ᠵᠠᠷᠭᠤᠴᠢ ᠨᠤᠶᠠᠨ ᠤ ᠲᠦᠷᠢᠮ
ᠨᠡᠶᠢᠲᠡᠯᠡᠭᠰᠡᠨ ᠴᠠᠭ᠄
2019/12/3
ᠲᠡᠷᠡ ᠨᠢ ᠵᠠᠷᠭᠤᠴᠢ ᠨᠤᠶᠠᠨ ᠪᠤᠯᠤᠨ ᠵᠠᠷᠭᠤᠴᠢ ᠬᠡᠪᠳᠡᠭᠦᠯ ᠢᠶᠠᠷ ᠪᠦᠷᠢᠯᠳᠦᠵᠠᠢ ︵︽ᠮᠤᠩᠭᠤᠯ ᠤᠨ ᠨᠢᠭᠤᠴᠠ ᠲᠤᠪᠴᠢᠶᠠᠨ︾ ᠤ 234 ᠳ᠋ᠤᠭᠡᠷ ᠪᠦᠯᠦᠭ ᠲᠤ︶᠃ ᠴᠢᠩᠭᠢᠰ ᠬᠠᠭᠠᠨ ᠵᠠᠷᠯᠢᠭ ᠪᠠᠭᠤᠯᠭᠠᠵᠤ ᠬᠡᠯᠡᠭᠰᠡᠨ ᠨᠢ ︽ᠰᠢᠬᠢᠬᠤᠳᠤᠭ ᠤᠨ ᠵᠠᠷᠭᠤ ᠰᠢᠭᠦᠭᠦ ᠳᠤ ᠬᠡᠪᠳᠡᠭᠦᠯ ᠠᠴᠠ ᠭᠦᠮᠦᠨ ᠲᠤᠮᠢᠯᠠᠨ ᠰᠠᠭᠤᠯᠭᠠᠵᠤ᠂ ᠵᠠᠷᠭᠤ ᠶᠢ  ᠰᠤᠨᠤᠰᠤᠯᠴᠠᠵᠤ ᠪᠠᠶᠢᠭᠳᠤᠨ︾ ᠭᠡᠵᠠᠢ᠃ ᠡᠨᠡᠬᠦ ᠲᠡᠮᠳᠡᠭᠯᠡᠯ ᠠᠴᠠ ᠦᠵᠡᠬᠦ ᠳᠤ ᠰᠢᠬᠢᠬᠤᠳᠤᠬ ᠵᠠᠷᠭᠤ ᠰᠢᠭᠦᠭᠦ ᠦᠶ᠎ᠡ ᠰᠢᠳᠠᠷ ᠴᠡᠷᠢᠭ ᠤᠨ ᠲᠤᠳᠤᠷ᠎ᠠ ᠠᠴᠠ ᠬᠡᠪᠳᠡᠭᠦᠯ ᠢ ᠲᠤᠮᠢᠯᠠᠨ ᠤᠷᠤᠯᠴᠠᠭᠤᠯᠵᠤ᠂ ᠵᠠᠷᠭᠤᠴᠢ ᠬᠡᠪᠳᠡᠭᠦᠯ ᠪᠤᠯᠭᠠᠳᠠᠭ᠃ ᠵᠠᠷᠭᠤᠴᠢ ᠨᠤᠶᠠᠨ ᠤ ᠰᠢᠭᠦᠨ ᠲᠠᠰᠤᠯᠬᠤ ᠲᠦᠷᠢᠮ ᠨᠢ ᠴᠢᠩᠭᠢᠰ ᠬᠠᠭᠠᠨ ᠤᠯᠤᠰ ᠪᠠᠶᠢᠭᠤᠯᠬᠤ ᠦᠶ᠎ᠡ ᠠᠴᠠ ᠡᠬᠢᠯᠡᠨ ᠬᠡᠷᠡᠭᠵᠢᠭᠦᠯᠦᠭᠰᠡᠨ ᠶᠤᠮ᠃ ᠡᠭᠦᠨ ᠠᠴᠠ ᠡᠮᠦᠨ᠎ᠡ᠂ ᠵᠠᠷᠭᠤ ᠰᠢᠭᠦᠭᠦ ᠡᠭᠦᠷᠭᠡ ᠶᠢ ᠪᠡᠯᠭᠦᠳᠠᠢ ᠬᠠᠷᠢᠭᠤᠴᠠᠵᠤ᠂ ︽ᠵᠠᠷᠭᠤ︾ ᠬᠡᠮᠡᠭᠦ ᠨᠡᠷᠡᠶᠢᠳᠤᠯ ᠦᠭᠡᠢ ᠪᠠᠶᠢᠵᠠᠢ᠃ 1202 ᠤᠨ ᠳᠤ᠂ ᠴᠢᠩᠭᠢᠰ ᠬᠠᠭᠠᠨ ᠠᠴᠠ ᠲᠠᠲ᠋ᠠᠷ ᠢ ᠲᠠᠶᠢᠯᠠᠬᠤ ᠦᠶ᠎ᠡ᠂ ᠲᠡᠭᠦᠦ ᠪᠡᠯᠭᠦᠳᠠᠢ ᠨᠢ ᠬᠤᠷᠠᠯ ᠤᠨ ︽ᠡᠶ᠎ᠡ︾ ᠶᠢ ᠵᠠᠳᠠᠷᠠᠭᠤᠯᠤᠭᠰᠠᠨ ᠠᠴᠠ ᠴᠡᠷᠢᠭ ᠶᠡᠭᠡ ᠬᠤᠬᠢᠷᠠᠯ  ᠠᠮᠰᠠᠵᠤ ᠬᠡᠮᠡᠨ ᠪᠡᠯᠭᠦᠳᠠᠢ ᠶᠢ ᠶᠠᠯᠠᠯᠠᠵᠤ᠂ ︽ᠪᠢᠳᠡᠨ ᠤ ᠤᠷᠤᠭ ᠤᠨ ᠶᠡᠭᠡ ᠬᠤᠷᠠᠯ ᠬᠤᠷᠠᠯᠳᠤᠵᠤ ᠲᠤᠭᠳᠠᠭᠰᠠᠨ ᠤᠴᠢᠷ ᠢ ᠪᠡᠯᠭᠦᠳᠠᠢ ᠲᠤᠷ᠎ᠠ ᠪᠠᠷ ᠶᠡᠬᠡᠴᠡᠷᠡᠨ ᠳᠤ ᠬᠡᠯᠡᠭᠰᠡᠨ ᠲᠤᠯᠠ᠂ ᠪᠢᠳᠡᠨ ᠤ ᠴᠡᠷᠢᠭ ᠮᠠᠰᠢ ᠶᠡᠭᠡ ᠬᠤᠬᠢᠷᠠᠯ ᠢ ᠬᠦᠯᠢᠶᠡᠪᠡ᠃ ᠡᠭᠦᠨ ᠤ ᠬᠤᠶᠢᠨ᠎ᠠ᠂ ᠤᠷᠤᠭ ᠤᠨ ᠶᠡᠭᠡ ᠬᠤᠷᠡᠯ ᠳᠤ ᠪᠡᠯᠭᠦᠳᠠᠢ ᠪᠤᠤ ᠤᠷᠤᠳᠤᠭᠠᠢ᠃ ᠬᠤᠷᠠᠯ ᠲᠠᠭᠤᠰᠳᠠᠯ᠎ᠠ ᠭᠠᠳᠠᠨᠠᠬᠢ ᠶᠢ ᠵᠠᠰᠠᠳᠤᠭᠠᠢ᠃ ᠬᠡᠷᠡᠭᠦᠯ ᠴᠤᠤᠭᠢᠶᠠᠨ ᠤ ᠤᠴᠢᠷ ᠪᠤᠶᠤ ᠬᠤᠯᠠᠭᠠᠢ ᠬᠤᠳᠠᠯ ᠤᠨ ᠬᠡᠷᠡᠭ ᠵᠠᠷᠭᠤ ᠶᠢ ᠰᠢᠭᠦᠵᠤ ᠪᠠᠶᠢᠭᠳᠤᠨ᠂ ᠬᠤᠷᠠᠯ ᠢ ᠲᠡᠭᠦᠰᠭᠡᠵᠤ᠂ ᠴᠡᠭᠡ ᠤᠤᠭᠤᠭᠰᠠᠨ ᠤ ᠬᠤᠶᠢᠨ᠎ᠠ᠃ ᠪᠡᠯᠭᠦᠳᠠᠢ᠂ ᠲᠠᠷᠢᠳᠠᠢ ᠤᠷᠤᠳᠤᠭᠠᠢ︾ ᠭᠡᠪᠡ᠃ ᠤᠯᠤᠰ ᠪᠠᠶᠢᠭᠤᠯᠤᠭᠰᠠᠨ ᠤ ᠲᠠᠷᠠᠭ᠎ᠠ᠂ ᠴᠢᠩᠭᠢᠰ ᠬᠠᠭᠠᠨ ᠠᠴᠠ ︽ᠬᠦᠷ ᠤᠯᠤᠰ ᠤᠨ ᠬᠤᠯᠠᠭᠠᠢ ᠶᠢ ᠭᠡᠰᠭᠡᠵᠤ᠂ ᠬᠤᠳᠠᠯ ᠢ ᠮᠤᠬᠤᠭᠠᠵᠤ᠂ ᠦᠬᠦᠬᠦᠯᠳᠡᠭᠦᠨ ᠶᠤᠰᠤᠳᠠᠨ ᠢ ᠦᠬᠦᠬᠦᠯ᠂  ᠠᠯᠳᠠᠭᠤᠯᠳᠠᠭᠤᠨ ᠶᠤᠰᠤᠳᠠᠨ ᠢ ᠠᠯᠳᠠᠭᠤᠯ︾ ᠬᠡᠮᠡᠨ ᠰᠢᠬᠢᠬᠤᠳᠤᠬ ᠶᠢ ᠵᠠᠷᠭᠤᠴᠢ ᠨᠤᠶᠠᠨ ᠲᠠᠯᠪᠢᠵᠠᠢ᠃ ᠬᠤᠵᠢᠮ ᠨᠢ ᠶᠡᠭᠡ ᠮᠤᠩᠭᠤᠯ ᠤᠯᠤᠰ ᠤᠨ ᠭᠠᠵᠠᠷ ᠨᠤᠳᠤᠭ ᠤᠨ ᠦᠷᠭᠡᠳᠬᠦ ᠶᠢ ᠲᠠᠭᠠᠯᠳᠤᠨ᠂ ᠭᠠᠳᠠᠷ ᠤᠷᠤᠨ ᠳᠤ ᠰᠠᠭᠤᠭ᠎ᠠ ᠸᠠᠩ ᠨᠤᠶᠠᠳ ᠪᠠᠰᠠ ᠦᠪᠡᠷᠰᠡᠳ ᠤᠨ ᠵᠠᠷᠭᠤᠴᠢ ᠨᠤᠶᠠᠨ ᠲᠤᠮᠢᠯᠠᠵᠤ᠂ ᠲᠡᠳᠡᠨ ᠤ ᠬᠠᠷᠢᠶᠠᠳᠤ ᠤᠷᠤᠨ ᠤ ᠪᠠᠨ ᠲᠤᠳᠤᠷᠡᠬᠢ ᠡᠷᠡᠭᠦᠦ ᠵᠠᠷᠭᠤ ᠶᠢᠨ ᠶᠡᠭᠡ ᠤᠴᠢᠷ ᠢ ᠬᠠᠮᠢᠶᠠᠷᠤᠭᠤᠯᠵᠤ ᠪᠠᠶᠢᠪᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号