ᠷᠠᠪᠵᠢᠮᠪᠠ
ᠨᠡᠶᠢᠲᠡᠯᠡᠭᠰᠡᠨ ᠴᠠᠭ᠄
2019/12/3
ᠱᠠᠰᠢᠠ ᠤ ᠡᠷᠳᠡᠮ ᠳᠤ ᠮᠡᠷᠭᠡᠵᠢᠭᠰᠡᠠ ᠯᠠᠮᠠ ᠶᠢᠨ ᠴᠣᠯᠠ ᠪᠥᠭᠡᠳ ᠭᠡᠪᠡᠰᠢ ᠭᠡᠰᠡᠠ ᠲᠠᠢ ᠠᠳᠠᠯᠢ ᠣᠳᠣ ᠶᠢᠨ ᠢᠶᠠᠷ ᠬᠡᠯᠡᠪᠡᠯ ᠳ᠋ᠣᠺᠠᠷᠠᠲ᠂ ᠡᠷᠳᠡᠮᠲᠡᠠ ᠬᠡᠰᠡᠠ ᠲᠠᠢ ᠠᠳᠠᠯᠢ᠃ ᠯᠾᠰᠠ ᠤᠨ ᠮᠣᠯᠣᠮ ᠭᠡᠳᠡᠭ ᠨᠣᠮ ᠤᠨ ᠬᠤᠷᠠᠯ ᠳᠤ ᠰᠢᠯᠭᠠᠯᠲᠤ ᠳᠤ ᠬᠢᠷᠢ ᠲᠡᠩᠴᠡᠴᠦ ᠳ᠋ᠠᠮᠵᠠ ᠪᠠᠷᠢᠭᠳᠠᠰᠠᠳ ᠲᠤ ᠯᠾᠷᠡᠮᠪᠠ ᠴᠣᠯᠠ︔ ᠵᠣᠠᠵᠢᠳ ᠮᠣᠯᠣᠮ ᠭᠡᠳᠡᠭ ᠨᠣᠮ  ᠤᠨ ᠬᠤᠷᠠᠯ ᠳᠤ ᠰᠢᠯᠭᠠᠯᠲᠤ ᠳᠤ ᠬᠢᠷᠢ ᠲᠡᠩᠴᠡᠴᠦ ᠳ᠋ᠠᠮᠵᠠ ᠪᠠᠷᠢᠭᠰᠠᠳ ᠲᠤ ᠵᠣᠷᠢᠮᠪᠠ ᠴᠣᠯᠠ︔ ᠰᠦᠮ᠎ᠡ ᠶᠢᠨ ᠡᠭᠦᠳᠡᠠ ᠤ ᠲᠡᠭᠲᠡ ᠪᠤᠶᠤ ᠲᠠᠩᠭᠠᠳ ᠪᠠᠷ ᠳ᠋ᠣᠪᠴᠠ ᠭᠢᠰᠬᠡᠵᠦ ᠪᠠᠶᠢᠭᠠᠳ ᠰᠢᠯᠭᠠᠯᠲᠤ ᠳᠤ ᠬᠢᠷᠢ ᠲᠡᠩᠴᠡᠴᠦ ᠳ᠋ᠠᠮᠵᠠ ᠪᠠᠷᠢᠭᠰᠠᠳ ᠲᠤ ᠳ᠋ᠣᠷᠢᠮᠪᠠ ᠴᠣᠯᠠ︔ ᠭᠤᠨᠳᠤᠭ ᠤᠨ ᠵᠠᠠ ᠵᠡᠷᠭᠡ ᠭᠤᠷᠪᠠᠠ ᠰᠤᠳᠤᠷ ᠢ ᠴᠡᠭᠡᠴᠢ ᠪᠠᠷ ᠤᠩᠰᠢᠭᠠᠳ ᠰᠢᠯᠭᠠᠯᠲᠤ ᠳᠤ ᠬᠢᠷᠢ ᠲᠡᠩᠴᠡᠩᠰᠠᠳ ᠲᠤ ᠱᠠᠳᠠᠷᠠᠮᠪᠠ ᠴᠣᠯᠠ︔ ᠪᠢᠶ᠎ᠡ ᠨᠢ ᠨᠣᠮ ᠵᠢᠭᠠᠯᠠᠭᠠᠵᠦ ᠪᠠᠶᠢᠭᠰᠠᠠ ᠳᠠᠴᠢᠩ  ᠳᠤ ᠪᠠᠨ ᠰᠢᠯᠭᠠᠭᠤᠯᠠᠳ ᠬᠢᠷᠢ ᠲᠡᠩᠴᠡᠴᠦ ᠳ᠋ᠠᠮᠵᠠ ᠪᠠᠷᠢᠭᠰᠠᠳ ᠲᠤ ᠭᠠᠪᠵᠦ ᠴᠣᠯᠠ ᠶᠢ ᠡᠳᠡᠭᠡᠷ ᠴᠣᠯᠠ ᠶᠢ ᠵᠡᠷᠭᠡ  ᠳᠤ ᠨᠢ ᠣᠯᠣᠭᠰᠠᠠ ᠬᠦᠮᠦᠠ ᠶᠢ ᠷᠠᠪᠵᠢᠮᠪᠠ ᠭᠡᠳᠡᠭ ᠪᠠᠶᠢᠨ᠎ᠡ᠃ ᠣᠶᠢᠷᠡᠳ ᠤᠨ ᠳᠣᠳᠣ ᠦᠰᠦᠭ ᠢ ᠵᠣᠬᠢᠶᠠᠭᠴᠢ᠂ ᠣᠶᠢᠷᠡᠳ ᠤᠨ ᠪᠢᠴᠢᠭ ᠤᠨ ᠬᠡᠯᠡᠠ ᠤ ᠰᠠᠭᠤᠷᠢ ᠶᠢ ᠲᠠᠯᠪᠢᠭᠴᠢ᠂ ᠣᠶᠢᠷᠡᠳ ᠤᠨ ᠰᠣᠶᠣᠯ ᠤᠨ ᠭᠠᠷᠮᠠᠭᠠᠢ ᠵᠢᠳᠬᠦᠯᠲᠡᠠ᠂ ᠠᠯᠳᠠᠷᠠᠲᠤ ᠣᠷᠴᠢᠭᠤᠯᠤᠭᠴᠢ᠂ ᠰᠢᠷ᠎ᠡ ᠶᠢᠨ ᠱᠠᠰᠢᠠ ᠤ ᠤᠬᠠᠭᠤᠯᠤᠭᠴᠢ᠂ ᠶᠡᠭᠡ ᠡᠷᠳᠡᠮᠲᠡᠠ ᠪᠥᠭᠡᠳ ᠪᠣᠳᠣᠯᠭᠠᠲᠠᠠ ᠽᠠᠶ᠎ᠠ ᠪᠠᠨᠳᠢᠳᠠ ᠵᠤᠤ ᠳᠤ ᠬᠤᠷᠢᠠ ᠬᠤᠶᠠᠷ ᠵᠢᠯ ᠱᠠᠰᠢᠠ ᠤ ᠡᠷᠳᠡᠮ ᠰᠤᠷᠴᠦ ᠣᠯᠠᠠ ᠮᠡᠷᠭᠡᠳ ᠠᠴᠠ ᠣᠷᠣᠶᠢᠯᠡᠵᠦ ᠲᠤᠰ ᠷᠠᠪᠵᠢᠮᠪᠠ ᠴᠣᠯᠠ ᠶᠢ ᠬᠠᠮᠠᠭᠠᠯᠠᠭᠰᠠᠠ ᠭᠡᠳᠡᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号