ᠬᠤᠶᠢᠳ ᠣᠪᠤᠭ ᠤᠨ ᠡᠭᠦᠰᠦᠯ ᠭᠠᠷᠤᠯ
ᠨᠡᠶᠢᠲᠡᠯᠡᠭᠰᠡᠨ ᠴᠠᠭ᠄
2019/12/3
       ᠤᠳᠤ ᠶᠢᠨ ᠠᠯᠠᠱᠠ ᠪᠠᠷᠠᠭᠤᠨ ᠬᠤᠰᠢᠭᠤᠨ ᠤ ᠬᠤᠶᠢᠲᠦ ᠪᠡᠶ᠎ᠡ ᠶᠢᠨ ᠨᠤᠲᠤᠭ ᠪᠠᠷ ᠬᠤᠶᠢᠳ ᠤᠨ ᠴᠠᠭᠠᠨ ᠣᠪᠤᠭ᠎ᠠ ᠶᠢᠨ ᠲᠤᠬᠠᠢ ᠦᠯᠢᠭᠡᠷ ᠳᠣᠮᠤᠭ ᠰᠢᠣᠬᠠᠨ ᠶᠠᠷᠢᠶ᠎ᠠ ᠦᠷᠭᠡᠨ ᠳᠡᠯᠭᠡᠷᠡᠭᠰᠡᠨ ᠪᠠᠶᠢᠳᠠᠭ᠃  ᠬᠤᠶᠢᠳ ᠭᠡᠳᠡᠭ ᠪᠣᠯ ᠮᠣᠩᠭᠤᠯ ᠲᠡᠣᠬᠡ ᠰᠣᠷᠪᠤᠯᠵᠢ ᠳᠤ ᠭᠠᠷᠳᠠᠭ ︽ᠣᠢ ᠶᠢᠨ ᠢᠷᠭᠡᠨ︾ ᠬᠡᠮᠡᠭᠳᠡᠭᠰᠡᠨ ᠣᠶᠢᠷᠡᠳ ᠮᠣᠩᠭᠤᠯ ᠤᠨ ᠨᠢᠭᠡᠨ ᠠᠶᠢᠮᠠᠭ ᠪᠣᠯᠬᠤ ᠬᠤᠶᠢᠳ ᠠᠶᠢᠮᠠᠭ ᠤᠨ ᠨᠡᠷ᠎ᠡ ᠠᠴᠠ ᠡᠭᠦᠰᠦᠯ ᠭᠠᠷᠤᠯ ᠲᠠᠢ᠃ ᠳᠠᠷᠤᠢ ᠠᠶᠢᠮᠠᠭ ᠤᠨ ᠢᠶᠠᠨ ᠨᠡᠷ᠎ᠡ ᠪᠠᠷ ᠣᠪᠤᠭ ᠢᠶᠠᠨ ᠪᠣᠯᠭᠠᠭᠰᠠᠨ ᠪᠠᠷᠠᠭᠤᠨ ᠮᠣᠩᠭᠤᠯ ᠤᠨ ᠣᠪᠤᠭ ᠶᠠᠰᠣᠳᠠᠳ ᠤᠨ ᠨᠢᠭᠡ ᠨᠢ ᠮᠦᠨ᠃ ᠬᠢᠲᠠᠳ ᠪᠢᠴᠢᠭ ᠰᠤᠳᠤᠷ ᠤᠳ ᠲᠤ ︽辉特︾ ︽慧特︾ ᠭᠡᠬᠦᠴᠢᠯᠡᠨ ᠪᠢᠴᠢᠳᠡᠭ᠃ ᠬᠤᠶᠢᠳ ᠠᠶᠢᠮᠠᠭ ᠤᠨ ᠡᠭᠦᠰᠦᠯ ᠭᠠᠷᠤᠯ ᠬᠢᠭᠡᠳ ᠬᠤᠶᠢᠳ ᠠᠶᠢᠮᠠᠭ ᠤᠨ ᠨᠡᠷᠡᠶᠢᠳᠦᠯ ᠤᠨ ᠲᠤᠬᠠᠢ ᠬᠡᠳᠦ ᠬᠡᠳᠦᠨ ᠠᠳᠠᠯᠢ ᠪᠣᠰᠣ ᠵᠦᠢᠯ ᠤᠨ ᠬᠡᠯᠡᠯᠭᠡ᠂ ᠲᠡᠣᠬᠡ ᠲᠡᠮᠳᠡᠭᠯᠡᠯ ᠪᠠ ᠰᠤᠳᠤᠯᠭᠠᠨ ᠤ ᠦᠷ᠎ᠡ ᠳ᠋ᠦᠩ ᠵᠡᠷᠭᠡᠴᠡᠨ ᠣᠷᠤᠰᠢᠵᠦ ᠪᠠᠶᠢᠳᠠᠭ᠃ ᠬᠤᠶᠢᠳ ᠠᠶᠢᠮᠠᠭ ᠤᠨ ᠡᠭᠦᠰᠦᠯ ᠭᠠᠷᠤᠯ ᠤᠨ ᠲᠤᠬᠠᠢ ᠬᠡᠯᠡᠪᠡᠯ ᠨᠢᠭᠡ ᠨᠢ ︽ᠮᠤᠩᠭᠤᠯ ᠤᠨ ᠨᠢᠭᠤᠴᠠ ᠲᠣᠪᠴᠢᠶᠠᠨ︾ ᠳᠤ  ᠳᠤᠷᠠᠳᠤᠭᠰᠠᠨ ᠴᠢᠩᠭᠢᠰ ᠬᠠᠭᠠᠨ ᠬᠠᠮᠤᠭ ᠠᠩᠬ᠎ᠠ ᠬᠡᠣᠬᠡᠳ ᠳᠡᠭᠦᠦ ᠨᠠᠷ ᠲᠡᠭᠡᠨ ᠦᠮᠴᠢ ᠬᠤᠪᠢᠶᠠᠬᠤ ᠳᠤ ᠴᠠᠭᠠᠳᠠᠢ ᠳᠤ ᠬᠤᠪᠢᠶᠠᠵᠦ ᠦᠭᠭᠦᠭᠰᠡᠨ ᠠᠯᠪᠠᠲᠦ ︽ᠨᠠᠢᠮᠠᠨ ᠮᠢᠩᠭᠠᠨ ᠢᠷᠭᠡᠳ︾ ᠢ ᠬᠤᠶᠢᠳ ᠤᠨ ᠠᠶᠢᠮᠠᠭ ᠤᠨ ᠡᠭᠦᠰᠦᠯ ᠭᠠᠷᠤᠯ ᠭᠡᠵᠦ ᠦᠵᠡᠳᠡᠭ᠃ ᠨᠦᠭᠦᠭᠡ ᠨᠢᠭᠡ ᠨᠢ ︽ᠡᠷᠳᠡᠨ ᠤ ᠮᠣᠩᠭᠤᠯ ᠤᠨ ᠬᠠᠭᠠᠳ ᠤᠨ ᠦᠨᠳᠦᠰᠦᠨ ᠤ ᠶᠡᠭᠡ ᠰᠢᠷ᠎ᠠ ᠲᠤᠭᠤᠵᠢ ᠣᠷᠤᠰᠢᠪᠠ︾ ᠪᠠᠷ ᠡᠰᠢ ᠪᠠᠷᠢᠮᠲᠠ ᠪᠣᠯᠭᠠᠨ ᠬᠤᠶᠢᠳ  ᠠᠶᠢᠮᠠᠭ ᠤᠨ ᠠᠬᠠᠯᠠᠭᠴᠢ ᠨᠢ ᠣᠶᠢᠷᠠᠳ ᠤᠨ ᠬᠤᠳᠤᠭ᠎ᠠ ᠪᠠᠬᠢ ᠶᠢᠨ ᠬᠤᠶᠠᠷ ᠬᠦᠪᠡᠭᠦᠨ ᠢᠨᠠᠯᠴᠢ ᠪᠠ  ᠲᠦᠷᠦᠯᠴᠢ ᠮᠦᠨ ᠭᠡᠵᠦ ᠦᠵᠡᠳᠡᠭ᠃ ᠪᠠᠰᠠ ᠨᠢᠭᠡ ᠨᠢ ︽ᠬᠠᠭᠠᠳ ᠤᠨ ᠦᠨᠳᠦᠰᠦᠨ ᠤ ᠡᠷᠳᠡᠨᠢ ᠶᠢᠨ ᠳᠣᠪᠴᠢ︾ ᠪᠣᠯᠤᠨ ᠯᠣᠪᠰᠠᠩᠳᠠᠨᠽᠠᠨ ᠤ ︽ᠠᠯᠲᠠᠨ ᠳᠣᠪᠴᠢ︾ ᠳᠠᠬᠢ ︽ᠲᠤᠸᠠ ᠰᠣᠬᠤᠷ ᠤᠨ ᠳᠦᠷᠪᠡᠨ ᠬᠦᠪᠡᠭᠦᠨ ᠳᠦᠷᠪᠡᠨ ᠣᠶᠢᠷᠠᠳ ᠢ ᠪᠦᠷᠢᠯᠳᠦᠭᠦᠯᠪᠡ︾ ᠭᠡᠰᠡᠨ ᠢ ᠦᠨᠳᠦᠰᠦᠯᠡᠨ ᠬᠤᠶᠢᠳ ᠠᠶᠢᠮᠠᠭ ᠪᠤᠯ ᠲᠤᠸᠠ ᠰᠣᠬᠤᠷ ᠤᠨ ᠭᠤᠷᠪᠠᠳᠤᠭᠠᠷ ᠬᠦᠪᠡᠭᠦᠨ ᠡᠮᠨᠢᠭ ᠤᠨ ᠬᠤᠶᠢᠴᠢᠰ ᠮᠦᠨ ᠭᠡᠵᠦ ᠪᠣᠢ᠃ ᠡᠭᠦᠨ ᠠᠴᠠ ᠭᠠᠳᠠᠨ᠎ᠠ ᠲᠣᠳᠤ ᠮᠣᠩᠭᠤᠯ ᠲᠡᠤᠬᠡ ᠶᠢᠨ ᠰᠣᠷᠪᠤᠯᠵᠢ ᠪᠢᠴᠢᠭ ᠤᠳ ᠲᠤ ᠬᠤᠶᠢᠳ ᠠᠶᠢᠮᠠᠭ ᠪᠣᠯ ᠮᠤᠩᠭᠤᠯ ᠠᠴᠠ ᠰᠠᠯᠵᠦ ᠭᠠᠷᠴᠦ ᠢᠷᠡᠭᠰᠡᠨ ᠴᠢᠩᠭᠢᠰ ᠬᠠᠭᠠᠨ ᠤ ᠬᠤᠶᠢᠴᠢ ᠦᠶ᠎ᠡ ᠪᠣᠯᠬᠤ ᠶᠠᠪᠠᠭᠠᠨ ᠮᠡᠷᠭᠡᠨ ᠤ ᠬᠤᠶᠢᠴᠢᠰ ᠭᠡᠳᠡᠭ ᠲᠡᠮᠳᠡᠭᠯᠡᠯ ᠴᠦ ᠪᠣᠢ᠃ ᠬᠤᠶᠢᠳ ᠣᠪᠤᠭ ᠤᠨ ᠳᠠᠭᠤᠳᠠᠯᠭ᠎ᠠ ᠪᠢᠴᠢᠯᠭᠡ ᠶᠢᠨ ᠬᠤᠪᠢᠷᠠᠯ ᠭᠡᠪᠡᠯ ᠬᠤᠶᠢᠳ ᠭᠡᠳᠡᠭ ᠦᠭᠡ ᠪᠣᠯ ᠵᠦᠭ ᠴᠢᠭ ᠤᠨ ᠢᠯᠭᠠᠯ ᠢ ᠵᠢᠭᠠᠭᠰᠠᠨ  ᠬᠤᠶᠢᠲᠦ ᠭᠡᠰᠡᠨ ᠦᠭᠡᠨ ᠤ ᠬᠤᠪᠢᠷᠠᠯ ᠮᠦᠨ ᠭᠡᠵᠦ ᠣᠯᠠᠩᠬᠢ ᠡᠷᠳᠡᠮᠳᠡᠨ ᠵᠦᠪᠰᠢᠶᠡᠷᠡᠵᠦ ᠪᠣᠢ᠃ ᠭᠡᠬᠦ ᠳᠤ ᠠᠳᠠᠯᠢ ᠪᠣᠰᠣ ᠲᠡᠣᠬᠡᠨ ᠴᠠᠭ ᠦᠶ᠎ᠡ᠂ ᠠᠳᠠᠯᠢ ᠪᠣᠰᠤ ᠪᠦᠰᠡ ᠨᠤᠲᠤᠭ ᠲᠤ ᠬᠤᠶᠢᠳ᠂ ᠬᠤᠶᠢᠳ ᠳᠤᠯᠤᠭᠠᠨ᠂ ᠬᠤᠶᠢᠳ ᠴᠦᠬᠦᠷᠦᠭ᠂ ᠶᠡᠭᠡ ᠬᠤᠶᠢᠳ᠂ ᠪᠠᠭ᠎ᠠ ᠬᠤᠶᠢᠳ᠂ ᠴᠠᠭᠠᠨ ᠮᠣᠷᠢᠲᠦ ᠶᠢᠨ  ᠬᠤᠶᠢᠳ ᠭᠡᠵᠦ ᠠᠳᠠᠯᠢ ᠪᠣᠰᠤ ᠳᠠᠭᠤᠳᠠᠬᠤ ᠠᠴᠠ ᠭᠠᠳᠠᠨ᠎ᠠ ᠵᠠᠷᠢᠮ ᠬᠦᠮᠦᠰ ᠬᠤᠶᠢᠳ ᠭᠡᠳᠡᠭ ᠦᠭᠡ ᠪᠣᠯ ᠮᠣᠩᠭᠤᠯ ᠤᠨ ᠡᠷᠲᠡᠨ ᠤ ᠦᠭᠡ ᠪᠣᠯᠬᠤ ᠣᠶᠢᠷᠠᠳ ᠬᠡᠯᠡᠯᠭᠡ ᠶᠢᠨ ᠬᠤᠨᠢ ᠶᠢ ᠬᠤᠢ ᠭᠡᠵᠦ ᠬᠡᠯᠡᠳᠡᠭ ᠦᠭᠡᠨ ᠤ ᠠᠷᠤ ᠳᠤ ᠣᠯᠠᠨ ᠲᠤᠭᠠᠨ ᠤ ᠳᠠᠭᠠᠪᠤᠷᠢ ᠵᠠᠯᠭᠠᠭᠠᠳ ᠬᠤᠶᠢᠳ ᠪᠣᠯᠤᠭᠰᠠᠨ ᠭᠡᠵᠦ ᠦᠵᠡᠳᠡᠭ ᠴᠦ ᠪᠣᠢ᠃ ᠤᠭᠰᠠᠭᠠᠲᠠᠨ ᠤ ᠡᠭᠦᠰᠦᠯ ᠭᠠᠷᠤᠯ ᠢᠵᠠᠭᠤᠷ ᠢ ᠬᠠᠶᠢᠬᠤ ᠪᠣᠯ ᠨᠡᠯᠦᠭᠡᠷ ᠶᠡᠭᠡ ᠮᠦᠷᠲᠡᠭᠡᠨ ᠬᠦᠨ ᠨᠠᠷᠢᠨ ᠰᠤᠳᠤᠯᠭᠠᠨ ᠤ ᠠᠵᠢᠯ ᠲᠤᠯᠠ ᠡᠭᠦᠨ ᠳᠤ ᠣᠷᠢᠶᠠᠯᠳᠤᠬᠤ ᠠᠷᠭ᠎ᠠ ᠦᠭᠡᠢ ᠶᠤᠮ᠃         ᠬᠤᠶᠢᠳ ᠠᠶᠢᠮᠠᠭ 12 ᠳ᠋ᠤᠭᠠᠷ ᠵᠠᠭᠤᠨ ᠤ ᠠᠳᠠᠭ᠂ 13 ᠳ᠋ᠤᠭᠠᠷ  ᠵᠠᠭᠤᠨ ᠤ ᠡᠬᠢᠨ ᠳᠠᠬᠢ ᠮᠤᠩᠭᠤᠯ ᠤᠨ ᠦᠨᠳᠦᠷᠯᠢᠭ ᠲᠠᠬᠢ ᠨᠡᠭᠦᠳᠡᠯᠴᠢᠨ ᠠᠶᠢᠮᠠᠭ ᠤᠳ ᠤᠨ ᠪᠠᠶᠢᠷᠢ ᠰᠠᠭᠤᠷᠢ ᠪᠣᠯᠢᠶᠠᠯᠳᠣᠭᠰᠠᠨ ᠲᠡᠮᠡᠴᠡᠭᠡᠨ ᠤ ᠳᠤᠮᠳᠠ ᠲᠡᠮᠦᠵᠢᠨ ᠤ ᠡᠰᠡᠷᠭᠦᠦ ᠪᠦᠯᠦᠭ ᠲᠤ ᠵᠣᠭᠰᠣᠵᠦ᠂ ᠲᠡᠮᠦᠵᠢᠨ ᠲᠠᠢ ᠡᠰᠡᠷᠭᠦᠴᠡᠯᠳᠦᠨ ᠲᠤᠯᠤᠯᠳᠤᠵᠤ ᠪᠠᠶᠢᠭᠰᠠᠨ ᠢᠶᠠᠨ 1207 ᠣᠨ ᠳᠤ ᠶᠡᠭᠡ ᠮᠣᠩᠭᠤᠯ  ᠬᠠᠭᠠᠨᠲᠦ ᠤᠯᠤᠰ ᠲᠤ ᠪᠠᠭᠤᠵᠦ ᠦᠭᠭᠦᠨ ᠳᠠᠭᠠᠵᠦ᠂ ᠬᠤᠵᠢᠮ ᠤᠨ ᠮᠣᠩᠭᠤᠯ ᠤᠨ ᠶᠡᠭᠡ  ᠨᠢᠭᠡᠳᠦᠯ ᠳᠤ ᠬᠦᠴᠦ ᠪᠠᠨ ᠡᠷᠭᠦᠵᠦ᠂ ᠭᠠᠪᠢᠶ᠎ᠠ ᠪᠠᠶᠢᠭᠤᠯᠤᠨ ᠵᠢᠳᠬᠦᠯ ᠦᠵᠡᠭᠦᠯᠵᠦ ᠶᠠᠪᠤᠭᠰᠠᠨ ᠲᠤᠯᠠ ᠬᠤᠵᠢᠮ ᠤᠨ ᠬᠤᠶᠢᠳ ᠠᠶᠢᠮᠠᠭ ᠤᠨ ᠢᠵᠠᠭᠤᠷᠲᠠᠨ ᠮᠣᠩᠭᠤᠯ ᠬᠠᠭᠠᠨᠲᠦ ᠣᠯᠣᠰ ᠤᠨ ᠦᠶ᠎ᠡ ᠳᠤ ᠦᠶ᠎ᠡ ᠳᠠᠷᠠᠭᠠᠯᠠᠨ ᠴᠢᠩᠭᠢᠰ ᠤᠨ ᠠᠯᠲᠠᠨ ᠣᠷᠤᠭ ᠤᠨ ᠬᠢᠨ ᠲᠠᠢ ᠬᠤᠳᠠ ᠤᠷᠤᠭ ᠤᠨ ᠬᠤᠯᠪᠤᠭ᠎ᠠ ᠪᠠᠶᠢᠭᠤᠯᠤᠨ  ᠣᠯᠤᠰ ᠲᠦᠷᠦ ᠶᠢᠨ ᠲᠠᠯ᠎ᠠ ᠪᠠᠷ ᠨᠡᠯᠢᠶᠡᠳ ᠡᠷᠬᠡᠰᠢᠶᠡᠬᠦ ᠬᠦᠴᠦᠨ ᠲᠠᠢ ᠪᠣᠯᠵᠦ᠂ ᠶᠡᠷᠦᠨᠢ ᠬᠦᠴᠦᠷᠬᠡᠭ ᠠᠶᠢᠮᠠᠭ ᠤᠨ ᠡᠩᠨᠡᠭᠡᠨ ᠳᠤ ᠪᠠᠭᠳᠠᠵᠦ᠂ ᠣᠶᠢᠷᠠᠳ ᠠᠶᠢᠮᠠᠭ ᠤᠨ ᠭᠤᠣᠯ ᠴᠣᠭᠴᠠ ᠪᠦᠷᠢᠯᠳᠦᠭᠦᠨ ᠨᠢ ᠪᠠᠶᠢᠭᠰᠠᠨ ᠪᠣᠯᠪᠠᠴᠦ ᠶᠤᠸᠠᠨ ᠤᠯᠤᠰ ᠤᠨ ᠡᠬᠢᠨ ᠤ ᠦᠶ᠎ᠡ ᠳᠤ ᠪᠣᠯᠤᠭᠰᠠᠨ ᠠᠷᠢᠠᠠᠪᠤᠬ᠎ᠠ ᠪᠣᠯᠤᠨ ᠬᠤᠪᠢᠯᠠᠢ ᠠᠬ᠎ᠠ ᠳᠡᠭᠦᠦ ᠬᠤᠶᠠᠷ ᠤᠨ ᠬᠠᠭᠠᠨ ᠰᠠᠭᠤᠷᠢᠨ  ᠪᠤᠯᠢᠶᠠᠯᠳᠤᠭᠰᠠᠨ ᠤᠯᠤᠰ ᠲᠦᠷᠦ ᠶᠢᠨ ᠲᠡᠮᠡᠴᠡᠯ ᠳᠤ ᠠᠷᠢᠠᠠᠪᠤᠬ᠎ᠠ ᠶᠢ ᠳᠡᠮᠵᠢᠭᠡᠳ ᠢᠯᠠᠭᠳᠠᠭᠰᠠᠨ ᠠᠴᠠ ᠬᠤᠵᠢᠮ ᠤᠨ ᠬᠠᠭᠠᠨ ᠬᠤᠪᠢᠯᠠᠢ ᠪᠠ ᠲᠡᠭᠦᠨ ᠤ ᠬᠤᠶᠢᠴᠢᠰ ᠲᠤ ᠢᠲᠡᠭᠡᠯ ᠬᠦᠨᠳᠦ ᠪᠠᠭᠤᠷᠠᠵᠦ ᠤᠯᠤᠰ ᠲᠦᠷᠦ ᠶᠢᠨ ᠳᠠᠪᠴᠠᠩ ᠠᠴᠠ ᠬᠤᠯᠠᠳᠬᠤ ᠶᠢ ᠳᠠᠭᠠᠯᠳᠤᠨ ᠬᠦᠴᠦᠨ ᠴᠢᠳᠠᠯ ᠨᠢ ᠤᠶᠠᠳᠠᠵᠦ᠂ ᠣᠶᠢᠷᠠᠳ ᠠᠶᠢᠮᠠᠭ ᠤᠨ ᠲᠣᠯᠤᠭᠠᠶᠢᠯᠠᠭᠴᠢ ᠶᠢᠨ ᠰᠠᠭᠤᠳᠠᠯ ᠴᠦ ᠴᠣᠷᠤᠰ ᠠᠶᠢᠮᠠᠭ ᠤᠨ ᠭᠠᠷ ᠲᠤ ᠰᠢᠯᠵᠢᠵᠦ 14 ᠳ᠋ᠤᠭᠡᠷ ᠵᠠᠭᠤᠨ ᠤ ᠰᠡᠭᠦᠯᠴᠢ ᠠᠴᠠ 18 ᠳ᠋ᠤᠭᠠᠷ ᠵᠠᠭᠤᠨ ᠤ ᠳᠡᠭᠡᠳᠦ ᠬᠠᠭᠠᠰ ᠦᠶ᠎ᠡ ᠬᠦᠷᠲᠡᠯᠡᠬᠢ ᠬᠤᠭᠤᠴᠠᠭᠠᠨ ᠳᠠᠬᠢ ᠮᠢᠩ ᠤᠯᠤᠰ ᠬᠢᠭᠡᠳ ᠬᠤᠶᠢᠲᠦ ᠶᠤᠸᠠᠨ ᠣᠯᠣᠰ ᠤᠨ ᠬᠤᠭᠤᠷᠤᠨᠳᠤᠬᠢ ᠲᠠᠶᠢᠨ ᠳᠠᠵᠢᠨ ᠪᠠ ᠵᠡᠭᠦᠨ ᠮᠣᠩᠭᠤᠯ ᠤᠨ ᠹᠸᠣᠳᠠᠯ ᠤᠨ ᠢᠵᠠᠭᠤᠷᠲᠠᠳ ᠪᠠ ᠣᠶᠢᠷᠠᠳ ᠤᠨ ᠲᠡᠮᠡᠴᠡᠭᠡᠨ ᠤ ᠳᠤᠮᠳᠠ᠂  ᠬᠤᠶᠢᠳ ᠠᠶᠢᠮᠠᠭ ᠳᠡᠮᠡᠢ ᠶᠡᠭᠡ ᠦᠢᠯᠡᠳᠦᠯ ᠦᠵᠡᠭᠦᠯᠵᠦ ᠴᠢᠳᠠᠭᠰᠠᠨ ᠦᠭᠡᠢ ᠶᠠᠪᠤᠭᠰᠠᠭᠠᠷ ᠮᠢᠩ  ᠤᠯᠤᠰ ᠤᠨ ᠰᠡᠭᠦᠯᠴᠢ᠂ ᠴᠢᠩ ᠤᠯᠤᠰ ᠤᠨ ᠡᠬᠢᠨ ᠦᠶ᠎ᠡ ᠪᠣᠯᠬᠤ ᠳᠤ ᠬᠦᠴᠦ ᠲᠠᠮᠢᠷ ᠨᠢ ᠤᠯᠠᠮ ᠮᠠᠭᠤᠲᠠᠵᠦ ᠪᠡᠶ᠎ᠡ ᠪᠠᠨ ᠳᠠᠭᠠᠭᠠᠬᠤ ᠴᠢᠳᠠᠪᠤᠷᠢ ᠨᠢ ᠰᠤᠯᠠᠷᠠᠵᠦ᠂ ᠵᠠᠷᠢᠮ ᠨᠢ ᠪᠣᠰᠤᠳ ᠤᠨ  ᠬᠠᠷᠢᠶᠠᠨ ᠳᠤ ᠪᠠᠭᠳᠠᠯᠴᠠᠵᠦ᠂ ᠵᠠᠷᠢᠮ ᠨᠢ ᠪᠣᠰᠤᠳ ᠤᠨ ᠬᠠᠪᠢᠷᠭᠠᠨ ᠳᠤ ᠪᠠᠷᠠᠳᠠᠵᠤ ᠪᠠᠶᠢᠭᠰᠠᠨ ᠦᠩᠭᠡᠷᠡᠯᠲᠡ ᠲᠠᠢ ᠪᠣᠯᠪᠠᠴᠦ ᠲᠡᠷᠡ ᠨᠢ ᠭᠤᠣᠯ ᠨᠡᠭᠦᠳᠡᠯᠯᠡᠨ ᠮᠠᠯᠵᠢᠬᠤ ᠣᠷᠤᠰᠢᠨ ᠨᠤᠲᠤᠭᠯᠠᠬᠤ ᠭᠠᠵᠠᠷ ᠨᠤᠲᠤᠭ ᠤᠨ ᠬᠤᠪᠢ ᠠᠴᠠ ᠢᠯᠡᠷᠡᠵᠦ ᠪᠠᠶᠢᠭᠰᠠᠨ ᠠᠴᠠ ᠪᠢᠰᠢ ᠤᠯᠤᠰ ᠲᠦᠷᠦ ᠶᠢᠨ ᠲᠠᠯ᠎ᠠ ᠪᠠᠷ  ᠬᠠᠰᠢᠯᠠ ᠣᠶᠢᠷᠠᠳ ᠤᠨ ᠨᠢᠭᠡᠨ ᠪᠦᠷᠢᠯᠳᠦᠭᠦᠨ ᠠᠶᠢᠮᠠᠭ ᠤᠨ ᠪᠠᠶᠢᠷᠢ ᠰᠠᠭᠤᠷᠢ ᠪᠠᠨ ᠠᠯᠳᠠᠭᠠᠳ ᠦᠭᠡᠢ  ᠣᠷᠤᠰᠢᠭᠰᠠᠭᠠᠷ ᠢᠷᠡᠭᠰᠡᠨ ᠪᠦᠭᠡᠳ 18 ᠳ᠋ᠤᠭᠠᠷ ᠵᠠᠭᠤᠨ ᠤ ᠲᠤᠮᠳᠠᠴᠢ ᠦᠶ᠎ᠡ ᠪᠠᠷ ᠬᠤᠶᠢᠳ ᠠᠶᠢᠮᠠᠭ ᠲᠤᠯᠤᠭᠠᠢ ᠦᠨᠳᠡᠶᠢᠵᠦ᠂ ᠬᠦᠮᠦᠨ ᠠᠮᠠ ᠣᠯᠠᠨ ᠲᠠᠢ ᠬᠦᠴᠦᠷᠭᠡᠭ ᠠᠶᠢᠮᠠᠭ ᠤᠨ ᠬᠤᠪᠢ ᠪᠠᠷ ᠣᠶᠢᠷᠠᠳ ᠤᠨ ᠭᠤᠣᠯ ᠪᠦᠷᠢᠯᠳᠦᠭᠦᠨ ᠤ ᠨᠢᠭᠡ ᠨᠢ ᠪᠣᠯᠵᠦ ᠣᠶᠢᠷᠠᠳ ᠮᠣᠩᠭᠤᠯ ᠤᠨ ᠲᠣᠲᠤᠭᠠᠳᠦ ᠳᠠᠭᠠᠨ ᠤᠯᠤᠰ ᠲᠦᠷᠦ ᠶᠢᠨ ᠲᠠᠪᠴᠠᠩ ᠳᠤ ᠦᠰᠦᠷᠦᠯᠳᠦᠨ ᠭᠠᠳᠠᠭᠠᠳᠤ ᠳᠠᠭᠠᠨ ᠮᠠᠨᠵᠦ ᠶᠢᠨ  ᠲᠦᠷᠢᠮᠡᠬᠡᠶᠢᠯᠡᠭᠴᠢᠳ ᠲᠠᠢ ᠰᠢᠭᠤᠷᠬᠠᠢ ᠡᠰᠡᠷᠭᠦᠴᠡᠯᠳᠦᠨ ᠲᠡᠮᠡᠴᠡᠯᠳᠦᠭᠰᠡᠨ ᠪᠢᠯᠡ᠃ ᠶᠡᠷᠦ ᠶᠢᠨ ᠦᠭᠡᠨ ᠳᠤ ︽ᠡᠩᠭᠡ ᠠᠮᠤᠭᠤᠯᠠᠩ ᠬᠠᠭᠠᠨ ᠤ ᠬᠠᠮᠤᠭ ᠤᠨ ᠦᠰᠢᠶ᠎ᠡ ᠲᠠᠢ ᠬᠦᠮᠦᠨ ᠪᠣᠯ ᠭᠠᠯᠳᠠᠨ ᠪᠣᠱᠤᠭᠲᠦ᠂ ᠲᠡᠭᠷᠢ ᠳᠡᠳᠭᠦᠭᠴᠢ ᠬᠠᠭᠠᠨ ᠤ ᠬᠠᠮᠤᠭ ᠤᠨ ᠬᠤᠷᠤᠰᠳᠠᠭ ᠬᠦᠮᠦᠨ ᠪᠣᠯ ᠠᠮᠤᠷᠰᠠᠨᠠᠭ᠎ᠠ︾  ᠭᠡᠳᠡᠭ ᠨᠢ ᠤᠴᠢᠷ ᠲᠠᠢ ᠦᠭᠡ ᠮᠦᠨ᠃           ᠮᠠᠨᠵᠦ ᠶᠢᠨ ᠬᠠᠭᠠᠳ ᠠᠷᠭᠠᠳᠠᠬᠤ᠂ ᠲᠠᠲᠠᠬᠤ᠂ ᠠᠶᠤᠯᠭᠠᠬᠤ ᠭᠤᠷᠪᠠ ᠪᠠᠷ ᠲᠠᠪᠤᠬᠠᠨ ᠵᠢᠯ ᠤᠨ ᠳᠤᠲᠣᠷ᠎ᠠ ᠵᠡᠭᠦᠨ ᠮᠤᠩᠭᠤᠯ ᠢ ᠳᠠᠭᠠᠭᠤᠯᠵᠦ᠂ ᠮᠣᠩᠭᠤᠯ ᠤᠨ ᠯᠢᠭᠳᠡᠨ ᠬᠠᠭᠠᠨ ᠢ ᠭᠠᠭᠴᠠ ᠰᠦᠷ ᠢᠶᠠᠷ ᠠᠶᠤᠯᠭᠠᠵᠦ᠂ ᠬᠠᠶᠢᠷᠠᠲᠠᠢ ᠬᠠᠲᠤᠨ᠂ ᠬᠠᠭᠠᠨ ᠵᠠᠯᠭᠠᠮᠵᠢᠯᠠᠬᠤ ᠬᠦᠪᠡᠭᠦᠨ ᠢᠶᠠᠨ ᠣᠷᠬᠢᠭᠠᠳ ᠲᠤᠲᠠᠭᠠᠯᠭᠠᠭᠰᠠᠨ᠃ ᠬᠤᠷᠢᠬᠠᠨ ᠵᠢᠯ ᠤᠨ ᠬᠤᠭᠤᠷᠤᠨᠳᠦ ᠦᠪᠦᠷ ᠮᠣᠩᠭᠤᠯ ᠤᠨ ᠬᠤᠷᠢᠨ ᠳᠦᠷᠪᠡᠨ ᠠᠶᠢᠮᠠᠭ ᠢ ᠭᠠᠷ ᠲᠠᠭᠠᠨ ᠣᠷᠤᠭᠤᠯᠵᠦ ᠶᠠᠮᠠᠷ ᠴᠦ ᠵᠡᠪᠰᠡᠭ ᠬᠦᠳᠡᠯᠭᠡᠭᠰᠡᠨ ᠦᠭᠡᠢ ᠣᠷᠠᠨ ᠦᠭᠡ  ᠣᠲᠤᠭ᠎ᠠ ᠵᠢᠩᠰᠡ ᠬᠤᠶᠡᠷ ᠢᠶᠠᠷ ᠠᠷᠤ ᠮᠣᠩᠭᠤᠯ ᠤᠨ ᠨᠠᠶᠠᠨ ᠵᠢᠷᠭᠤᠭᠠᠨ ᠬᠤᠰᠢᠭᠤ ᠶᠢ ᠬᠤᠷᠢᠶᠠᠮᠵᠢᠯᠠᠭᠰᠠᠨ ᠠᠲᠠᠯ᠎ᠠ ᠪᠠᠷᠠᠭᠤᠨ ᠮᠣᠩᠭᠤᠯ ᠬᠡᠮᠡᠬᠦ ᠣᠶᠢᠷᠠᠳ ᠨᠢ ᠬᠠᠷᠢᠨ ᠮᠠᠨᠵᠦ ᠲᠠᠢ ᠵᠠᠭᠤ ᠭᠠᠷᠤᠢ ᠵᠢᠯ ᠡᠰᠡᠷᠭᠦᠴᠡᠯᠳᠦᠨ ᠭᠤᠷᠪᠠᠨ ᠦᠶ᠎ᠡ ᠶᠢᠨ ᠬᠠᠭᠠᠨ ᠤ ᠰᠠᠨᠠᠭᠠᠨ ᠤ ᠡᠪᠡᠳᠴᠢᠨ ᠪᠣᠯᠵᠦ ᠬᠤᠶᠠᠷ ᠦᠶ᠎ᠡ ᠶᠢᠨ ᠬᠠᠭᠠᠨ ᠬᠡᠳᠦᠨ ᠤᠳᠠᠭ᠎ᠠ ᠪᠡᠶ᠎ᠡ ᠪᠠᠷ ᠶᠡᠭᠡ ᠴᠡᠷᠢᠭ ᠬᠦᠳᠡᠯᠭᠡᠨ ᠬᠡᠮᠵᠢᠶᠡᠯᠡᠰᠢ ᠦᠭᠡᠢ ᠦᠷᠡᠭᠳᠡᠯ ᠰᠦᠢᠳᠦᠯ ᠭᠠᠷᠭᠠᠨ ᠬᠠᠮᠤᠭ ᠤᠨ ᠰᠡᠭᠦᠯ ᠳᠤ ᠵᠡᠪᠰᠡᠭ ᠤᠨ ᠬᠦᠴᠦ ᠪᠠᠷ ᠯᠠ ᠰᠠᠶ᠋ᠢ ᠳᠠᠷᠤᠵᠦ ᠠᠪᠤᠭᠰᠠᠨ ᠶᠣᠮ᠃ ᠡᠨᠡ ᠶᠡᠭᠡ ᠬᠠᠷᠠᠰᠠᠯᠲᠤ ᠠᠯᠠᠯᠳᠤᠭᠠᠨ ᠳᠤ ᠬᠤᠶᠢᠳ ᠠᠶᠢᠮᠠᠭ ᠣᠶᠢᠷᠠᠳ ᠮᠣᠩᠭᠤᠯᠴᠤᠳ ᠲᠠᠢ ᠬᠠᠮᠲᠦ ᠪᠠᠷ ᠴᠣᠬᠤᠮ ᠵᠢᠩᠬᠢᠨᠢ ᠦᠨᠳᠦᠰᠦᠲᠡᠨ ᠤ ᠪᠠᠨ ᠡᠷᠬᠡ ᠮᠡᠳᠡᠯ ᠡᠬᠡ ᠣᠷᠤᠨ ᠤ ᠪᠠᠨ ᠡᠩᠭᠡ ᠲᠠᠶᠢᠪᠤᠩ ᠢᠶᠠᠨ ᠬᠠᠷᠠᠮᠨᠠᠵᠦ᠂ ᠬᠠᠯᠠᠭᠤᠨ ᠠᠮᠢ ᠪᠠᠨ ᠦᠷᠡᠭᠳᠡᠭᠦᠯᠦᠨ ᠪᠦᠯᠢᠶᠡᠨ ᠴᠢᠰᠣ ᠪᠠᠨ ᠠᠰᠬᠠᠷᠠᠭᠤᠯᠤᠨ ᠠᠶᠢᠮᠠᠭ ᠤᠭᠰᠠᠭ᠎ᠠ ᠪᠠᠨ ᠪᠠᠯᠠᠷᠠᠲᠠᠯ᠎ᠠ ᠪᠠᠨ ᠭᠠᠳᠠᠭᠠᠳᠦ ᠶᠢᠨ ᠲᠦᠷᠢᠮᠡᠬᠡᠶᠢᠯᠡᠭᠴᠢᠳ ᠲᠠᠢ ᠰᠢᠭᠤᠷᠬᠠᠢ ᠲᠡᠮᠡᠴᠡᠭᠰᠡᠨ ᠠᠷᠠᠳ ᠲᠦᠮᠡᠨ ᠤ ᠨᠢᠭᠡ ᠨᠢ ᠮᠦᠨ᠃ ᠭᠡᠬᠦ ᠳᠤ  ᠰᠡᠭᠦᠯ ᠤᠨ ᠦᠶ᠎ᠡ ᠳᠤ ᠬᠤᠶᠢᠳ ᠤᠨ ᠢᠵᠠᠭᠤᠷᠲᠠᠳ ᠡᠷᠬᠡ ᠵᠡᠷᠭᠡ ᠳᠤ ᠤᠯᠠᠶᠢᠰᠢᠷᠠᠵᠦ ᠲᠣᠲᠤᠭᠠᠳᠦ ᠶᠢᠨ ᠦᠷᠢᠰᠦᠯᠳᠦᠭᠡᠨ ᠲᠤᠮᠳᠠ ᠵᠦᠢ ᠪᠣᠰᠤ ᠶᠢᠨ ᠭᠡᠨᠡᠨ ᠭᠡᠮᠲᠦ ᠠᠷᠭ᠎ᠠ ᠠᠪᠴᠠᠯ ᠢ ᠬᠡᠷᠡᠭᠯᠡᠵᠦ᠂ ᠬᠤᠲᠠᠨ ᠳᠠᠭᠠᠨ ᠴᠢᠨ᠋ᠸ᠎ᠠ ᠬᠦᠲᠦᠯᠦᠨ ᠣᠷᠤᠭᠤᠯᠵᠦ᠂ ᠪᠠᠷᠠᠭᠤᠨ ᠮᠤᠩᠭᠤᠯ ᠤᠨ ᠰᠦᠢᠷᠡᠯ ᠢ ᠲᠦᠷᠭᠡᠳᠭᠡᠭᠰᠡᠨ ᠴᠢᠰᠤᠲᠦ ᠰᠤᠷᠭᠠᠮᠵᠢ ᠶᠢ ᠬᠡᠨ ᠬᠦᠮᠦᠨ ᠬᠡᠵᠢᠶ᠎ᠡ ᠴᠦ ᠭᠡᠰᠡᠨ ᠳᠠᠯᠳᠠᠯᠠᠵᠦ ᠪᠣᠯᠬᠤ ᠦᠭᠡᠢ ᠪᠢᠯᠡ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号