ᠬᠢᠪᠴᠠᠭ ᠬᠠᠭᠠᠨᠲᠤ ᠤᠯᠤᠰ
ᠨᠡᠶᠢᠲᠡᠯᠡᠭᠰᠡᠨ ᠴᠠᠭ᠄
2019/12/3
ᠬᠢᠪᠴᠠᠭ ᠬᠠᠭᠠᠨᠲᠤ ᠤᠯᠤᠰ ᠢ ᠪᠠᠰᠠ ᠠᠯᠲᠠᠨ ᠤᠷᠲᠤᠨ ᠬᠠᠭᠠᠨᠲᠤ ᠤᠯᠤᠰ ᠪᠤᠶᠤ ᠵᠦᠴᠢ ᠶᠢᠨ ᠤᠯᠤᠰ ᠭᠡᠲᠡᠭ᠃ ᠴᠢᠩᠭᠢᠰ ᠬᠠᠭᠠᠨ ᠤ ᠶᠡᠭᠡ ᠬᠦᠪᠡᠭᠦᠨ ᠵᠦᠴᠢ ᠶᠢᠨ ᠬᠤᠶᠠᠲᠤᠭᠠᠷ ᠬᠦᠦ ᠪᠠᠲᠤ ᠡᠴᠢᠭᠡ ᠶᠢᠨ ᠢᠶᠠᠨ ᠬᠤᠪᠢ ᠭᠠᠵᠠᠷ ᠢᠶᠠᠷ ᠰᠠᠭᠤᠷᠢ ᠪᠤᠯᠭᠠᠨ ᠪᠠᠶᠢᠭᠤᠯᠤᠭᠰᠠᠨ ᠬᠠᠭᠠᠨᠲᠤ ᠤᠯᠤᠰ ᠶᠤᠮ᠃ ᠬᠢᠪᠴᠠᠭ ᠬᠠᠭᠠᠨᠲᠤ ᠤᠯᠤᠰ ᠪᠤᠯ ᠬᠠᠮᠤᠭ ᠡᠷᠲᠡ ᠪᠠᠶᠢᠭᠤᠯᠤᠭᠲᠠᠭᠰᠠᠨ ᠬᠠᠷᠢᠶᠠᠲᠤ ᠬᠠᠭᠠᠨᠲᠤ ᠤᠯᠤᠰ ᠪᠦᠭᠡᠳ ᠨᠤᠶᠠᠷᠬᠠᠯ ᠤᠨ ᠬᠤᠭᠤᠴᠠᠭ᠎ᠠ ᠪᠠᠷ ᠬᠠᠮᠤᠭ ᠤᠷᠲᠤ ᠬᠠᠭᠠᠨᠲᠤ ᠤᠯᠤᠰ ᠶᠤᠮ᠃ ᠠᠩᠬᠠᠨ ᠤ ᠨᠡᠶᠢᠰᠯᠡᠯ ᠨᠢ ᠤᠲᠤ ᠶᠢᠨ ᠤᠷᠤᠰ ᠤᠨ ᠬᠤᠯᠪᠤᠭᠠᠨ ᠤ ᠤᠯᠤᠰ ᠤᠨ ᠠᠰᠲᠠᠷᠬᠠᠨ ᠬᠤᠲᠠ ᠶᠢᠨ ᠤᠶᠢᠷᠠᠯᠴᠠᠭ᠎ᠠ ᠪᠠᠶᠢᠭᠰᠠᠨ ᠪᠠᠲᠤ ᠶᠢᠨ ᠰᠠᠷᠠᠢ ᠬᠤᠲᠠ ᠶᠤᠮ᠃ 1243 ᠤᠨ ᠳᠤ ᠦᠷᠦᠨ᠎ᠡ ᠵᠦᠭ ᠲᠤᠪᠲᠤᠯᠬᠤ ᠪᠠᠨ ᠵᠤᠭᠰᠤᠵᠤ ᠢᠵᠢᠯ ᠮᠦᠷᠡᠨ ︵ᠤᠲᠤ ᠶᠢᠨ ᠸᠤᠯᠭ᠎ᠠ ᠮᠦᠷᠡᠨ︶ ᠤ ᠬᠦᠪᠡᠭᠡᠨ ᠳᠤ ᠬᠢᠪᠴᠠᠭ ᠬᠠᠭᠠᠨᠲᠤ ᠤᠯᠤᠰ ᠢ ᠪᠠᠶᠢᠭᠤᠯᠵᠠᠢ᠃ ᠨᠤᠲᠤᠭ ᠲᠡᠪᠢᠰᠭᠡᠷ ᠨᠢ ᠵᠡᠭᠦᠨ ᠵᠠᠬ᠎ᠠ ᠶᠢᠨ ᠡᠷᠴᠢᠰ ᠮᠦᠷᠡᠨ ᠠᠴᠠ ᠪᠠᠷᠠᠭᠤᠨ ᠲᠠᠯ᠎ᠠ ᠶᠢᠨ ᠤᠷᠤᠰ ᠬᠦᠷᠲᠡᠯ᠎ᠡ᠂ ᠡᠮᠦᠨ᠎ᠡ ᠪᠡᠶ᠎ᠡ ᠶᠢᠨ ᠪᠠᠯᠬᠠᠱ ᠨᠠᠭᠤᠷ᠂ ᠲᠤᠲᠤᠭᠠᠲᠤ ᠲᠠᠩᠭᠢᠰ ᠪᠠ ᠬᠠᠷ᠎ᠠ ᠲᠠᠩᠭᠢᠰ ᠠᠴᠠ ᠬᠤᠶᠢᠲᠤ ᠬᠢᠵᠠᠭᠠᠷ ᠤᠨ ᠲᠦᠢᠯ ᠤᠨ ᠴᠠᠭᠠᠷᠢᠭ ᠲᠤ ᠲᠤᠯᠵᠤ ᠪᠠᠶᠢᠵᠠᠢ᠃ 1480 ᠤᠨ ᠳᠤ ᠤᠷᠤᠰ ᠤᠨ ᠢᠸᠠᠨ ᠭᠤᠷᠪᠠᠲᠤᠭᠠᠷ ᠤᠨ ᠤᠲᠤᠷᠢᠲᠤᠭᠰᠠᠨ ᠮᠤᠰᠺᠸᠠ ᠤᠯᠤᠰ ᠤᠨ ᠴᠡᠷᠢᠭ ᠲᠤ ᠮᠤᠩᠭᠤᠯ ᠴᠡᠷᠢᠭ ᠢᠯᠠᠭᠲᠠᠭᠠᠳ ᠬᠢᠪᠴᠠᠭ ᠬᠠᠭᠠᠨᠲᠤ ᠤᠯᠤᠰ ᠮᠦᠬᠦᠪᠡ᠃ ᠪᠠᠲᠤ ᠶᠢᠨ ᠬᠤᠶᠢᠴᠢᠰ ᠤᠷᠤᠰ ᠤᠷᠤᠨ ᠢ 270 ᠵᠢᠯ ᠨᠤᠶᠠᠷᠬᠠᠵᠤ᠂ 58 ᠬᠠᠭᠠᠨ ᠰᠠᠭᠤᠷᠢᠨ᠎ᠠ ᠰᠠᠭᠤᠵᠠᠢ᠃ ᠪᠠᠲᠤ ᠬᠠᠨ ᠤ ᠡᠴᠢᠭᠡ ᠵᠦᠴᠢ ᠬᠠᠨ ᠪᠤᠯ ᠬᠢᠶᠠᠨ ᠠᠶᠢᠮᠠᠭ ᠤᠨ ᠪᠤᠷᠵᠢᠬᠢᠨ ᠤᠪᠤᠭᠲᠠᠨ᠃ ᠴᠢᠩᠭᠢᠰ ᠬᠠᠭᠠᠨ ᠤ ᠤᠤᠭᠠᠨ ᠬᠦᠪᠡᠭᠦᠨ᠃ 1178 ᠤᠨ ᠳᠤ ᠲᠦᠷᠦᠵᠤ᠂ 1227 ᠤᠨ ᠳᠤ ᠨᠠᠰᠤ ᠪᠠᠷᠠᠵᠠᠢ᠃ ᠲᠡᠷᠡ ᠬᠠᠭᠠᠨ ᠡᠴᠢᠭᠡ ᠪᠠᠨ ᠲᠠᠭᠠᠵᠤ ᠤᠯᠠᠨ ᠤᠲᠠᠭ᠎ᠠ ᠶᠢᠨ ᠲᠠᠶᠢᠨ ᠲᠤᠯᠤᠯᠳᠤᠭᠠᠨ ᠳᠤ ᠶᠠᠪᠤᠭᠰᠠᠨ ᠪᠤᠯᠪᠠᠴᠤ ᠬᠦᠴᠦᠷᠭᠡᠭᠯᠡᠯ ᠢᠶᠠᠷ ᠪᠢᠰᠢ ᠶᠤᠰᠤ ᠪᠠᠷ ᠤᠷᠤᠭᠤᠯᠤᠨ ᠠᠪᠬᠤ ᠶᠢ ᠡᠷᠬᠢᠮᠯᠡᠲᠡᠭ ᠪᠠᠶᠢᠵᠠᠢ᠃ ᠴᠢᠩᠭᠢᠰ ᠬᠠᠭᠠᠨ ᠡᠵᠡᠯᠡᠭᠰᠡᠨ ᠰᠠᠷᠲᠠᠭᠤᠯ ᠤᠯᠤᠰ ᠢ ᠵᠦᠴᠢ ᠶᠢᠨ ᠮᠡᠲᠡᠯ ᠳᠤ ᠦᠭᠴᠦ᠂ ᠲᠡᠷᠡ ᠤᠯᠤᠰ ᠨᠢ ᠵᠦᠴᠢ ᠶᠢᠨ ᠤᠯᠤᠰ ᠪᠤᠯᠵᠠᠢ᠃ ᠪᠠᠲᠤ ᠪᠤᠯ ᠵᠦᠴᠢ ᠶᠢᠨ ᠬᠤᠶᠠᠲᠤᠭᠠᠷ ᠬᠦᠪᠡᠭᠦᠨ᠃ 1209 ᠤᠨ ᠳᠤ ᠲᠦᠷᠦᠵᠠᠢ᠃ 1235 ᠤᠨ ᠳᠤ᠂ ᠦᠭᠡᠲᠡᠢ ᠬᠠᠭᠠᠨ ︽ᠠᠬᠠᠮᠠᠳ ᠬᠦᠪᠡᠭᠦᠳ ᠤᠨ ᠪᠠᠷᠠᠭᠤᠨᠰᠢ ᠠᠶᠠᠯᠠᠭᠰᠠᠨ ᠲᠠᠶᠢᠨ︾ ᠢ ᠵᠤᠬᠢᠶᠠᠨ ᠪᠠᠶᠢᠭᠤᠯᠬᠤ ᠳᠤ ᠪᠠᠲᠤ ᠪᠤᠯ ᠶᠡᠷᠦᠩᠭᠡᠢ ᠵᠠᠬᠢᠷᠤᠭᠴᠢ ᠪᠢᠯᠡ᠃ ᠪᠠᠲᠤ ᠶᠢᠨ ᠵᠠᠬᠢᠷᠤᠭᠰᠠᠨ ᠠᠬᠠᠮᠠᠳ ᠬᠦᠪᠡᠭᠦᠳ ᠤᠨ ᠰᠦᠷ ᠵᠢᠪᠬᠤᠭ᠎ᠠ ᠲᠠᠢ ᠡᠨᠡ ᠤᠲᠠᠭᠠᠨ ᠤ ᠠᠶᠠᠨ ᠲᠠᠶᠢᠨ ︵ᠪᠦᠬᠦ ᠴᠡᠷᠢᠭ ᠤᠨ ᠲᠤᠭ᠎ᠠ ᠨᠢ 12 ᠲᠦᠮᠡ ᠪᠠᠶᠢᠪᠠ︶ ᠪᠤᠯ ᠦᠭᠡᠲᠡᠢ ᠬᠠᠭᠠᠨ ᠤ ᠦᠶᠡᠰ ᠲᠠᠬᠢ ᠬᠠᠮᠤᠭ ᠤᠨ ᠰᠦᠷ ᠲᠠᠯᠠᠶᠢᠴᠠᠲᠠᠢ ᠪᠦᠭᠡᠳ ᠬᠠᠮᠤᠭ ᠠᠴᠠ ᠠᠮᠵᠢᠯᠲᠠ ᠤᠯᠤᠭᠰᠠᠨ ᠨᠢᠭᠡ ᠤᠲᠠᠭᠠᠨ ᠤ ᠠᠶᠠᠨ ᠲᠠᠶᠢᠨ ᠮᠦᠨ᠃ 1236 - 1242 ᠤᠨ ᠪᠤᠯᠲᠠᠯ᠎ᠠ᠂ ᠠᠶᠠᠨ ᠲᠠᠶᠢᠨ ᠨᠢ ᠦᠷᠡᠯ ᠭᠤᠤᠯ ᠠᠴᠠ ᠪᠠᠷᠠᠭᠤᠨᠰᠢᠬᠢ ᠢᠵᠢᠯ ᠮᠦᠷᠡᠨ ᠤ ᠰᠠᠪᠠ ᠭᠠᠵᠠᠷ ᠤᠨ ᠬᠢᠪᠴᠠᠭ᠂ ᠬᠠᠨᠭ᠍ᠭᠠᠷᠢ ᠵᠡᠷᠭᠡ ᠤᠭᠰᠠᠭᠠᠲᠠᠨ ᠢ ᠲᠠᠶᠢᠯᠠᠨ ᠲᠠᠭᠠᠭᠤᠯᠵᠤ᠂ ᠤᠷᠤᠰ ᠤᠯᠤᠰ ᠢ ᠡᠵᠡᠯᠡᠭᠡᠳ᠂ ᠪᠤᠯᠭᠠᠷᠢᠶ᠎ᠠ ᠶᠢᠨ ᠬᠢᠯᠢ ᠳᠤ ᠴᠦᠮᠦᠷᠠᠨ ᠤᠷᠤᠵᠠᠢ᠃ ᠡᠨᠡ ᠤᠲᠠᠭᠠᠨ ᠤ ᠪᠠᠷᠠᠭᠤᠨᠰᠢ ᠲᠠᠶᠢᠯᠠᠭᠰᠠᠨ ᠲᠠᠶᠢᠨ ᠨᠢ ᠬᠢᠪᠴᠠᠭ ᠬᠠᠭᠠᠨᠲᠤ ᠤᠯᠤᠰ ︵ᠪᠠᠰᠠ ᠠᠯᠲᠠᠨ ᠤᠷᠲᠤᠲᠤ ᠬᠠᠭᠠᠨᠲᠤ ᠤᠯᠤᠰ ᠭᠡᠲᠡᠭ︶ ᠤᠨ ᠰᠠᠭᠤᠷᠢ ᠶᠢ ᠲᠠᠯᠪᠢᠭᠰᠠᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号