| ᠬᠤᠷᠴᠢᠨ ᠠᠶᠢᠮᠠᠭ ᠵᠦᠷᠴᠢᠨ ᠲᠠᠢ ᠬᠥᠷᠰᠢ ᠵᠡᠷᠭᠡᠯᠡᠳᠡᠭᠡ ᠲᠤᠯᠠ ᠨᠤᠷᠬᠠᠴᠢ ᠶᠢᠨ ᠥᠷᠭᠡᠳᠭᠡᠯ ᠢ ᠬᠠᠮᠤᠭ | ᠤᠷᠢᠳ ᠢᠶᠠᠷ ᠡᠰᠡᠷᠭᠦᠴᠡᠵᠦ 1593 ᠣᠨ ᠳᠤ ᠨᠤᠷᠬᠠᠴᠢ ᠶᠢ ᠳᠠᠶᠢᠯᠠᠭᠰᠠᠨ ᠪᠣᠯᠪᠠᠴᠤ ᠭᠡᠳᠡᠷᠬᠦ ᠪᠠᠨ ᠢᠯᠠᠭᠳᠠᠭᠰᠠᠨ | ᠪᠠᠶᠢᠨ᠎ᠠ᠃ ᠡᠭᠦᠨ ᠳᠤ ᠨᠤᠷᠬᠠᠴᠢ ᠢᠯᠠᠯᠲᠠ ᠶᠢᠨ ᠡᠷᠴᠢᠨ ᠳᠡᠭᠡᠷ᠎ᠡ ᠬᠤᠷᠴᠢᠨ ᠠᠶᠢᠮᠠᠭ ᠢ ᠴᠢᠨᠠᠭᠰᠢᠳᠠ | ᠰᠢᠬᠠᠮᠳᠠᠭᠤᠯᠤᠨ ᠰᠦᠷᠳᠡᠭᠦᠯᠦᠭᠰᠡᠨ ᠦᠭᠡᠢ᠂ ᠬᠠᠷᠢᠨ ᠳᠠᠶᠢᠨ ᠤ ᠢᠯᠠᠯᠲᠠ ᠪᠠᠷ ᠢᠶᠠᠨ ᠬᠤᠯᠪᠣᠭᠠᠯᠠᠬᠤ ᠤᠷᠢᠳᠠᠯ | ᠪᠣᠯᠭᠠᠨ ᠬᠤᠷᠴᠢᠨ ᠠᠶᠢᠮᠠᠭ ᠢ ᠪᠡᠶ᠎ᠡ ᠳᠡᠭᠡᠨ ᠲᠠᠲᠠᠵᠤ ᠮᠣᠩᠭᠤᠯ ᠢ ᠵᠠᠳᠠᠷᠠᠭᠤᠯᠠᠬᠤ ᠪᠠᠷ ᠤᠷᠤᠯᠳᠤᠵᠤ᠂ ᠮᠣᠩᠭᠤᠯ | ᠣᠯᠵᠠᠯᠠᠭᠳᠠᠭᠰᠠᠳ ᠲᠤ ᠬᠤᠪᠴᠠᠰᠤ ᠬᠤᠨᠠᠷ ᠬᠤᠪᠢᠶᠠᠨ ᠦᠭᠴᠦ ᠬᠤᠷᠳᠤᠨ ᠠᠭᠲᠠ ᠤᠨᠤᠭᠤᠯᠤᠨ ᠭᠡᠷ ᠲᠤ ᠨᠢ | ᠪᠣᠴᠠᠭᠠᠭᠰᠠᠨ ᠳᠤ ᠬᠤᠷᠴᠢᠨ ᠠᠶᠢᠮᠠᠭ ᠦᠨᠡᠭᠡᠷ ᠡᠯᠴᠢ ᠲᠣᠮᠢᠯᠠᠨ ᠪᠡᠯᠡᠭ ᠬᠦᠷᠭᠡᠨ ᠢᠷᠡᠭᠦᠯᠦᠭᠡᠳ ᠬᠤᠶᠢᠲᠦ ᠠᠯᠲᠠᠨ | ᠤᠯᠤᠰ ᠲᠠᠢ ᠨᠦᠬᠦᠷᠰᠡᠭ ᠬᠠᠷᠢᠴᠠᠭ᠎ᠠ ᠪᠠᠶᠢᠭᠤᠯᠪᠠ᠃ ᠨᠤᠷᠬᠠᠴᠢ ᠪᠠᠰᠠ ᠤᠷᠤᠭ ᠰᠠᠳᠤᠨ ᠤ ᠬᠠᠷᠢᠴᠠᠭ᠎ᠠ ᠪᠠᠶᠢᠭᠤᠯᠬᠤ | ᠠᠷᠭ᠎ᠠ ᠪᠠᠷ ᠬᠤᠷᠴᠢᠨ ᠤ ᠲᠠᠶᠢᠵᠢ ᠨᠠᠷ ᠢ ᠪᠡᠶ᠎ᠡ ᠳᠡᠭᠡᠨ ᠲᠠᠲᠠᠪᠠ᠃ ᠨᠣᠷᠬᠠᠴᠢ ᠶᠢᠨ ᠡᠯ᠎ᠡ ᠵᠦᠢᠯ ᠤᠨ | ᠵᠠᠪᠰᠠᠷᠳᠠᠭᠤᠯᠭᠠ ᠳᠣᠣᠷ᠎ᠡ ᠬᠤᠷᠴᠢᠨ᠂ ᠵᠠᠷᠤᠳ᠂ ᠪᠠᠭᠠᠷᠢᠨ ᠵᠡᠷᠭᠡ ᠮᠣᠩᠭᠤᠯ ᠤᠨ ᠠᠶᠢᠮᠠᠭ ᠤᠳ ᠬᠤᠶᠢᠨ᠎ᠠ | ᠬᠤᠶᠢᠨ᠎ᠠ ᠠᠴᠠ ᠪᠠᠨ ᠯᠢᠭᠳᠡᠨ ᠬᠠᠭᠠᠨ ᠠᠴᠠ ᠤᠷᠪᠠᠵᠤ ᠬᠤᠶᠢᠲᠦ ᠠᠯᠲᠠᠨ ᠤᠯᠤᠰ ᠲᠤ ᠪᠠᠭᠤᠵᠦ ᠦᠭᠪᠡ᠃ ᠯᠢᠭᠳᠡᠨ | ᠬᠠᠭᠠᠨ ᠤᠷᠪᠠᠭᠰᠠᠳ ᠢ ᠳᠠᠶᠢᠯᠠᠬᠤ ᠪᠠᠷ 1625 ᠣᠨ ᠳᠤ ᠬᠤᠷᠴᠢᠨ ᠳᠤ ᠴᠡᠷᠢᠭ ᠬᠦᠳᠡᠯᠭᠡᠭᠰᠡᠨ ᠪᠣᠯᠪᠠᠴᠦ | ᠬᠤᠷᠴᠢᠨ ᠤ ᠲᠦᠷᠦᠭᠦᠦ ᠦᠩᠭᠡᠳᠡᠢ ᠶᠢᠨ ᠬᠦᠪᠡᠭᠦᠨ ᠣᠣᠪᠠ ᠬᠤᠶᠢᠲᠤ ᠠᠯᠲᠠᠨ ᠤᠯᠤᠰ ᠲᠠᠢ ᠬᠤᠯᠪᠣᠭᠠᠯᠠᠨ | ᠤᠭᠲᠤᠨ ᠪᠠᠶᠢᠯᠳᠤᠭᠰᠠᠨ ᠳᠤ ᠯᠢᠭᠳᠡᠨ ᠬᠠᠭᠠᠨ ᠢᠯᠠᠭᠳᠠᠵᠠᠢ᠃ 1632 ᠣᠨ ᠳᠤ ᠨᠤᠷᠬᠠᠴᠢ ᠶᠢᠨ ᠬᠦᠪᠡᠭᠦᠨ ᠬᠤᠩ | ᠲᠠᠶᠢᠵᠢ ᠮᠠᠨᠵᠤ ᠳᠤ ᠪᠠᠭᠤᠨ ᠦᠭᠭᠦᠭᠰᠡᠨ ᠮᠣᠩᠭᠤᠯ ᠠᠶᠢᠮᠠᠭ ᠤᠳ ᠤᠨ 10 ᠲᠦᠮᠡᠨ ᠶᠡᠭᠡ ᠴᠡᠷᠢᠭ ᠢ | ᠴᠤᠭᠯᠠᠭᠤᠯᠤᠨ ᠯᠢᠭᠳᠡᠨ ᠬᠠᠭᠠᠨ ᠢ ᠲᠤᠪᠲᠤᠯᠤᠭᠰᠠᠨ ᠳᠤ ᠯᠢᠭᠳᠡᠨ ᠬᠠᠭᠠᠨ ᠡᠰᠡᠷᠭᠦᠴᠡᠨ ᠡᠰᠡ ᠴᠢᠳᠠᠨ ᠪᠠᠷᠠᠭᠤᠨᠰᠢ | ᠠᠶᠠᠯᠠᠵᠤ᠂ 1634 ᠣᠨ ᠤ ᠵᠣᠨ ᠨᠠᠰᠤ ᠪᠠᠷᠠᠵᠤ ᠮᠣᠩᠭᠤᠯ ᠤᠨ ᠶᠤᠸᠠᠨ ᠤᠯᠤᠰ ᠵᠢᠩᠬᠢᠨᠢ ᠪᠠᠷ ᠡᠴᠤᠰᠯᠡᠪᠠ᠃ | 1636 ᠣᠨ ᠳᠤ ᠦᠪᠦᠷ ᠮᠣᠩᠭᠤᠯ ᠤᠨ ᠡᠯ᠎ᠡ ᠠᠶᠢᠮᠠᠭ ᠮᠠᠨᠵᠦ ᠬᠠᠭᠠᠨ ᠤ ᠡᠵᠡᠮᠰᠢᠯ ᠲᠤ ᠣᠷᠣᠵᠣ᠂ ᠬᠤᠶᠢᠲᠤ | ᠠᠯᠲᠠᠨ ᠤᠯᠤᠰ ᠨᠢ ᠤᠯᠤᠰ ᠤᠨ ᠨᠡᠷ᠎ᠡ ᠪᠠᠨ ᠴᠢᠩ ᠤᠯᠤᠰ ᠬᠡᠮᠡᠨ ᠬᠠᠯᠠᠪᠠ᠃ 1691 ᠣᠨ ᠳᠤ ᠬᠠᠯᠠᠬ᠎ᠠ | ᠮᠣᠩᠭᠤᠯ ᠴᠢᠩ ᠤᠯᠤᠰ ᠤᠨ ᠪᠦᠷᠢᠯᠳᠦᠭᠦᠨ ᠪᠣᠯᠪᠠ᠃ 1757 ᠣᠨ ᠳᠤ ᠤᠶᠢᠷᠠᠳ ᠮᠣᠩᠭᠤᠯ ᠤᠨ ᠵᠦᠩᠭᠠᠷ | ᠬᠠᠭᠠᠨᠲᠦ ᠤᠯᠤᠰ ᠮᠦᠬᠦᠪᠡ᠂ ᠤᠶᠢᠷᠠᠳ ᠤᠳ 60 ᠲᠦᠮᠡᠨ ᠬᠦᠮᠦᠨ ᠠᠮᠠ ᠲᠠᠢ ᠪᠠᠶᠢᠭᠰᠠᠨ ᠠᠴᠠ ᠪᠠᠨ 19 | ᠲᠦᠮᠡᠨ ᠬᠦᠮᠦᠨ ᠠᠮᠠ ᠲᠠᠢ ᠪᠣᠯᠣᠨ ᠬᠤᠷᠤᠭᠳᠠᠵᠤ ︵ᠳᠤᠮᠳᠠᠳᠤ ᠢᠷᠭᠡᠨ ᠤᠯᠤᠰ ᠤᠨ ᠡᠬᠢᠨ ᠪᠣᠯᠬᠤ ᠳᠤ | ᠰᠢᠨᠵᠢᠶᠠᠩ ᠬᠦᠬᠡᠨᠠᠭᠤᠷ ᠤᠨ ᠮᠣᠩᠭᠤᠯᠴᠣᠳ ᠨᠡᠶᠢᠯᠡᠭᠡᠳ ᠰᠠᠶ᠋ᠢ 10 ᠲᠦᠮᠡ ᠲᠡᠳᠦᠢ ᠪᠣᠯᠪᠠ︶ ᠮᠣᠩᠭᠤᠯ ᠤᠨ | ᠦᠨᠳᠦᠷᠯᠢᠭ ᠤᠨ ᠪᠦᠬᠦ ᠮᠣᠩᠭᠤᠯᠴᠤᠳ ᠴᠢᠩ ᠤᠯᠤᠰ ᠲᠤ ᠡᠷᠬᠡᠰᠢᠶᠡᠭᠳᠡᠪᠡ᠃ | | |