ᠡᡁᠦ᠋ᠩᠨᠥ ᠬᠠᠭᠠᠨᠳᠤ ᠤᠯᠤᠰ ᠤᠨ ᠨᠤᠳᠤᠭ ᠳᠡᠪᠢᠰᠭᠡᠷ
ᠨᠡᠶᠢᠲᠡᠯᠡᠭᠰᠡᠨ ᠴᠠᠭ᠄
2019/12/3
ᠡᡁᠦ᠋ᠩᠨᠥ ᠪᠤᠯ ᠮᠤᠩᠭᠤᠯ ᠤᠨ ᠦᠨᠳᠦᠷᠯᠢᠭ ᠲᠤ ᠠᠩᠬᠠᠨ ᠤ ᠬᠠᠭᠠᠨᠳᠤ ᠤᠯᠤᠰ ᠢ ᠪᠠᠶᠢᠭᠤᠯᠤᠭᠰᠠᠨ ᠮᠤᠩᠭᠤᠯ ᠬᠡᠯᠡᠳᠤ ᠨᠡᠬᠦᠳᠡᠯᠴᠢᠨ ᠦᠨᠳᠤᠰᠤᠳᠡᠨ ᠶᠤᠮ᠃ ᠡᡁᠦ᠋ᠩᠨᠥ ᠬᠠᠭᠠᠨᠳᠤ ᠤᠯᠤᠰ ᠺᠠᠽᠠᠭᠰᠲ᠋ᠠᠨ ᠠᠴᠠ ᠬᠠᠷᠠᠮᠦ᠋ᠷᠠᠨ ᠬᠦᠷᠳᠡᠯᠡᠬᠢ ᠦᠷᠭᠡᠨ ᠠᠭᠤᠳᠠᠮ ᠨᠤᠳᠤᠭ ᠲᠡᠪᠢᠰᠭᠡᠷ ᠢ ᠨᠢᠭᠡᠳᠭᠡᠵᠤ᠂ ᠮᠤᠩᠭᠤᠯ ᠤᠨ ᠦᠨᠳᠦᠷᠯᠢᠭ ᠲᠤ ᠲᠠᠩ ᠭᠠᠭᠴᠠ ᠰᠤᠶᠤᠯ ᠪᠦᠷᠢᠯᠳᠤᠨ ᠲᠤᠭᠳᠠᠬᠤ ᠶᠢ ᠠᠬᠢᠭᠤᠯᠤᠭᠰᠠᠨ ᠢᠶᠠᠷ ᠪᠠᠷᠠᠬᠤ ᠦᠭᠡᠢ᠂ ᠮᠤᠩᠭᠤᠯ ᠤᠨ ᠦᠨᠳᠦᠷᠯᠢᠭ ᠤᠨ ᠨᠡᠬᠦᠳᠡᠯᠴᠢᠨ ᠠᠷᠠᠳ ᠲᠦᠮᠡᠨ ᠢ ᠠᠽᠢᠶ᠎ᠠ ᠡᠸᠦ᠋ᠷᠥᠫᠠ ᠶᠢ ᠰᠤᠨᠳᠠᠯᠠᠭᠰᠠᠨ ᠤᠯᠤᠰ ᠲᠦᠷᠥ ᠶᠢᠨ ᠲᠤᠭᠳᠠᠯᠴᠠᠭ᠎ᠠ ᠶᠢᠨ ︽ᠠᠶᠤᠮᠰᠢᠭᠳᠤ ᠬᠦᠴᠤᠨ︾ ᠪᠤᠯᠭᠠᠨ ᠪᠡᠯᠡᠳᠭᠡᠵᠤ᠂ ᠡᠬᠦᠨ ᠤ ᠤᠯᠠᠮ ᠢᠶᠠᠷ ᠠᠽᠢᠶ᠎ᠠ ᠡᠸᠦ᠋ᠷᠤᠫᠠ ᠶᠢᠨ ᠲᠠᠯ᠎ᠠ ᠨᠤᠳᠤᠭ ᠨᠢ ᠡᠨᠡᠬᠦ ᠰᠦᠷ ᠬᠦᠴᠤᠨ ᠤ ᠠᠤᠭ᠎ᠠ ᠶᠡᠭᠡ ᠨᠦᠯᠤᠭᠡ ᠠᠴᠠ ᠮᠤᠯᠳᠤᠷᠠᠵᠤ ᠶᠡᠷᠥ ᠴᠢᠳᠠᠭᠰᠠᠨ ᠦᠭᠡᠢ᠃ ᠡᡁᠦ᠋ᠩᠨᠥ ᠬᠠᠭᠠᠨᠳᠤ ᠤᠯᠤᠰ ᠨᠢ ᠨᠡᠬᠦᠳᠡᠯᠴᠢᠨ ᠦᠨᠳᠤᠰᠤᠳᠡᠨ ᠤ ᠤᠯᠠᠮᠵᠢᠯᠠᠯ ᠢ ᠲᠤᠭᠳᠠᠭᠠᠭᠰᠠᠨ ᠪᠠ ᠡ᠊ᠨᠡ ᠨᠢ ᠴᠢᠨ ᠬᠠᠭᠠᠨᠳᠤ ᠤᠯᠤᠰ ᠬᠢᠳᠠᠳ ᠦᠨᠳᠤᠰᠤᠳᠡᠨ ᠤ ᠤᠯᠠᠮᠵᠢᠯᠠᠯ ᠢ ᠲᠤᠭᠳᠠᠭᠠᠭᠰᠠᠨ ᠲᠠᠢ ᠠᠳᠠᠯᠢ᠂ ᠭᠷᠧᠭ — ᠷᠤᠮᠠ ᠨᠢ ᠦᠷᠤᠨᠡᠳᠡᠬᠢᠨ ᠤ ᠰᠤᠶᠤᠯ ᠢᠷᠭᠡᠨᠰᠢᠯ ᠤᠨ ᠤᠯᠠᠮᠵᠢᠯᠠᠯ ᠢ ᠲᠤᠭᠳᠠᠭᠠᠭᠰᠠᠨ ᠯᠤᠭ᠎ᠠ ᠠᠳᠠᠯᠢ ᠶᠤᠮ᠃ ᠮᠤᠩᠭᠤᠯ ᠤᠯᠤᠰ ᠤᠨ ᠤᠯᠠᠭᠠᠨᠪᠠᠭᠠᠳᠤᠷ ᠬᠤᠳᠠ ᠠᠴᠠ ᠤᠮᠠᠷᠠᠰᠢ 100 ᠺᠢᠯᠤᠮᠧᠲᠷ ᠵᠠᠶᠢᠳᠠᠢ ᠪᠠᠶᠢᠭ᠎ᠠ ᠨᠤᠶᠠᠨ ᠠᠭᠤᠯᠠ ᠡ᠊ ᡁᠦᠩᠨᠥ ᠶᠢᠨ ᠪᠤᠯᠠᠰᠢ ᠶᠢᠨ ᠰᠦᠷᠥᠭᠵᠢᠯ ᠪᠤᠯ ᠡ᠊ ᡁᠦᠩᠨᠥ ᠶᠢᠨ ᠰᠤᠶᠤᠯ ᠢ ᠰᠤᠳᠤᠯᠬᠤ ᠭᠤᠯᠤᠮᠳᠠ ᠨᠤᠳᠤᠭ ᠪᠤᠯᠵᠤ ᠪᠤᠢ᠃ ᠭᠡᠨᠳᠠᠢ ᠠᠭᠤᠯᠠ᠂ ᠬᠠᠩᠭᠠᠢ ᠠᠭᠤᠯᠠ᠂ ᠠᠯᠳᠠᠢ ᠠᠭᠤᠯᠠ᠂ ᠮᠤᠨᠢ ᠠᠭᠤᠯᠠ᠂ ᠲᠡᠭᠷᠢ ᠠᠭᠤᠯᠠ᠂ ᠴᠢ ᠯᠢᠶᠠᠨ ᠱᠠᠨ ᠠᠭᠤᠯᠠ᠂ ᠠᠯᠠᠱᠠ ᠠᠭᠤᠯᠠ᠂ ᠶᠡᠭᠡ ᠬᠢᠩᠭᠠᠨ ᠲᠠᠪᠠᠭ᠎ᠠ ᠬᠢᠭᠡᠳ ᠰᠡᠯᠡᠩᠭᠡ ᠮᠦᠷᠡᠨ᠂ ᠤᠷᠬᠤᠨ ᠭᠤᠥᠯ᠂ ᠠᠮᠤᠷ ᠮᠦᠷᠡᠨ᠂ ᠶᠧᠨᠢᠰᠠᠢ ᠮᠦᠷᠡᠨ᠂ ᠰᠢᠷᠠᠮᠦ᠋ᠷᠡᠨ ᠭᠤᠥᠯ᠂ ᠭᠡᠷᠡᠯᠤᠨ ᠭᠤᠥᠯ᠂ ᠲᠤᠥᠯᠠ ᠭᠤᠥᠯ᠂ ᠤᠨᠤᠨ ᠭᠤᠥᠯ ᠤᠨ ᠪᠦᠰᠠ ᠨᠤᠳᠤᠭ ᠪᠤᠯ ᠡ᠊ ᡁᠦᠩᠨᠥ ᠶᠢᠨ ᠠᠷᠠᠳ ᠲᠦᠮᠡᠨ ᠪᠤᠯᠤᠨ ᠲᠡᠳᠡᠨ ᠤ ᠦᠷ᠎ᠠ ᠬᠤᠶᠢᠴᠢ ᠶᠢᠨ ᠲᠤᠷᠭᠠᠨ ᠦᠯᠤᠭᠡᠢ᠂ ᠲᠤᠯᠠᠭᠠᠨ ᠪᠠᠭᠤᠴᠠ ᠪᠤᠯᠬᠤ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号