| | ᠴᠠᠭᠠᠲᠠᠢ ᠬᠠᠭᠠᠨᠲᠤ ᠤᠯᠤᠰ ᠪᠤᠯ ᠴᠢᠩᠭᠢᠰ ᠬᠠᠭᠠᠨ ᠤ ᠬᠤᠶᠠᠲᠤᠭᠠᠷ ᠬᠦᠪᠡᠭᠦᠨ ᠴᠠᠭᠠᠲᠠᠢ ᠦᠪᠡᠷ ᠤᠨ | ᠬᠤᠪᠢ ᠭᠠᠵᠠᠷ ᠢᠶᠠᠷ ᠰᠠᠭᠤᠷᠢᠯᠠᠵᠤ᠂ ᠲᠦᠪ ᠠᠽᠢᠶ᠎ᠠ ᠤᠷᠤᠨ ᠳᠤ ᠪᠠᠶᠢᠭᠤᠯᠤᠭᠰᠠᠨ ᠮᠤᠩᠭᠤᠯ ᠲᠦᠷᠦ ᠪᠤᠯᠤᠨ᠎ᠠ᠃ | ᠨᠡᠶᠢᠰᠯᠡᠯ ᠨᠢ ᠠᠯᠢᠮᠠᠯᠢᠭ ︵ᠤᠳᠤ ᠶᠢᠨ ᠰᠢᠨᠵᠢᠶᠠᠩ ᠤᠨ ᠡᠾᠦ᠋ᠸᠧ ᠴᠸᠡᠭ ᠰᠢᠶᠡᠨ ᠳᠤ ᠪᠤᠢ︶ ᠪᠤᠯᠤᠨ᠎ᠠ᠃ ᠨᠤᠲᠤᠭ | ᠲᠡᠪᠢᠰᠭᠡᠷ ᠨᠢ ᠬᠠᠮᠤᠭ ᠶᠡᠭᠡ ᠦᠶ᠎ᠡ ᠳᠡᠭᠡᠨ ᠵᠡᠭᠦᠨ ᠬᠢᠯᠢ ᠨᠢ ᠲᠦᠷᠫᠠᠨ᠂ ᠯᠤᠪ ᠨᠠᠭᠤᠷ᠂ ᠪᠠᠷᠠᠭᠤᠨ ᠬᠢᠵᠠᠭᠠᠷ ᠨᠢ | ᠠᠮᠦ ᠮᠦᠷᠡᠨ᠂ ᠬᠤᠶᠢᠲᠤ ᠵᠠᠬ᠎ᠠ ᠨᠢ ᠲᠠᠷᠪᠠᠭᠠᠲᠠᠢ᠂ ᠡᠮᠦᠨ᠎ᠡ ᠲᠠᠯ᠎ᠠ ᠨᠢ ᠡᠾᠢᠩᠲᠦᠬᠦᠰ ᠠᠭᠤᠯᠠ ᠶᠢ ᠲᠠᠪᠠᠵᠤ ᠪᠠᠶᠢᠵᠠᠢ | ᠃ ᠴᠠᠭᠠᠲᠠᠢ ᠬᠠᠭᠠᠨᠲᠤ ᠤᠯᠤᠰ ᠨᠢ ᠰᠤᠶᠤᠯ ᠦᠨᠲᠦᠷ᠂ ᠪᠡᠶᠡᠨ ᠴᠢᠨᠡᠭᠡᠯᠢᠭ ᠰᠠᠷᠲᠠᠭᠤᠯ ᠤᠷᠤᠨ ᠢ ᠨᠤᠶᠠᠷᠬᠠᠵᠤ | ᠪᠠᠶᠢᠭᠰᠠᠨ ᠪᠤᠯᠬᠤᠷ ᠨᠢᠭᠡᠨ ᠦᠶ᠎ᠡ ᠭᠠᠶᠢᠬᠠᠮᠰᠢᠭᠲᠠᠢ ᠬᠦᠴᠦᠷᠭᠡᠭᠵᠢᠭᠰᠡᠨ ᠤᠯᠤᠰ ᠪᠠᠶᠢᠭᠰᠠᠨ᠃ ᠭᠡᠪᠡᠴᠦ ᠴᠠᠭᠠᠲᠠᠢ | ᠨᠠᠰᠤ ᠪᠠᠷᠠᠭᠰᠠᠨ ᠤ ᠲᠠᠷᠠᠭ᠎ᠠ ᠲᠤᠲᠤᠭᠠᠲᠤ ᠳᠠᠭᠠᠨ ᠡᠷᠬᠡ ᠪᠤᠯᠢᠶᠠᠯᠲᠤᠬᠤ ᠲᠡᠮᠡᠴᠡᠯ ᠶᠠᠪᠤᠬᠤ ᠲᠤᠲᠤᠮ ᠰᠢᠷᠦᠭᠦᠰᠴᠤ᠂ | ᠭᠠᠲᠠᠭᠠᠲᠤ ᠳᠠᠭᠠᠨ ᠤᠤᠯᠭᠠᠯᠠᠬᠤ ᠪᠤᠲᠤᠯᠭ᠎ᠠ ᠠᠪᠴᠤ᠂ ᠢᠯ ᠬᠠᠭᠠᠨᠲᠤ ᠤᠯᠤᠰ ᠲᠠᠢ ᠲᠠᠶᠢᠲᠤᠵᠤ᠂ ᠦᠭᠡᠲᠡᠢ | ᠬᠠᠭᠠᠨᠲᠤ ᠤᠯᠤᠰ ᠢ ᠵᠠᠯᠬᠢᠵᠤ᠂ ᠶᠡᠭᠡ ᠶᠤᠸᠠᠨ ᠤᠯᠤᠰ ᠤᠨ ᠬᠢᠯᠢ ᠶᠢ ᠲᠠᠶᠢᠰᠤᠩᠨᠠᠵᠤ᠂ ᠮᠤᠩᠭᠤᠯ ᠬᠠᠭᠠᠨᠲᠤ | ᠤᠯᠤᠰ ᠤᠨ ᠨᠢᠭᠡᠲᠤᠮᠡᠯ ᠴᠤᠭᠴᠠ ᠶᠢ ᠬᠤᠬᠢᠷᠠᠭᠤᠯᠤᠭᠰᠠᠨ ᠪᠠᠶᠢᠪᠠ᠃ 1370 ᠤᠨ ᠳᠤ ᠴᠠᠭᠠᠲᠠᠢ ᠬᠠᠭᠠᠨᠲᠤ | ᠤᠯᠤᠰ ᠨᠢ ︽ᠲᠡᠮᠦᠷ ᠬᠠᠭᠠᠨᠲᠤ ᠤᠯᠤᠰ︾ ᠢᠶᠠᠷ ᠤᠷᠤᠯᠠᠭᠲᠠᠪᠠ᠃ ᠴᠠᠭᠠᠲᠠᠢ ᠬᠠᠭᠠᠨᠲᠤ ᠤᠯᠤᠰ 120 ᠵᠢᠯ | ᠲᠤᠭᠲᠠᠨᠢᠵᠤ᠂ 35 ᠦᠶ᠎ᠡ ᠶᠢᠨ ᠬᠠᠨ ᠢ ᠦᠡᠭᠭᠡᠷᠡᠭᠡᠪᠡ᠃ ᠴᠠᠭᠠᠲᠠᠢ ᠬᠠᠨ ᠬᠢᠶᠠᠨ ᠠᠶᠢᠮᠠᠭ ᠤᠨ ᠪᠤᠷᠵᠢᠬᠢᠨ | ᠤᠪᠤᠭᠲᠠᠨ᠃ ᠮᠤᠩᠭᠤᠯ ᠤᠨ ᠡᠵᠡᠨᠲᠤ ᠤᠯᠤᠰ ᠤᠨ ᠪᠦᠷᠢᠯᠲᠦᠭᠦᠨ ᠳᠤ ᠪᠠᠭᠲᠠᠵᠤ ᠪᠠᠶᠢᠭᠰᠠᠨ ᠴᠠᠭᠠᠲᠠᠢ ᠤᠯᠤᠰ ᠤᠨ | ᠡᠵᠡᠨ᠂ ᠴᠢᠩᠭᠢᠰ ᠬᠠᠭᠠᠨ ᠤ ᠬᠤᠶᠠᠲᠤᠭᠠᠷ ᠬᠦᠦ᠃ 1227 — 1242 ᠪᠤᠯᠲᠠᠯ᠎ᠠ ᠲᠦᠷᠦ ᠪᠠᠷᠢᠵᠤ ᠪᠠᠶᠢᠪᠠ᠃ | ᠲᠡᠷᠡ ᠬᠠᠭᠠᠨ ᠡᠴᠢᠭᠡ ᠪᠠᠨ ᠲᠠᠭᠠᠵᠤ ᠬᠢᠲᠠᠳ᠂ ᠬᠤᠷᠽᠠᠮ ᠤᠯᠤᠰ ᠢ ᠲᠠᠭᠠᠭᠤᠯᠬᠤ ᠠᠶᠠᠨ ᠲᠠᠶᠢᠨ ᠳᠤ | ᠤᠷᠤᠯᠴᠠᠵᠠᠢ᠃ ᠴᠢᠩᠭᠢᠰ ᠬᠠᠭᠠᠨ 1224 ᠤᠨ ᠳᠤ ᠲᠦᠷᠪᠡᠨ ᠬᠦᠪᠡᠭᠦᠨ ᠳᠡᠭᠡᠨ ᠡᠵᠡᠯᠡᠭᠰᠡᠨ ᠭᠠᠵᠠᠷ | ᠤᠷᠤᠨ ᠢᠶᠠᠨ ᠬᠤᠪᠢᠶᠠᠬᠤ ᠳᠠᠭᠠᠨ ᠴᠠᠭᠠᠲᠠᠢ ᠬᠦᠦ ᠳᠡᠭᠡᠨ ᠲᠤᠮᠲᠠᠲᠤ ᠠᠽᠢᠶ᠎ᠠ ᠶᠢᠨ ᠦᠷᠭᠡᠨ ᠠᠭᠤᠲᠠᠮ ᠨᠤᠲᠤᠭ ᠢ | ᠡᠵᠡᠮᠰᠢᠯ ᠪᠤᠯᠭᠠᠨ ᠦᠭᠴᠠᠢ᠃ ᠴᠠᠭᠠᠲᠠᠢ ᠶᠢᠨ ᠤᠷᠲᠤᠨ ᠢᠯᠢ ᠶᠢᠨ ᠬᠦᠨᠲᠠᠢ ᠳᠤ ᠪᠠᠶᠢᠭᠰᠠᠨ ᠪᠤᠯᠪᠠᠴᠤ ᠲᠡᠷᠡ | ᠦᠪᠡᠷ ᠢᠶᠠᠨ ᠶᠡᠬᠡᠪᠴᠢᠯᠡᠨ ᠦᠭᠡᠲᠡᠢ ᠬᠠᠭᠠᠨ ᠤ ᠤᠷᠲᠤᠨ ᠳᠤ ᠰᠠᠭᠤᠲᠠᠭ ᠪᠠᠶᠢᠪᠠ᠃ ᠴᠠᠭᠠᠲᠠᠢ ᠬᠠᠨ ︽ | ᠴᠢᠩᠭᠢᠰ ᠤᠨ ᠶᠡᠭᠡ ᠵᠠᠰᠠᠭ︾ ᠢ ᠤᠯᠤᠰ ᠤᠨ ᠢᠶᠠᠨ ᠲᠤᠲᠤᠷ᠎ᠠ ᠴᠢᠩᠲᠠᠯᠠᠨ ᠶᠠᠪᠤᠭᠤᠯᠵᠤ ᠪᠠᠶᠢᠭᠰᠠᠨ ᠢᠶᠠᠷ ᠢᠶᠠᠨ ᠨᠡᠷ᠎ᠡ | ᠭᠠᠷᠴᠠᠢ᠃ ᠴᠠᠭᠠᠲᠠᠢ ᠬᠠᠨ ᠮᠤᠩᠭᠤᠯ ᠬᠠᠤᠯᠢ᠂ ᠶᠤᠰᠤ ᠵᠠᠩᠰᠢᠯ ᠢᠶᠠᠨ ᠲᠡᠭᠡᠲᠦᠯᠡᠨ᠂ ᠯᠠᠯᠤ ᠶᠢᠨ ᠱᠠᠰᠢᠨ ᠤ ᠵᠠᠷᠢᠮ | ᠭᠠᠵᠢᠭᠤ ᠶᠢ ᠬᠠᠲᠠᠭᠤ ᠴᠢᠩᠭ᠎ᠠ ᠬᠤᠷᠢᠭᠯᠠᠵᠤ ᠪᠠᠶᠢᠪᠠ᠃ ᠪᠠᠰᠠ ᠵᠠᠮ ᠵᠠᠰᠠᠬᠤ᠂ ᠬᠦᠭᠦᠷᠭᠡ ᠲᠠᠯᠪᠢᠬᠤ ᠶᠢ ᠶᠡᠬᠡᠲᠡ | ᠠᠩᠬᠠᠷᠴᠤ᠂ ᠠᠷᠠᠳ ᠤᠨ ᠠᠮᠢᠲᠤᠷᠠᠯ ᠢ ᠲᠡᠭᠡᠭᠰᠢᠯᠡᠭᠦᠯᠵᠤ ᠪᠠᠶᠢᠪᠠ᠃ | | |