨᠢ ᠶᠠᠭᠤ ᠬᠢᠪᠠᠯ ᠶᠠᠭᠤᠨ ᠳᠤ ᠬᠠᠰᠢᠷ ᠲᠤᠬᠢ︾ ᠭᠡᠰᠠᠨ ᠦᠭᠡᠨ ᠤ ᠬᠠᠷᠢᠭᠤ ᠳᠤᠨᠢ᠄ ︽ᠨᠤᠶᠠᠨ ᠰᠦᠮ᠎ᠠ  ᠳᠤ ᠰᠠᠭᠤᠬᠤ ᠳᠤ / ᠯᠤᠰᠤᠷ ᠲᠠᠭᠠᠭᠠᠤᠨ ᠶᠠᠪᠤᠵᠦ ᠪᠠᠶᠢᠭᠰᠠᠨ / ᠨᠤᠮᠳᠦ ᠬᠤᠭᠤᠷ ᠢᠶᠠᠨ ᠡᠬᠦᠷᠦᠭᠡᠤᠨ / ᠬᠤᠰᠢᠭᠤ ᠭᠡᠰᠦᠭᠡᠤᠨ ᠲᠤᠭᠤᠷᠢᠵᠦ ᠪᠠᠶᠢᠭᠰᠠᠨ / ᠲᠠᠮᠠᠷᠠᠤ ᠬᠤᠩᠬ᠎ᠠ ᠡᠷᠬᠢᠬᠦᠯᠦᠭᠡᠤᠨ / ᠲᠠᠯᠠᠯᠭ᠎ᠠ ᠠᠪᠤᠭᠠᠤᠨ ᠶᠠᠪᠤᠵᠦ ᠪᠠᠶᠢᠭᠰᠠᠨ / ᠲᠠᠮᠠᠬᠢ ᠲᠠᠷᠢᠵᠦ ᠰᠤᠷᠴᠢᠬᠠᠭᠠᠤᠨ / ᠲᠠᠪᠠᠭᠤ ᠴᠤ ᠲᠠᠷᠢᠶᠠᠴᠢᠨ ᠪᠤᠯᠴᠢᠬᠠᠭᠰᠠᠨ︾ ᠭᠡᠵᠦ ᠬᠤᠯᠪᠤᠵᠦ ᠰᠢᠯᠦᠭᠯᠠᠭᠡᠤᠨ ᠬᠦᠮᠤᠰ ᠢ ᠢᠨᠢᠶᠠᠯᠭᠡᠵᠦ ᠪᠢᠯᠠ᠃ ᠫᠠᠵᠠᠢ ᠦᠯᠢᠭᠡᠷ ᠭᠡᠯᠠᠬᠦ ᠠᠴᠠ ᠭᠠᠳᠠᠨ᠎ᠠ ᠪᠠᠰᠠ ᠲᠠᠯᠠᠯᠭ᠎ᠠ ᠠᠪᠬᠤ᠂ ᠢᠷᠤᠭᠡᠯ ᠤᠩᠰᠢᠬᠤ᠂ ᠭᠠᠯ ᠪᠤᠷᠬᠠᠨ ᠢ ᠲᠠᠬᠢᠬᠤ ᠂ ᠮᠠᠯ ᠲᠠᠰᠠᠷᠯᠠᠬᠦ ᠵᠢᠴᠢ ᠨᠦᠭᠴᠢᠭᠰᠡᠤᠨ ᠲᠤ ᠨᠤᠮ ᠬᠦᠷᠢᠮ ᠦᠢᠯᠠᠳᠬᠦ ᠵᠠᠷᠭᠡ ᠶᠢ ᠭᠠᠷᠮᠠᠭᠠᠢ ᠰᠠᠶᠢᠬᠠᠨ ᠬᠢᠵᠦ᠂ ᠤᠯᠠᠨ ᠲᠦᠮᠠᠨ ᠤ ᠬᠦᠴᠢᠷᠳᠠᠢ ᠶᠠᠪᠤᠳᠠᠯ ᠳᠤ ᠲᠠᠮᠵᠢᠭᠡᠤᠨ ᠵᠤᠪᠠᠭᠤᠷᠢ ᠲᠠᠢ ᠴᠠᠭ ᠲᠤᠨᠢ ᠲᠤᠰᠠᠯᠠᠵᠦ ᠪᠠᠶᠢᠪᠠ᠃ ᠨᠢᠭᠡᠨ ᠡᠪᠤᠯ᠂ ᠲᠠᠷᠠ ᠶᠠᠮᠠᠷ ᠴᠤ ᠪᠠᠯᠡᠭ ᠰᠠᠯᠳᠠ ᠠᠪᠬᠤ ᠦᠭᠡᠢ ᠪᠠᠷ ᠠᠶᠢᠯ ᠭᠤᠤᠯ ᠳᠠᠭᠠᠨ ᠡᠷᠦᠭᠡ ᠲᠠᠷᠠᠭᠠᠯᠠᠨ ︽ᠦᠬᠢᠨ ᠲᠡᠭᠷᠢ ᠪᠤᠷᠬᠠᠨ ᠤ ᠦᠯᠢᠭᠡᠷ︾ ᠢ ᠲᠦᠴᠢ ᠬᠤᠨᠤᠭ ᠭᠡᠯᠠᠪᠠ᠃ 1947 ᠤᠨ ᠤ ᠨᠠᠮᠤᠷ᠂ ᠵᠠᠷᠤᠤᠨ ᠬᠤᠰᠢᠭᠤ ᠰᠠᠶ᠋ᠢ ᠴᠢᠯᠦᠭᠯᠡᠭᠳᠠᠵᠦ᠂ ᠬᠤᠶᠢᠳᠦ ᠬᠠᠨ ᠠᠭᠤᠯᠠᠨ ᠤ ᠬᠤᠯᠠᠭᠠᠢ ᠲᠠᠭᠡᠷᠠᠮ ᠢ ᠤᠰᠠᠳᠬᠠᠬᠤ ᠪᠠᠷ ᠪᠠᠶᠠᠷᠮᠠᠩᠯᠠᠢ ᠭᠡᠭᠴᠢ ᠰᠤᠮᠤᠨ ᠲᠠᠷᠤᠭ᠎ᠠ ᠴᠡᠷᠢᠭ ᠮᠤᠷᠢ ᠠᠪᠴᠦ ᠮᠤᠷᠳᠠᠵᠠᠢ᠃ ᠲᠠᠳᠠᠨ ᠤ ᠮᠤᠷᠢᠨ ᠲᠠᠷᠭᠡ ᠨᠢ ᠬᠠᠪᠢᠷᠭ᠎ᠠ ᠲᠠᠪᠠᠭᠠᠨ ᠳᠤ ᠤᠩᠬᠤᠯᠢᠵᠦ ᠨᠢᠭᠡᠨ ᠪᠠᠶᠢᠯᠳᠤᠭᠴᠢ ᠦᠷᠡᠭᠳᠡᠭᠰᠠᠨ ᠳᠤ᠂ ᠫᠠᠵᠠᠢ ᠶᠢᠨ ᠠᠶᠢᠯ ᠳᠤ ᠪᠤᠴᠠᠵᠦ ᠪᠠᠭᠤᠳᠠᠯᠯᠠᠭᠠᠤᠨ ᠴᠡᠷᠢᠭ ᠤᠨ ᠰᠠᠳᠬᠢᠯ ᠢᠶᠠᠨ ᠲᠠᠶᠢᠳᠬᠤᠷᠠᠭᠤᠯᠬᠤ ᠭᠡᠵᠦ ᠦᠯᠢᠭᠡᠷ ᠭᠡᠯᠠᠵᠦ ᠦᠭᠬᠦ ᠶᠢ ᠭᠤᠶᠤᠪᠠ᠃ ᠲᠠᠭᠡᠬᠦ ᠳᠤ ᠫᠠᠵᠠᠢ ᠲᠤᠷᠠᠳᠠᠶ ᠬᠦᠯᠢᠶᠠᠨ ᠠᠪᠴᠦ᠄ ︽ᠬᠠᠪᠢᠷᠭ᠎ᠠ ᠲᠠᠪᠠᠭᠠᠨ ᠤ ᠡ᠊ ᠡᠳᠡᠯ ᠠᠴᠠ / ᠬᠠᠷᠢᠭᠠᠤᠨ ᠢᠷᠡᠭᠰᠠᠨ ᠪᠠᠶᠢᠯᠳᠤᠭᠴᠢᠤᠨ ᠮᠢᠨᠢ / ᠬᠠᠶᠢᠷᠠᠳᠦ ᠨᠠᠶᠢᠵᠢ ᠪᠠᠨ ᠠᠯᠳᠠᠭᠠᠤᠨ / ᠪᠤᠴᠠᠭᠠᠤᠨ ᠢᠷᠡᠭᠰᠠᠨ ᠴᠡᠷᠢᠭ ᠮᠢᠨᠢ / ᠨᠢᠭᠡᠨ ᠬᠦᠮᠤᠨ ᠤ ᠦᠷᠡᠭᠳᠠᠯ ᠳᠤ / ᠨᠠᠶᠢᠳᠠ ᠶᠢᠨ ᠵᠢᠷᠦᠭᠡ ᠡᠮᠳᠠᠷᠠᠪᠠᠴᠦ / ᠨᠢᠭᠳᠠᠷᠠᠭᠰᠠᠨ ᠰᠠᠳᠬᠢᠯ ᠢᠶᠠᠷ ᠪᠦᠯᠬᠦᠮᠳᠠᠵᠦ / ᠨᠠᠭᠡᠮᠵᠢᠯᠡᠭᠰᠠᠨ ᠲᠠᠭᠡᠷᠠᠮ ᠢ ᠤᠰᠠᠳᠬᠤ ᠶᠤᠮ /᠁︾ ᠭᠡᠵᠦ ᠵᠤᠷᠢᠬᠵᠢᠭᠤᠯᠤᠨ ᠬᠤᠯᠪᠤᠭᠠᠤᠨ ︽ᠬᠠᠳᠠᠨᠪᠠᠭᠠᠳᠤᠷ︾ ᠭᠡᠬᠦ ᠰᠢᠨ᠎ᠠ ᠦᠯᠢᠭᠡᠷ ᠵᠤᠬᠢᠶᠠᠵᠦ᠂ ᠭᠤᠷᠪᠠᠨ ᠰᠦᠨᠢ ᠭᠡᠯᠠᠵᠦ ᠦᠭᠬᠦᠭᠡᠤᠨ ᠴᠡᠷᠢᠭ ᠪᠠᠶᠢᠯᠳᠤᠭᠴᠢ  ᠶᠢ ᠤᠮᠤᠭᠰᠢᠭᠤᠯᠤᠨ ᠮᠤᠷᠳᠠᠭᠤᠯᠪᠠ᠃ ᠫᠠᠵᠠᠢ ᠤᠨᠠᠭᠰᠠᠨ ᠰᠢᠷᠤᠢ ᠪᠠᠨ ᠠᠯᠳᠠ ᠪᠠᠷ ᠦᠵᠠᠵᠦ᠂ ᠤᠬᠢᠶᠠᠭᠰᠠᠨ ᠤᠰᠦ ᠪᠠᠨ ᠷᠠᠰᠢᠶᠠᠨ ᠢᠶᠠᠷ ᠪᠤᠳᠤᠵᠦ ᠶᠠᠪᠤᠳᠠᠭ ᠲᠤᠯᠠ ᠲᠦᠷᠦᠭᠰᠠᠨ ᠨᠤᠳᠤᠭ ᠤᠨ ᠢᠶᠠᠨ ᠠᠭᠤᠯᠠ ᠤᠰᠦ ᠪᠠᠨ ᠨᠢᠳᠤᠨ ᠳᠤ ᠦᠵᠡᠭᠳᠡᠵᠦ ᠭᠠᠷ ᠲᠤ ᠪᠠᠷᠢᠭᠳᠠᠮ᠎ᠠ ᠲᠦᠷᠰᠦᠯᠠᠨ ᠵᠢᠷᠤᠭᠯᠠᠵᠦ᠂ ᠬᠠᠮᠢᠭ᠎ᠠ ᠤᠴᠢᠪᠠᠯ ᠲᠠᠨᠳᠠ ᠬᠤᠯᠪᠤᠵᠦ ᠮᠠᠭᠳᠠᠳᠠᠭ ᠶᠤᠮ᠃ ᠨᠢᠭᠡᠨ ᠤᠳᠠᠭ᠎ᠠ᠂ ᠫᠠᠵᠠᠢ ᠵᠠᠬᠦᠨ ᠦᠵᠦᠮᠦᠴᠢᠨ ᠢᠶᠠᠷ ᠬᠦᠷᠴᠦ ᠦᠯᠢᠭᠡᠷ ᠭᠡᠯᠠᠬᠦ ᠳᠤᠨᠢ᠂ ᠬᠦᠮᠤᠰ ᠲᠠᠬᠦᠨ ᠳᠤ ᠲᠦᠷᠦᠭᠰᠠᠨ ᠨᠤᠳᠤᠭ ᠢᠶᠠᠨ ᠬᠤᠯᠪᠤᠭᠠᠤᠨ ᠠᠯᠢ ᠭᠡᠬᠦ ᠳᠤ ︽ᠡᠷᠢᠶᠠᠨ ᠪᠠᠷᠰ ᠤᠨ ᠰᠢᠨᠵᠢᠳᠠᠢ / ᠡᠷᠳᠠᠨᠢ ᠠᠭᠤᠯᠠᠨ ᠤ ᠪᠠᠷ᠎ᠠ ᠮᠢᠨᠢ / ᠢᠳᠠᠯᠡᠬᠦ ᠶᠢᠨ ᠬᠤᠰᠢᠭᠤ ᠲᠦᠷᠰᠦ ᠲᠠᠢ / ᠱᠠᠩᠳᠠ ᠶᠢᠨ ᠰᠤᠭᠤ ᠶᠢᠨ ᠡᠩᠭᠡᠷ ᠮᠢᠨᠢ / ᠶᠢᠰᠤᠨ ᠯᠤᠤ ᠶᠢᠨ ᠮᠤᠰᠬᠢᠶ᠎ᠠ ᠲᠠᠢ / ᠲᠠᠩᠭᠡᠯᠢᠭ ᠭᠤᠤᠯ ᠤᠨ ᠤᠷᠤᠰᠬᠠᠯ ᠮᠢᠨᠢ / ᠡᠩᠭᠡ ᠪᠤᠶᠠᠨ ᠤ ᠬᠤᠷᠦ᠋ᠢᠯᠠᠭ᠎ᠠ ᠲᠠᠢ / ᠪᠠᠶ᠋ᠬᠠᠦ᠋ᠯᠵᠡᠢ ᠤᠪᠤᠭ᠎ᠠ ᠮᠢᠨᠢ / ᠪᠠᠷᠳᠠᠭ᠎ᠠ ᠰᠦᠷ ᠢᠶᠠᠨ ᠮᠠᠨᠳᠤᠭᠤᠯᠤᠭᠰᠠᠨ / ᠪᠠᠶᠠᠨ ᠱᠤᠷᠤᠩ ᠤᠨ ᠤᠷᠬᠢᠯ ᠮᠢᠨᠢ / ᠪᠤᠷᠭᠠᠰᠦ ᠤᠨᠤᠵᠦ ᠲᠤᠬᠯᠠᠭᠰᠠᠨ / ᠬᠦᠢᠰᠦ ᠶᠢᠨ ᠲᠠᠯ᠎ᠠ  ᠶᠢᠨ ᠮᠠᠩᠬ᠎ᠠ ᠮᠢᠨᠢ / ᠪᠠᠯᠠᠷ ᠤᠢ ᠨᠢ ᠴᠠᠩᠭᠡᠷᠯᠡᠭᠰᠠᠨ / ᠪᠠᠶᠠᠨ ᠰᠠᠩ ᠤᠨ ᠮᠤᠳᠤᠳᠦ ᠮᠢᠨᠢ / ᠪᠠᠭ᠎ᠠ ᠨᠠᠰᠤᠨ ᠳᠤ ᠵᠠᠶᠠᠭᠠᠭᠰᠠᠨ / ᠫᠠᠵᠠᠢ ᠮᠢᠨᠦ ᠨᠤᠳᠤᠭ ᠮᠢᠨᠢ᠁︾ ᠭᠡᠵᠦ ᠨᠢᠭᠡ ᠯᠠ ᠠᠮᠢᠰᠬᠤᠭ᠎ᠠ ᠪᠠᠷ ᠴᠠᠭ ᠰᠢᠬᠠᠮ ᠬᠤᠯᠪᠤᠭᠰᠠᠨ ᠭᠡᠳᠡᠭ᠃ 1949 ᠤᠨ ᠳᠤ ᠪᠦᠬᠦ ᠤᠷᠤᠨ ᠤ ᠬᠤᠭᠤᠷᠴᠢ ᠶᠢᠨ ᠬᠤᠷᠠᠯᠳᠤᠭᠠᠨ ᠤᠯᠠᠭᠠᠨᠬᠤᠳᠠ ᠳᠤ ᠨᠠᠭᠡᠭᠡᠭᠳᠠᠵᠦ᠂ ᠲᠠᠪᠢ ᠵᠢᠷᠠᠨ ᠨᠠᠷ᠎ᠠ ᠬᠦᠨᠳᠦᠳᠠᠢ ᠬᠤᠭᠤᠷᠴᠢᠤᠨ ᠤᠷᠤᠯᠴᠠᠪᠠ᠃ ᠬᠤᠷᠠᠯ ᠡᠷᠬᠢᠯᠡᠭᠴᠢ ᠠᠴᠠ ᠵᠢᠷᠢᠮ ᠤᠨ ᠫᠠᠵᠠᠢ ᠬᠤᠭᠤᠷᠴᠢ ᠠᠴᠠ ᠬᠤᠯᠪᠤᠭ᠎ᠠ ᠦᠯᠢᠭᠡᠷ ᠭᠡᠯᠠᠬᠦ ᠪᠠᠷ ᠪᠤᠢ ᠭᠡᠬᠦ ᠳᠤ ᠲᠠᠷᠠ ᠨᠢᠵᠢᠬᠢᠨᠠᠮ᠎ᠠ ᠠᠯᠠᠭ᠎ᠠ ᠲᠠᠰᠢᠯᠳᠠ ᠶᠢᠨ ᠲᠤᠮᠳᠠ ᠤᠷᠢᠳᠠᠪᠠᠷ ᠲᠦᠷᠦᠭᠰᠠᠨ ᠨᠤᠳᠤᠭ ᠵᠠᠷᠤᠤᠨ ᠢᠶᠠᠨ ᠢᠩᠬᠢᠵᠦ ᠮᠠᠭᠳᠠᠵᠠᠢ ︽ᠵᠠᠷᠤᠤᠨ ᠤᠨ ᠵᠠᠬ᠎ᠠ ᠪᠠᠷ ᠤᠷᠤᠬᠤᠯᠠᠷ / ᠵᠠᠭᠤᠨ ᠴᠠᠴᠡᠭ ᠮᠢᠷᠠᠯᠵᠠᠨ᠎ᠠ / ᠵᠢᠪᠠᠷ ᠤᠨ ᠲᠤᠭᠤᠣᠷ ᠨᠢ ᠭᠠᠷᠬᠤᠯᠠᠷ / ᠵᠠᠭᠠᠷ ᠤᠨ ᠦᠨᠤᠷ ᠠᠩᠬᠢᠯᠤᠨ᠎ᠠ / ᠲᠡᠭᠡ ᠶᠢᠨ ᠬᠠᠨ ᠳᠤᠨᠢ ᠤᠴᠢᠬᠤᠯᠠᠷ / ᠲᠡᠭᠷᠢ ᠶᠢᠨ ᠡᠬᠦᠯᠠ ᠲᠠᠢ ᠦᠷᠬᠦᠯᠵᠢᠯᠠᠨ᠎ᠠ / ᠲᠠᠩᠭᠡᠯᠢᠭ ᠤᠨ ᠭᠤᠤᠯ ᠳᠤᠨᠢ ᠬᠦᠷᠦᠬᠦᠯᠠᠷ / ᠲᠦᠮᠠᠨ ᠰᠦᠷᠦᠭ ᠨᠢ ᠢᠷᠠᠯᠵᠠᠨ᠎ᠠ / ᠯᠦᠪᠸᠢ ᠪᠠᠯᠭᠠᠰᠤᠨ ᠳᠤᠨᠢ ᠲᠤᠭᠤᠷᠢᠬᠤᠯᠠᠷ / ᠨᠢᠳᠦ ᠲᠤᠯᠬᠤ ᠦᠭᠡᠢ ᠰᠤᠯᠤᠩᠭᠠᠷᠠᠨ᠎ᠠ / ᠨᠠᠢᠮᠠᠨ ᠵᠠᠭᠡᠯᠢ ᠪᠠᠷ ᠨᠢ ᠦᠵᠠᠬᠦᠯᠠᠷ / ᠨᠠᠶᠢᠷ ᠬᠦᠷ ᠢᠶᠠᠷ ᠪᠢᠯᠬᠠᠷᠠᠨ᠎ᠠ᠁︾ ᠭᠡᠵᠦ ᠲᠤᠭᠰᠢᠨ ᠪᠤᠷᠤᠭᠠᠨ ᠤ ᠲᠣᠰᠣᠯ ᠰᠢᠬ᠂ ᠲᠤᠪᠳᠤᠯᠬᠤ ᠮᠤᠷᠢᠨ ᠤ ᠲᠠᠪᠬᠢᠭ᠎ᠠ ᠰᠢᠬ ᠲᠤᠤᠷ᠎ᠠ ᠨᠢ ᠬᠤᠯᠪᠤᠨ ᠮᠠᠭᠳᠠᠬᠤ ᠳᠤ᠂ ᠰᠤᠨᠤᠰᠤᠭᠰᠠᠨ ᠪᠦᠬᠦᠨ ᠠᠮᠢᠰᠬᠤᠯ ᠢᠶᠠᠨ ᠲᠠᠷᠤᠵᠦ᠂ ᠨᠢᠳᠦ ᠪᠠᠨ ᠲᠤᠳᠦ᠋ᠢᠯᠭᠠᠨ ᠠᠵᠢᠬᠤ ᠳᠤ ᠶᠡᠭᠡ ᠲᠢᠩᠬᠢᠮ ᠳᠤ ᠶᠠᠮᠠᠷ ᠴᠤ ᠴᠢᠮᠡᠭᠡ ᠨᠠᠶᠢᠷ ᠦᠭᠡᠢ ᠪᠠᠶᠢᠯ᠎ᠠ᠃ ᠲᠤᠭᠯᠠᠯᠳᠠ ᠲᠠᠬᠦᠰᠦᠭᠰᠠᠨ ᠤ ᠲᠠᠷᠠᠭ᠎ᠠ ︽ᠵᠠᠷᠤᠤᠨ ᠭᠡᠳᠡᠭ ᠶᠠᠮᠠᠷ ᠰᠢᠬ ᠭᠤᠶᠤᠬᠠᠨ ᠭᠠᠵᠠᠷ ᠶᠤᠮ︖︾᠂ ︽ᠯᠦᠪᠸᠢ ᠭᠡᠳᠡᠭ ᠭᠡᠴᠢᠨᠠᠨ ᠶᠡᠭᠡ ᠬᠤᠳᠠ ᠪᠢᠯᠠ︖ ᠤᠴᠢᠵᠦ ᠦᠵᠡᠭᠰᠠᠨ ᠶᠤᠮ ᠪᠤᠯ ᠳ᠋ᠠ︾ ᠭᠡᠵᠦ ᠬᠦᠮᠤᠰ ᠠᠮᠨ ᠠᠮᠠᠨ ᠳᠠᠭᠠᠨ ᠶᠠᠷᠢᠵᠦ ᠪᠠᠶᠢᠯ᠎ᠠ ᠭᠡᠯᠴᠡᠳᠡᠭ᠃ ᠫᠠᠵᠠᠢ ᠪᠤᠯ ᠠᠷᠠᠤᠨ ᠤᠨ ᠠᠮᠠᠨ ᠵᠤᠬᠢᠶᠠᠯ ᠤᠨ ᠦᠩ ᠰᠢᠮᠡᠯᠢᠭ ᠬᠦᠷᠤᠰᠤᠨ ᠲᠠᠭᠡᠷ᠎ᠠ ᠦᠢᠯᠠᠰ ᠢᠶᠠᠨ ᠲᠠᠯᠭᠡᠷᠠᠬᠦᠯᠵᠦ᠂ ᠵᠣᠬᠢᠶᠠᠨ ᠪᠦᠳᠦᠭᠡᠬᠦ ᠵᠠᠮ ᠢᠶᠠᠷ ᠵᠤᠷᠢᠭᠳᠠᠢ ᠵᠠᠮᠨᠠᠭᠰᠠᠨ ᠲᠠᠷᠬᠠᠨ ᠬᠤᠭᠤᠷᠴᠢ ᠮᠦᠨ᠃ ᠡᠬᠦᠨ ᠤ ᠬᠠᠮᠳᠦ ᠲᠡᠷᠡ ᠠᠷᠠᠤᠨ ᠤᠨ ᠲᠠᠭᠤᠤ ᠵᠤᠬᠢᠶᠠᠵᠦ ᠪᠦᠳᠦᠭᠡᠬᠦ ᠲᠠᠯ᠎ᠠ ᠪᠠᠷ ᠤᠤᠯ ᠤᠨ ᠤᠷᠳᠦ ᠶᠢᠨ ᠲᠠᠭᠤᠤ ᠪᠠ ᠲᠦᠷᠦ ᠶᠢᠨ ᠲᠠᠭᠤᠤ  ᠶᠢᠨ ᠬᠦᠷᠢᠶ᠎ᠠ ᠭᠡᠪᠴᠢᠶ᠎ᠠ ᠶᠢ ᠵᠤᠷᠢᠭᠳᠠᠢ ᠰᠢᠪᠳᠤᠯᠵᠦ᠂ ᠠᠰᠤᠷᠤ ᠤᠯᠠᠨ ᠤᠶᠠᠩᠭᠠᠳᠦ ᠠᠷᠠᠤᠨ ᠤᠨ ᠲᠠᠭᠤᠤ ᠵᠤᠬᠢᠶᠠᠪᠠ᠃ ᠲᠠᠬᠦᠨ ᠤ ᠵᠤᠬᠢᠶᠠᠭᠰᠠᠨ ᠲᠠᠭᠤᠤ ᠨᠤᠭᠤᠳ ᠨᠢ ᠦᠨᠠᠨ ᠶᠠᠪᠤᠳᠠᠯ ᠪᠤᠳᠠᠳᠠᠢ ᠬᠦᠮᠤᠨ ᠢᠶᠠᠷ ᠰᠠᠳᠤᠪᠯᠠᠵᠦ ᠂ ᠦᠭᠡ ᠨᠢ ᠢᠳᠡᠯᠢᠭ ᠤᠨᠤᠪᠴᠢᠳᠠᠢ᠂ ᠠᠶᠠᠯᠭᠤ ᠨᠢ ᠢᠷᠠᠭᠤ ᠰᠠᠶᠢᠬᠠᠨ ᠪᠠᠶᠢᠳᠠᠭ ᠲᠤᠯᠠ ᠬᠦᠮᠤᠰ ᠤᠨ ᠰᠤᠷᠴᠦ ᠴᠠᠭᠡᠵᠢᠯᠠᠬᠦ ᠲᠤᠷ᠎ᠠ ᠪᠠᠬ᠎ᠠ ᠶᠢ ᠶᠠᠭᠡᠯ᠎ᠠ ᠲᠠᠳᠠᠳᠠᠭ ᠶᠤᠮ᠃ ᠲᠣᠬᠠᠢᠢᠯᠠᠪᠠᠯ ᠦᠪᠤᠷ ᠮᠤᠩᠭᠤᠯ ᠲᠠᠶᠠᠭᠠᠷ ᠲᠠᠭᠤᠯᠠᠬᠲᠠᠵᠦ ᠲᠡᠯᠭᠡᠷᠡᠭᠰᠡᠨ ︽ᠪᠠᠢ ᠬᠣ᠋ ᠭᠡᠭᠡ︾ ᠭᠡᠳᠡᠭ ᠲᠠᠭᠤᠤ ᠪᠤᠯ ᠲᠡᠭᠡᠷ᠎ᠡ ᠵᠠᠭᠤᠨ ᠭᠤᠴᠢᠭᠠᠤᠨ ᠤᠨ ᠤ ᠡᠬᠢ ᠪᠠᠷ ᠵᠤᠬᠢᠶᠠᠭᠰᠠᠨ ᠲᠠᠬᠦᠨ ᠤ ᠰᠤᠳᠤᠨ ᠪᠦᠳᠦᠭᠡᠯ ᠪᠣᠯᠣᠨ᠎ᠠ᠃ ᠲᠤᠰ ᠲᠠᠭᠤᠤ ᠳᠤ ᠪᠠᠢ ᠬᠣ᠋ ᠭᠡᠭᠡ ᠪᠤᠯᠤᠨ ᠷᠦᠶ᠋ᠢᠮ᠎ᠠ ᠬᠤᠶᠠᠭᠤᠯᠠ ᠶᠢᠨ ᠢᠨᠠᠭ ᠬᠠᠶᠢᠷ᠎ᠠ ᠶᠢ ᠲᠤᠰᠬᠠᠵᠦ᠂ ᠡᠷᠭᠡ ᠴᠢᠯᠦᠭᠡ ᠦᠭᠡᠢ ᠹᠸᠤᠳᠠᠯ ᠤᠨ ᠤᠷᠤᠭ ᠬᠤᠷᠢᠮ ᠤᠨ ᠶᠤᠰᠦ ᠶᠢ ᠢᠯᠠᠴᠢᠯᠠᠨ ᠰᠢᠬᠦᠮᠵᠢᠯᠠᠪᠠ᠃ ᠲᠣᠰ ᠲᠠᠭᠤᠤ ᠳᠤ ︽ᠲᠠᠰᠠᠷᠠᠩ ᠤᠨ ᠤᠷᠤᠢ ᠲᠠᠭᠡᠷ᠎ᠠ ᠲᠠᠯ᠎ᠠ ᠲᠠᠯᠠᠭᠡᠢ ᠮᠠᠨᠳᠤᠯ᠎ᠠ / ᠲᠠᠪᠠᠭ ᠭᠡᠵᠢᠭᠡ ᠪᠠᠨ ᠬᠠᠶᠢᠷᠠᠯᠠᠭᠰᠠᠨ ᠦᠭᠡᠢ ᠪᠠᠢ ᠬᠣ᠋ ᠭᠡᠭᠡ ᠲᠠᠢ ᠰᠠᠭᠤᠭᠰᠠᠨ ᠶᠤᠮ / ᠲᠠᠪᠠᠭ ᠭᠡᠵᠢᠭᠡ ᠪᠠᠨ ᠬᠠᠶᠢᠷᠠᠯᠠᠬᠤ ᠦᠭᠡᠢ ᠰᠠᠭᠤᠭᠰᠠᠨ ᠢ ᠮᠢᠨᠢ ᠪᠤᠳᠤᠪᠠᠯ / ᠲᠠᠮᠤ ᠶᠢᠨ ᠢᠷᠤᠭᠠᠷ ᠲᠤ ᠬᠦᠷᠪᠠᠴᠦ ᠮᠠᠷᠳᠠᠵᠦ ᠪᠤᠯᠬᠤ ᠦᠭᠡᠢ ᠪᠠᠢ ᠬᠣ᠋ ᠭᠡᠭᠡ︾ ᠭᠡᠵᠦ ᠷᠦᠶ᠋ᠢᠮ᠎ᠠ ᠲᠠᠭᠤᠯᠠᠬᠤ ᠳᠤ ︽ᠨᠠᠢᠮᠠᠨ ᠫᠢᠶᠤᠤᠳᠠᠢ ᠲᠠᠢ ᠤᠭᠤᠳᠠ ᠶᠢ ᠨᠢ ᠠ ᠷᠦᠶ᠋ᠢ / ᠨᠠᠭᠠᠮᠠᠯ ᠬᠠᠳᠬᠤᠮᠠᠯ ᠢ ᠨᠢ ᠪᠠᠷᠠᠳᠠᠯ᠎ᠠ ᠬᠠᠳᠠᠭᠠᠯᠠᠵᠦ ᠶᠠᠪᠤᠶ᠎ᠠ ᠭᠡᠭᠡ ᠨᠢ / ᠨᠢᠭᠤᠵᠦ ᠪᠠᠶᠢᠭᠠᠤᠨ ᠭᠡᠯᠡᠭᠰᠠᠨ ᠭᠡᠳᠤᠨ ᠴᠢᠬᠤᠯᠠ ᠦᠭᠡ ᠶᠢ ᠴᠢᠨᠢ / ᠨᠤᠭᠤᠭᠠᠨ ᠳ᠋ᠠᠷᠬᠢ ᠶᠢᠨ ᠨᠤᠮ ᠠᠳᠠᠯᠢ ᠴᠠᠭᠡᠵᠢᠯᠠᠵᠦ ᠶᠠᠪᠤᠶ᠎ᠠ ᠭᠡᠭᠡ ᠨᠢ︾ ᠭᠡᠵᠦ ᠪᠠᠢ ᠬᠣ᠋ ᠡᠯᠬᠦᠵᠦ ᠲᠠᠭᠤᠯᠠᠳᠠᠭ᠃ ᠡᠴᠤᠰ ᠲᠡᠭᠡᠨ ᠷᠦᠶ᠋ᠢᠮ᠎ᠠ  ᠶᠢ ᠬᠠᠷᠢ ᠠᠯᠤᠰ ᠲᠤ ᠦᠭᠴᠦ᠂ ᠬᠠᠶᠢᠷᠠᠳᠦ ᠬᠦᠮᠤᠨ ᠲᠠᠢ ᠪᠠᠨ ᠬᠠᠮᠳᠤᠷᠠᠨ ᠰᠠᠭᠤᠵᠦ ᠲᠠᠶᠢᠯᠬᠦ ᠦᠭᠡᠢ ᠪᠣᠯᠣᠬᠰᠠᠨ  ᠳᠤ ︽ᠵᠢᠷᠭᠤᠭᠠᠨ ᠴᠤ ᠫᠢᠶᠤᠤᠳᠠᠢ ᠲᠠᠢ ᠤᠭᠤᠳᠠ ᠶᠤᠮ ᠡ ᠪᠠᠢ ᠬᠣ᠋ ᠭᠡᠭᠡ / ᠵᠢᠷᠭᠤᠭᠠᠨ ᠰᠠᠷ᠎ᠠ ᠶᠢᠨ ᠬᠠᠯᠠᠭᠤᠨ ᠳᠤ ᠰᠠᠭᠤᠵᠦ ᠪᠠᠶᠢᠭᠠᠤᠨ ᠤᠶᠤᠭᠰᠠᠨ ᠶᠤᠮ / ᠵᠢᠷᠤᠮᠳᠠᠢ ᠬᠦᠮᠤᠨ ᠪᠠᠢ ᠬᠣ᠋ ᠭᠡᠭᠡ ᠳᠡᠭᠡᠨ ᠵᠠᠬᠦᠯᠭᠡᠶ᠎ᠠ ᠭᠡᠬᠦ ᠳᠤ / ᠵᠠᠭᠤᠷᠮᠠᠭ ᠨᠠᠰᠤᠯᠠᠭᠰᠠᠨ ᠠᠯᠳᠠᠨᠪᠠᠭᠠᠨ᠎ᠠ ᠳᠤ ᠵᠠᠬᠦᠯᠭᠡᠴᠢᠵᠢ ᠮᠠᠨ ᠤ ᠮᠦᠮᠤ ᠡ︾ ᠭᠡᠵᠦ ᠬᠤᠷᠤᠰᠴᠦ ᠬᠠᠷᠠᠮᠰᠠᠭᠰᠠᠨ ᠰᠠᠳᠬᠢᠯᠭᠡ ᠪᠠᠷ ᠰᠢᠯᠦᠭᠯᠠᠨ ᠤᠶᠠᠩᠭᠠᠯᠠᠭᠰᠠᠨ ᠪᠢᠯᠠ᠃ ᠡᠬᠦᠨ ᠠᠴᠠ ᠭᠠᠳᠠᠨ᠎ᠠ ︽ᠰᠦᠮᠦᠷᠤ ᠠᠩᠭ᠎ᠠ︾᠂ ︽ᠲᠤᠭᠤᠰ ᠠᠩᠭ᠎ᠠ︾᠂ ︽ᠲᠤᠷᠵᠢ ᠱᠤ᠋ ᠵᠠᠩ︾᠂ ︽ᠮᠠᠨᠢ ᠲᠠᠷᠢᠶᠠᠴᠢ︾᠂ ︽ᠰᠧᠪᠵᠢᠩᠭ᠎ᠠ︾ ᠮᠠᠳᠦ ᠶᠢᠨ ᠮᠠᠰᠢ ᠤᠯᠠᠨ ᠠᠷᠠᠤᠨ ᠤᠨ ᠲᠠᠭᠤᠤ ᠨᠢ ᠬᠤᠯᠠ ᠤᠶᠢᠷ᠎ᠠ ᠬᠤᠰᠢᠭᠤ ᠨᠤᠳᠤᠭ᠂ ᠬᠤᠷᠢᠮ ᠨᠠᠶᠢᠷ ᠲᠠᠭᠡᠷ᠎ᠠ ᠲᠠᠭᠤᠯᠠᠭᠳᠠᠭᠰᠠᠭᠠᠷ ᠪᠤᠢ᠃ ᠲᠤᠬᠠᠢ  ᠶᠢᠨ ᠦᠶ᠎ᠠ ᠳᠤ ᠵᠠᠷᠤᠤᠨ ᠨᠤᠳᠤᠭ ᠲᠤ ᠠᠪᠢᠶᠠᠰ ᠪᠢᠯᠢᠭ ᠲᠠᠢ ᠠᠯᠢ ᠤᠯᠠᠨ ᠵᠠᠯᠠᠭᠤᠴᠤᠤᠨ ᠬᠤᠭᠤᠷᠴᠢ ᠫᠠᠵᠠᠢ ᠶᠢ ᠪᠢᠰᠢᠷᠠᠨ ᠰᠢᠳᠤᠵᠦ᠂ ᠬᠤᠭᠤᠷᠴᠢ ᠪᠤᠯᠬᠤ ᠬᠦᠰᠠᠯ ᠡᠪᠦᠷᠯᠠᠨ ᠲᠠᠬᠦᠨ ᠳᠤ ᠱᠠᠪᠢ ᠪᠤᠯᠵᠠᠭᠠᠪᠠ᠃ ᠡᠬᠦᠨ ᠳᠤ ᠰᠠᠷᠠᠨᠮᠠᠨᠳᠤᠯ᠎ᠠ᠂ ᠲᠤᠷᠵᠢ᠂ ᠴᠦᠢᠵᠢᠺᠠᠸ᠋ᠨ᠂ ᠨᠠᠳᠮᠢᠤᠨ᠂ ᠨᠠᠮᠵᠢᠯ᠂ ᠲᠤᠪᠳᠠᠨᠵᠠᠮᠠᠰᠦ᠂ ᠲᠤᠮᠳᠠᠬᠤᠢᠭᠡᠢ᠂ ᠬᠠᠯᠢᠭᠠᠤᠨ ᠪᠠᠯᠵᠤᠤᠷ᠂ ᠭᠠᠸᠠ ᠨᠠᠷ ᠢ ᠲᠤᠷᠠᠳᠴᠦ ᠪᠤᠯᠤᠨ᠎ᠠ᠃ 1956 ᠤᠨ ᠤ ᠡᠪᠤᠯ ᠵᠠᠷᠤᠤᠨ ᠬᠤᠰᠢᠭᠤᠨ ᠤ ᠬᠤᠪᠤᠯᠳᠦ ᠶᠢᠨ ᠠᠶᠢᠯ ᠤᠨ ᠭᠠᠴᠠᠭᠠᠨ ᠤ ᠭᠡᠷ ᠲᠤ ᠦᠯᠢᠭᠡᠷ ᠰᠤᠨᠤᠰᠬᠤ ᠬᠦᠮᠤᠰ ᠲᠦᠬᠦᠷᠴᠦ᠂ ᠬᠢᠰᠠ ᠳᠠᠭᠠᠨ ᠭᠠᠯ ᠬᠢᠭᠰᠡᠨ ᠦᠭᠡᠢ ᠲᠠᠭᠠᠷᠠᠵᠦ ᠰᠠᠭᠤᠵᠦ ᠪᠠᠶᠢᠵᠠᠢ᠃ ᠲᠠᠷᠠ ᠦᠶ᠎ᠠ ᠳᠤ ᠡᠷᠦᠭᠡ ᠪᠤᠯᠭᠠᠨ ᠳᠤ ᠨᠤᠬᠠᠢ ᠲᠠᠵᠢᠭᠡᠵᠦ ᠪᠠᠶᠢᠬᠤ ᠪᠤᠯᠬᠤᠷ ᠬᠦᠮᠤᠨ ᠪᠦᠷᠢ ᠮᠤᠳᠤ ᠪᠠᠷᠢᠵᠦ ᠢᠷᠠᠬᠦ ᠳᠡᠭᠡᠨ ᠡᠬᠦᠳᠠᠨ ᠭᠠᠳᠠᠨ᠎ᠠ ᠪᠠᠨ ᠬᠠᠶᠠᠳᠠᠭ ᠪᠠᠶᠢᠵᠠᠢ᠃ ᠬᠤᠭᠤᠷᠴᠢ ᠦᠯᠢᠭᠡᠷ ᠤᠨ ᠲᠤᠮᠳᠠ ᠪᠠᠨ ᠠᠮᠤᠰᠭᠢᠵᠦ᠂ ᠭᠠᠳᠠᠨ᠎ᠠ ᠭᠠᠷᠴᠦ ᠢᠷᠠᠭᠡᠤᠨ ᠰᠤᠨᠤᠰᠤᠭᠴᠢᠤᠨ ᠲᠠᠭᠠᠷᠠᠵᠦ ᠪᠠᠶᠢᠬᠤ ᠶᠢ ᠬᠠᠷᠠᠭᠠᠳ ︽ᠪᠠᠷᠢᠭᠰᠠᠨ ᠮᠤᠳᠤ ᠪᠠᠨ ᠲᠠᠬᠦᠶ᠎ᠠ ᠳ᠋ᠠ / ᠲᠦᠯᠡᠰᠢᠨ ᠤ ᠤᠷᠤᠨ ᠳᠤ ᠰᠢᠳᠠᠭᠠᠬᠤ ᠦᠭᠡᠢ ᠤᠤ ᠳ᠋ᠠ / ᠪᠠᠢ ᠯᠠ ᠴᠢ ︵ᠬᠢᠰᠠ︶ ᠳᠡᠭᠡᠨ ᠬᠢᠶ᠎ᠠ ᠳ᠋ᠠ / ᠪᠠᠶᠢᠰᠢᠩ ᠭᠡᠷ ᠴᠢᠨᠢ ᠲᠤᠯᠠᠭᠠᠨ ᠦᠭᠡᠢ ᠤᠤ ᠳ᠋ᠠ / ᠭᠠᠳᠠᠨ᠎ᠠ ᠶᠢᠨ ᠮᠤᠳᠤ ᠪᠠᠨ ᠴᠤᠭᠯᠠᠭᠤᠯᠪᠠᠯ ᠳ᠋ᠠ / ᠭᠠᠯ ᠳᠠᠭᠠᠨ ᠬᠢᠪᠠᠯ ᠲᠤᠯᠠᠭᠠᠨ ᠦᠭᠡᠢ ᠤᠤ ᠳ᠋ᠠ / ᠭᠠᠷ ᠬᠦᠯ ᠴᠢᠨᠢ ᠲᠠᠭᠠᠷᠠᠬᠤ ᠢᠶᠠᠷ ᠢᠶᠠᠨ / ᠭᠠᠴᠢᠭᠳᠠᠵᠦ ᠰᠠᠭᠤᠬᠤ ᠠᠴᠠ ᠲᠠᠭᠡᠷ᠎ᠠ ᠦᠭᠡᠢ ᠤᠤ ᠳ᠋ᠠ︾ ᠭᠡᠵᠦ ᠬᠤᠯᠪᠤᠭᠰᠠᠨ ᠭᠡᠨ᠎ᠠ᠃ 1962 ᠤᠨ ᠤ 4 ᠰᠠᠷ᠎ᠠ ᠶᠢᠨ 7 ᠤ ᠡᠳᠤᠷ ᠠᠯᠳᠠᠷᠳᠦ ᠬᠤᠭᠤᠷᠴᠢ᠂ ᠠᠪᠤᠷᠭᠤ ᠳᠤᠤᠯᠢᠴᠢ ᠫᠠᠵᠠᠢ ᠨᠦᠢᠷ ᠤᠨ ᠪᠤᠯᠴᠢᠷᠬᠠᠢ ᠶᠢᠨ ᠦᠮᠠᠨ ᠢᠶᠠᠷ ᠪᠡᠭᠡᠵᠢᠩ ᠤᠨ ᠰᠢᠶ᠋ᠧ ᠡᠾᠧ ᠡᠮᠨᠠᠯᠭᠡ ᠶᠢᠨ ᠬᠤᠷᠢᠶᠠᠨ ᠳᠤ ᠨᠠᠰᠤ ᠨᠦᠭᠴᠢᠪᠠ᠃ ᠮᠤᠩᠭᠤᠯ ᠦᠨᠳᠦᠰᠦᠳᠠᠨ ᠤ ᠮᠤᠨᠳᠠᠭ ᠭᠡᠷᠠᠯᠳᠠᠢ ᠨᠢᠭᠡᠨ ᠶᠡᠭᠡ ᠤᠳᠤᠨ ᠤᠨᠠᠭᠰᠠᠨ ᠵᠤᠯ ᠪᠤᠰᠦ ᠶᠢᠨ ᠮᠠᠳᠡᠭᠡ ᠨᠢ᠂ ᠲᠠᠷᠠ ᠲᠠᠷᠤᠢ ᠳᠤ ᠲᠤᠮᠳᠠᠳᠦ ᠣᠯᠣᠰ ᠤᠨ ᠤᠳᠬ᠎ᠠ ᠤᠷᠠᠯᠢᠭ ᠤᠨ ᠬᠤᠯᠪᠤᠭ᠎ᠠ ᠪᠤᠯᠤᠨ ᠪᠦᠬᠦ᠋ᠢᠯᠠ ᠦᠪᠤᠷ ᠮᠤᠩᠭᠤᠯ ᠢ ᠰᠤᠴᠢᠭᠠᠪᠠ᠃ ᠲᠤᠬᠠᠢ ᠶᠢᠨ ᠦᠶ᠎ᠠ ᠶᠢᠨ ᠲᠤᠮᠳᠠᠳᠦ ᠤᠯᠤᠰ ᠤᠨ ᠲᠠᠭᠤᠤᠷᠢᠯᠢᠬ ᠤᠨ ᠨᠠᠶᠢᠭᠡᠮᠯᠢᠭ ᠤᠨ ᠲᠠᠷᠢᠬᠦᠯᠡᠭᠴᠢ ᠲᠤᠤ ᠳ᠋ᠦᠨ᠂ ᠮᠠᠯᠴᠢᠬᠦᠦ ᠵᠠᠷᠭᠡ ᠠᠯᠳᠠᠷᠳᠦ ᠵᠤᠬᠢᠶᠠᠯᠴᠢᠤᠨ ᠪᠠ ᠡᠷᠳᠠᠮᠳᠠᠤᠨ ᠵᠢᠴᠢ ᠦᠪᠤᠷ ᠮᠤᠩᠭᠤᠯ  ᠤᠨ ᠨᠠᠮ ᠤᠨ ᠬᠤᠷᠢᠶᠠᠨ ᠤ ᠤᠤᠯ ᠤᠨ ᠲᠠᠳ᠋ ᠱᠦᠵᠢ ᠵᠠᠶᠠᠭᠠᠳᠠᠢ ᠵᠠᠷᠭᠡ ᠨᠠᠷ᠎ᠠ ᠬᠦᠨᠳᠦᠳᠦ ᠬᠦᠮᠤᠰ ᠫᠠᠵᠠᠢ ᠶᠢᠨ ᠴᠢᠨᠳᠠᠷ ᠲᠤ ᠴᠠᠭᠠᠷᠢᠬᠳᠦ ᠴᠠᠴᠡᠭ ᠬᠦᠷᠭᠡᠵᠦ ᠰᠠᠯᠬᠤ ᠶᠤᠰᠤᠯᠠᠯ ᠬᠢᠵᠠᠢ᠃ ᠫᠠᠵᠠᠢ ᠶᠢᠨ ᠴᠢᠨᠳᠠᠷ ᠢ ᠬᠦᠭᠡᠬᠤᠳᠠ ᠳᠤ ᠬᠦᠷᠭᠡᠵᠦ ᠤᠴᠢᠬᠤ ᠳᠤ ᠪᠦᠭᠡ᠂ ᠡᠷᠳᠠᠨᠢᠳᠦᠭᠳᠠᠬᠤ᠂ ᠨᠠ᠊ ᠊ ᠰᠠᠶᠢᠨᠴᠤᠭᠳᠦ ᠨᠠᠷ ᠭᠠᠯᠳᠦ ᠲᠠᠷᠭᠡᠨ ᠦᠷᠳᠠᠭᠡᠨ ᠠᠴᠠ ᠲᠤᠰᠴᠦ᠂ ᠦᠯᠢᠭᠡᠷ ᠭᠡᠯᠠᠳᠡᠭ ᠮᠤᠩᠭᠤᠯ ᠭᠡᠷ ᠲᠤᠨᠢ ᠲᠠᠯᠪᠢᠪᠠ᠃ ᠭᠠᠰᠢᠭᠤᠳᠠᠯ ᠤᠨ ᠬᠤᠷᠠᠯ ᠤᠨ ᠡᠷᠬᠢᠯᠡᠭᠴᠢ ᠨᠢ ᠬᠠᠹᠦ᠋ᠩᠭ᠎ᠠ᠂ ᠲᠠᠳ᠋ ᠡᠷᠬᠢᠯᠡᠭᠴᠢ ᠨᠢ ᠪᠦᠭᠡ ᠪᠠᠶᠢᠭᠰᠠᠨ ᠪᠦᠭᠡᠤᠨ ᠦᠪᠤᠷ ᠮᠤᠩᠭᠤᠯ ᠤᠨ ᠤᠳᠬ᠎ᠠ ᠤᠷᠠᠯᠢᠭ ᠤᠨ ᠡᠳᠠᠭᠡᠤᠨ ᠤᠨ ᠬᠢᠨ ᠭᠤᠷᠪᠠᠨ ᠡᠳᠤᠷ ᠤᠨ ᠰᠠᠯᠬᠤ ᠶᠤᠰᠤᠯᠠᠯ ᠬᠢᠵᠦ ᠬᠦᠨᠳᠦ ᠪᠠᠯᠪᠠᠰᠤᠷᠠᠯ ᠢ ᠬᠦᠢᠴᠠᠳᠭᠡᠵᠠᠢ᠃ ᠤᠤᠯ ᠨᠢ ᠫᠠᠵᠠᠢ ᠶᠢᠨ ᠴᠢᠨᠳᠠᠷ ᠢ ᠬᠦᠭᠡᠬᠤᠳᠠ ᠶᠢᠨ ᠨᠦᠭᠴᠢᠭᠰᠡᠨ ᠪᠠᠭᠠᠳᠤᠷᠴᠤᠤᠨ ᠤᠨ ᠪᠤᠩᠬᠤᠨ ᠳᠤ ᠤᠷᠤᠰᠢᠭᠤᠯᠬᠤ ᠪᠠᠷ ᠪᠠᠶᠢᠪᠠ᠃ ᠭᠡᠪᠠᠴᠦ ᠨᠤᠳᠤᠭ ᠤᠨ ᠬᠢᠨᠢ ᠬᠤᠶᠠᠷ ᠲᠠᠬᠦᠦ ᠠᠯᠳᠠᠷᠳᠦ ᠬᠤᠭᠤᠷᠴᠢ ᠮᠤᠤᠠᠦ᠋ᠬᠢᠨ ᠪᠤᠯᠤᠨ ᠲᠤᠷᠵᠢ ᠳᠤ ᠭᠡᠯᠡᠭᠰᠠᠨ ᠭᠡᠷᠢᠶᠠᠰ ᠦᠭᠡ ᠶᠢ ᠨᠢ ᠮᠦᠷᠳᠠᠵᠦ᠂ ᠶᠠᠰᠦ ᠶᠢ ᠨᠢ ᠵᠠᠷᠤᠤᠨ ᠲᠤ ᠠᠪᠠᠴᠢᠨ ᠤᠷᠤᠰᠢᠭᠤᠯᠵᠦ᠂ ᠭᠡᠷᠡᠭᠯᠠᠵᠦ ᠪᠠᠶᠢᠭᠰᠠᠨ ᠠᠷᠠᠯᠳᠦ ᠬᠤᠭᠤᠷ ᠢ ᠨᠢ ᠠᠴᠢ ᠬᠦᠤ ᠳᠤᠨᠢ ᠦᠭᠬᠦ ᠪᠠᠷ ᠪᠤᠯᠤᠭᠠᠤᠨ 4 ᠰᠠᠷ᠎ᠠ ᠶᠢᠨ 15 ᠤ ᠡᠳᠤᠷ ᠲᠤᠰᠬᠠᠢ ᠬᠦᠮᠤᠰ ᠬᠦᠭᠡᠬᠤᠳᠠ ᠠᠴᠠ ᠬᠦᠷᠭᠡᠵᠦ ᠭᠠᠷᠴᠠᠢ᠃ ᠤᠤᠯ ᠤᠨ ᠵᠢᠷᠢᠮ ᠠᠶᠢᠮᠠᠭ ᠪᠠ ᠵᠠᠷᠤᠤᠨ ᠬᠤᠰᠢᠭᠤᠨ ᠳᠤ ᠬᠦᠷᠴᠦ ᠤᠴᠢᠬᠤ ᠳᠤ ᠨᠠᠮ ᠵᠠᠰᠠᠭ ᠤᠨ ᠤᠳᠤᠷᠢᠳᠤᠯᠭ᠎ᠠ ᠪᠠ ᠨᠠᠶᠢᠭᠡᠮ ᠤᠨ ᠡᠯ᠎ᠠ ᠲᠠᠪᠬᠤᠷᠭ᠎ᠠ ᠶᠢᠨ ᠬᠦᠮᠦᠰ ᠫᠠᠵᠠᠢ ᠶᠢᠨ ᠴᠢᠨᠳᠠᠷ ᠲᠤ ᠬᠦᠨᠳᠦ ᠪᠠᠯᠪᠠᠰᠤᠷᠠᠵᠦ ᠭᠠᠰᠢᠭᠤᠳᠠᠨ ᠰᠠᠯᠤᠯᠴᠠᠪᠠ᠃ ᠫᠠᠵᠠᠢ ᠭᠤᠸᠠᠢ ᠶᠢᠷᠳᠢᠨᠴᠦ ᠠᠴᠠ ᠰᠠᠯᠤᠭᠠᠤᠨ 50 ᠵᠢᠯ ᠪᠤᠯᠪᠡ᠃ ᠲᠠᠷᠠ ᠪᠤᠯ ᠲᠠᠯᠠᠭᠡᠢ ᠶᠢᠨ ᠤᠳᠬ᠎ᠠ ᠵᠤᠬᠢᠶᠠᠯ  ᠤᠨ ᠬᠦᠷᠢᠶᠠᠯᠠᠩ ᠳᠤ ᠪᠠᠳᠠᠷᠠᠨ ᠲᠠᠯᠭᠡᠷᠡᠭᠰᠠᠨ ᠦᠨᠢᠳᠠ ᠵᠤᠯᠭᠠᠷᠠᠰᠢ ᠦᠭᠡᠢ ᠦᠩᠭᠡ ᠰᠤᠷᠭᠤᠭ ᠨᠢᠭᠡᠨ ᠪᠤᠳᠠ ᠴᠠᠴᠡᠭ ᠶᠤᠮᠰᠠᠨ᠃ ᠶᠠᠭ ᠮᠤᠩᠭᠤᠯ ᠦᠨᠳᠦᠰᠦᠳᠠᠨ ᠤ ᠠᠯᠳᠠᠷᠳᠦ ᠰᠢᠯᠦᠭᠴᠢᠨ ᠨᠠ᠊ · ᠰᠠᠶᠢᠨᠴᠤᠭᠳᠦ ᠶᠢᠨ᠄ ︽ᠠᠮᠢ ᠴᠢᠨᠢ ᠰᠠᠯᠤᠭᠰᠠᠨ ᠴᠤ ᠪᠦᠳᠦᠭᠡᠯ ᠴᠢᠨᠢ ᠰᠠᠯᠤᠭ᠎ᠠ ᠦᠭᠡᠢ᠂ ᠠᠷᠠᠤᠨ ᠤᠨ ᠵᠢᠷᠤᠭᠡᠨ ᠳᠤ ᠲᠠᠭᠤᠷᠢᠰᠤᠯᠳᠠᠢ︾ ᠭᠡᠵᠦ ᠦᠨᠡᠯᠡᠭᠰᠡᠨ ᠰᠢᠭ ᠳᠡᠬᠦᠨ ᠤ ᠠᠯᠳᠠᠷ ᠭᠠᠪᠢᠶ᠎ᠠ ᠶᠢ ᠬᠡᠨ ᠴᠤ ᠦᠨᠢ ᠮᠠᠷᠳᠠᠬᠤ ᠦᠭᠡᠢ ᠁
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号