ᠠᠪᠤᠤ ᠶᠢᠨ ᠲᠤᠬᠠᠢ
ᠨᠡᠶᠢᠲᠡᠯᠡᠭᠰᠡᠨ ᠴᠠᠭ᠄
2019/12/4
ᠡᠩᠬᠡ ᠠᠮᠤᠭᠤᠯᠠᠩ ᠤᠨ ᠲᠠᠪᠢᠨ ᠳᠦᠷᠪᠡᠳᠦᠭᠡᠷ ᠣᠨ ︵1715 ᠣᠨ︶ ᠳᠤ ᠬᠠᠭᠠᠨ ᠠᠴᠠ ᠵᠠᠷᠯᠢᠭ ᠪᠠᠭᠤᠵᠤ᠂ ᠠᠪᠤᠤ ᠨᠠᠴᠢᠨ ᠵᠠᠩᠵᠦᠨ ᠯᠤᠭ᠎ᠠ ᠬᠠᠪᠰᠤᠷᠤᠨ ᠴᠢᠩ ᠤᠨ ᠶᠡᠭᠡ ᠴᠡᠷᠢᠭ ᠢ ᠳᠡᠮᠵᠢᠬᠦ ᠶᠢᠨ ᠲᠦᠯᠦᠭᠡ ᠬᠠᠷᠢᠶᠠᠲᠤ ᠲᠠᠪᠤᠨ ᠵᠠᠭᠤᠨ ᠴᠡᠷᠢᠭ ᠠᠪᠴᠤ᠂ ᠲᠤᠤᠯᠠ ᠭᠤᠣᠯ ᠳᠤ ᠬᠦᠷᠦᠭᠡᠳ ᠵᠦᠩᠭᠠᠷ ᠤᠨ ᠤᠷᠪᠠᠯᠭᠠᠨ ᠢ ᠳᠠᠷᠤᠨ᠂ ᠪᠠᠷᠠᠭᠤᠨ ᠬᠤᠶᠢᠲᠤ ᠣᠷᠣᠨ ᠤ ᠰᠠᠮᠠᠭᠤᠷᠠᠯ ᠢ ᠲᠦᠪᠰᠢᠳᠭᠡᠲᠤᠭᠡᠢ ᠭᠡᠰᠡᠨ ᠢ ᠬᠦᠯᠢᠶᠡᠵᠤ᠂ ᠪᠠᠷᠺᠦ᠋ᠯ ᠳᠤ ᠣᠳᠴᠤ᠂ ᠵᠦᠩᠭᠠᠷ ᠤᠨ ᠪᠣᠰᠣᠯᠭ᠎ᠠ ᠶᠢ ᠳᠠᠷᠤᠬᠤ ᠳᠠᠶᠢᠨ ᠳᠤ ᠶᠡᠭᠡ ᠴᠡᠷᠢᠭ ᠤᠨ ᠬᠦᠴᠦᠨ ᠢ ᠭᠠᠷᠭᠠᠯ ᠦᠭᠡᠢ ᠪᠠᠷ ᠡᠶᠡᠳᠡᠭᠦᠯᠦᠨ ᠲᠦᠪᠰᠢᠳᠬᠡᠭᠰᠡᠨ ᠤᠴᠢᠷ ᠲᠤ ᠠᠪᠤᠤ ᠶᠢ ᠵᠠᠷᠯᠢᠭ ᠢᠶᠠᠷ ᠪᠠᠷᠠᠭᠤᠨ ᠡᠲᠡᠭᠡᠳ ᠢ ᠰᠠᠬᠢᠭᠴᠢ ᠵᠠᠩᠵᠤᠨ ᠹᠠᠶᠠᠨ ᠬᠤ᠋ ᠶᠢᠨ ᠬᠤᠤᠪᠢ ᠶᠢᠨ ᠰᠠᠶᠢᠳ ᠪᠣᠯᠭᠠᠵᠡᠢ᠃ ᠮᠦᠨ ᠬᠠᠭᠠᠨ ᠤ ᠲᠠᠪᠢ ᠶᠢᠰᠦᠳᠦᠭᠡᠷ ᠣᠨ ︵1720 ᠣᠨ︶ ᠳᠤ ᠵᠠᠷᠯᠢᠭ ᠢᠶᠠᠷ ᠪᠠᠷᠺᠦ᠋ᠯ ᠠᠴᠠ ᠬᠦᠬᠡᠨᠠᠭᠤᠷ ᠲᠤ ᠬᠦᠷᠴᠤ᠂ ᠲᠡᠷᠰᠯᠡᠭᠰᠡᠨ ᠢ ᠲᠦᠪᠰᠢᠳᠬᠡᠭᠴᠢ ᠵᠠᠩᠵᠤᠨ ᠤ ᠴᠡᠷᠢᠭ  ᠯᠦᠭᠡ ᠬᠠᠪᠰᠤᠷᠤᠨ ᠲᠦᠪᠡᠳ ᠣᠷᠣᠨ ᠢ ᠲᠦᠢᠪᠡᠭᠡᠵᠤ ᠪᠠᠶᠢᠭᠰᠠᠨ ᠴᠡᠷᠢᠨᠳᠦᠨᠳᠤᠪ ᠨᠠᠷ ᠢ ᠳᠠᠷᠤᠨ ᠲᠦᠪᠰᠢᠳᠬᠡᠭᠡᠳ ᠳᠠᠯᠠᠢ ᠯᠠᠮᠠ ᠶᠢ ᠰᠢᠷᠡᠭᠡᠨ ᠳᠤᠷ ᠵᠠᠯᠠᠳᠤᠭᠠᠢ ᠭᠡᠮᠡᠭᠰᠡᠨ ᠢ ᠬᠦᠯᠢᠶᠡᠵᠤ᠂ ᠮᠠᠨᠵᠤ ᠶᠢᠨ ᠬᠤᠯᠠᠳᠠᠬᠢᠨ ᠢ ᠲᠣᠭᠲᠠᠭᠠᠭᠴᠢ ᠶᠡᠭᠡ ᠵᠠᠩᠵᠤᠨ ᠨᠢᠶᠡᠨ ᠭᠧᠩ ᠶᠣᠣ ᠯᠤᠭ᠎ᠠ ᠬᠠᠪᠰᠤᠷᠤᠯᠴᠠᠨ ᠶᠡᠭᠡ ᠴᠡᠷᠢᠭ ᠲᠠᠢ ᠬᠠᠮᠲᠤ ᠪᠠᠷ ᠪᠣᠯᠤᠤ ᠭᠤᠣᠯ᠂ ᠴᠢᠨ᠋ᠸ᠎ᠠ ᠭᠤᠣᠯ᠂ ᠴᠣᠮᠤᠷᠠ ᠵᠡᠷᠭᠡ ᠶᠢᠨ ᠭᠠᠵᠠᠷ ᠲᠤ ᠬᠦᠷᠴᠦ᠂ ᠲᠦᠪᠡᠳ ᠣᠷᠤᠨ ᠤ ᠰᠠᠮᠠᠭᠤᠨ ᠢ ᠳᠠᠷᠤᠭᠠᠳ ᠳᠠᠯᠠᠢ ᠯᠠᠮᠠ ᠶᠢ ᠬᠠᠮᠠᠭᠠᠯᠠᠨ ᠵᠤᠤ ᠳᠤ ᠬᠦᠷᠭᠡᠵᠡᠢ᠃ ᠲᠡᠭᠦᠨ ᠤ ᠳᠠᠷᠠᠭ᠎ᠠ ᠵᠢᠯ᠂ ᠵᠠᠷᠯᠢᠭ ᠢᠶᠠᠷ ᠲᠠᠪᠤᠨ ᠵᠠᠭᠤᠨ ᠴᠡᠷᠢᠭ ᠠᠪᠴᠤ ᠮᠦᠩᠬᠡ ᠵᠤᠤ ᠶᠢᠨ ᠣᠷᠣᠨ ᠳᠤ ᠰᠡᠷᠭᠡᠶᠢᠯᠡᠨ ᠰᠠᠭᠤᠵᠤ᠂ ᠪᠠᠷᠠᠭᠤᠨ ᠢ ᠲᠣᠭᠲᠠᠭᠠᠭᠴᠢ ᠵᠠᠩᠵᠤᠨ ᠤ ᠬᠡᠷᠡᠭ ᠢ ᠬᠠᠪᠰᠤᠷᠤᠨ ᠰᠢᠢᠳᠬᠡᠭᠴᠢ ᠭᠦᠩᠼᠧᠩᠨᠣᠷᠪᠤ ᠶᠢᠨ ᠬᠤᠤᠪᠢ ᠶᠢᠨ ᠰᠠᠶᠢᠳ ᠪᠣᠯᠵᠡᠢ᠃ ᠨᠠᠶᠢᠷᠠᠯᠲᠤ ᠲᠦᠪ ᠤᠨ ᠲᠡᠷᠢᠭᠦᠨ ᠣᠨ ︵1723 ᠣᠨ︶ ᠳᠤ ᠵᠠᠷᠯᠢᠭ ᠢᠶᠠᠷ ᠲᠦᠪᠡᠳ ᠣᠷᠣᠨ ᠳᠤ ᠪᠠᠶᠢᠭᠰᠠᠨ ᠴᠡᠷᠢᠭ ᠢ ᠬᠤᠶᠢᠰᠢ ᠲᠠᠲᠠᠬᠤ ᠦᠶ᠎ᠡ ᠪᠠᠷ ᠭᠦᠦᠰᠢ ᠬᠠᠨ ᠤ ᠠᠴᠢ ᠬᠦᠪᠡᠬᠦᠨ ᠯᠤᠪᠠᠰᠠᠩᠳᠠᠨᠵᠢᠨ ᠬᠦᠬᠡᠨᠠᠭᠤᠷ ᠲᠤ ᠤᠷᠪᠠᠯᠭ᠎ᠠ ᠭᠠᠷᠭᠠᠭᠰᠠᠨ᠎ᠠ᠂ ᠣᠯᠠᠨ ᠭᠠᠵᠠᠷ ᠤᠨ ᠮᠣᠩᠭᠤᠯ ᠴᠡᠷᠢᠭ ᠤᠳ ᠴᠦᠮ ᠬᠤᠯᠠᠳᠠᠬᠢᠨ ᠢ ᠳᠠᠭᠠᠭᠤᠯᠤᠭᠴᠢ ᠶᠡᠭᠡ ᠵᠠᠩᠵᠤᠨ ᠨᠢᠶᠡᠨ ᠭᠧᠩ ᠶᠤᠤ ᠶᠢᠨ ᠳᠠᠶᠢᠴᠢᠯᠠᠨ ᠣᠳᠬᠤ ᠶᠢ ᠳᠠᠭᠠᠲᠤᠭᠠᠢ ᠭᠡᠮᠡᠨ ᠵᠠᠷᠯᠢᠭᠳᠠᠵᠠᠢ᠃ ᠡᠨᠡ ᠦᠶ᠎ᠡ ᠳᠤ ᠠᠪᠤᠤ ᠵᠤᠤ ᠭᠠᠵᠠᠷ ᠠᠴᠠ ᠪᠤᠴᠠᠵᠤ ᠬᠦᠬᠡᠨᠠᠭᠤᠷ ᠲᠤ ᠢᠷᠡᠬᠦᠯ᠎ᠡ᠂ ᠨᠢᠶᠡᠨ ᠭᠧᠩ ᠶᠤᠤ ᠭᠠᠭᠴᠠᠭᠠᠷ ᠢᠶᠠᠨ ᠶᠡᠭᠡ ᠵᠠᠩᠵᠦᠨ ᠪᠣᠯᠵᠤ᠂ ᠭᠠᠪᠢᠶ᠎ᠠ ᠪᠠᠶᠢᠭᠤᠯᠬᠤ ᠪᠠᠷ ᠪᠡᠯᠡᠳᠬᠡᠭᠡᠳ ᠠᠪᠤᠤ ᠶᠢᠨ ᠴᠡᠷᠢᠭ ᠢ ᠠᠪᠬᠤ ᠦᠭᠡᠢ ᠪᠠᠷ ᠠᠪᠤᠤ ᠡᠪᠡᠳᠴᠢᠨ ᠲᠠᠢ ᠲᠤᠯᠠ ᠨᠤᠲᠤᠭ ᠲᠤᠨᠢ ᠡᠭᠡᠭᠦᠯᠪᠡᠰᠦ ᠵᠣᠬᠢᠮᠤᠢ ᠭᠡᠮᠡᠨ ᠬᠠᠭᠠᠨ ᠳᠤ ᠠᠶᠢᠯᠠᠳᠬᠠᠨ ᠮᠡᠳᠡᠭᠦᠯᠦᠭᠰᠡᠨ ᠪᠠᠶᠢᠵᠡᠢ᠃ ᠡᠨᠡ ᠬᠦ ᠪᠠᠶᠢᠳᠠᠯ ᠢ ᠠᠪᠤᠤ ᠮᠡᠳᠡᠮᠡᠭᠴᠡ ᠰᠢᠭᠤᠳ ᠨᠡᠶᠢᠰᠯᠡᠯ ᠬᠤᠲᠠ ᠳᠤ ᠬᠦᠷᠴᠦ ᠡᠵᠡᠨ ᠬᠠᠭᠠᠨ ᠤ ᠳᠡᠷᠭᠡᠳᠡ ᠪᠠᠷᠠᠯᠠᠭᠰᠠᠨ ᠳᠤ᠂ ᠠᠪᠤᠤ ᠶᠢ ᠲᠦᠪᠡᠳ ᠣᠷᠣᠨ ᠳᠠᠬᠢ ᠰᠠᠮᠠᠭᠤᠨ ᠢ ᠲᠦᠪᠰᠢᠳᠭᠡᠬᠦ ᠳᠤ ᠶᠡᠭᠡ ᠬᠦᠴᠦᠨ ᠭᠠᠷᠭᠠᠵᠤ ᠵᠦᠳᠡᠭᠰᠡᠨ ᠢ ᠠᠰᠠᠷᠠᠨ ᠲᠣᠬᠤᠨᠢᠭᠤᠯᠵᠤ᠂ ᠲᠦᠷᠦ ᠶᠢ ᠵᠢᠶᠦ᠋ᠨ ᠸᠠᠩ ᠡᠷᠭᠦᠮᠵᠢᠯᠡᠭᠡᠳ ᠪᠠᠷᠠᠭᠤᠨ ᠵᠢᠭᠦᠷ ᠤᠨ ᠰᠠᠶᠢᠳ᠂ ᠵᠦᠪᠯᠡᠨ ᠬᠡᠯᠡᠯᠴᠡᠬᠦ ᠲᠤᠰᠠᠯᠠᠭᠴᠢ ᠵᠡᠷᠭᠡ ᠶᠢᠨ ᠬᠡᠷᠬᠡᠮ ᠳᠤᠷ ᠳᠡᠪᠰᠢᠭᠦᠯᠵᠤ᠂ ᠨᠢᠭᠡ ᠲᠦᠮᠡᠨ ᠯᠠᠩ ᠮᠦᠩᠭᠦ ᠪᠠᠷ ᠱᠠᠩᠨᠠᠵᠤᠬᠤᠢ᠃ ᠲᠡᠭᠦᠨ ᠤ ᠳᠠᠷᠠᠭ᠎ᠠ ᠵᠢᠯ᠂ ᠵᠠᠷᠯᠢᠭ ᠢᠶᠠᠷ ᠠᠪᠤᠤ ᠶᠢ ᠬᠠᠷᠢᠶᠠᠲᠤ ᠠᠶᠢᠮᠠᠭ ᠢᠶᠠᠨ ᠳᠠᠭᠠᠭᠤᠯᠤᠨ ᠶᠠᠪᠤᠵᠤ ᠬᠦᠬᠡᠨᠠᠭᠤᠷ ᠲᠤ ᠬᠦᠷᠴᠦ ᠵᠣᠬᠢᠰᠲᠠᠢ ᠪᠠᠷ ᠡᠪᠯᠡᠨ ᠲᠣᠬᠤᠨᠢᠭᠤᠯᠵᠤ ᠲᠦᠪᠰᠢᠳᠬᠡᠭᠡᠳ ᠬᠡᠰᠡᠭ ᠬᠤᠭᠤᠴᠠᠭᠠᠨ᠎ᠠ ᠰᠠᠭᠤᠨ ᠠᠲᠠᠯ᠎ᠠ᠂ ᠴᠢᠩ ᠤᠯᠤᠰ ᠤᠨ ᠵᠠᠰᠠᠭ ᠤᠨ ᠭᠠᠵᠠᠷ ᠠᠴᠠ ᠠᠪᠤᠤ ᠶᠢ ᠬᠦᠬᠡᠨᠠᠭᠤᠷ ᠤᠨ ᠪᠣᠷᠣ ᠴᠦᠩᠭᠦᠭ ᠭᠡᠮᠡᠬᠦ ᠭᠠᠵᠠᠷ ᠲᠤᠷ ᠣᠷᠣᠰᠢᠨ ᠰᠠᠭᠤᠲᠤᠭᠠᠢ ᠭᠡᠮᠡᠨ ᠵᠠᠷᠯᠢᠭ ᠪᠣᠯᠪᠡᠢ᠃ ᠲᠤᠬᠠᠢ ᠶᠢᠨ ᠦᠶ᠎ᠡ ᠶᠢᠨ ᠠᠯᠠᠱᠠ ᠭᠠᠵᠠᠷ ᠪᠣᠯᠪᠠᠰᠤ ᠵᠠᠬ᠎ᠠ ᠬᠢᠵᠠᠭᠠᠷ ᠤᠨ ᠠᠮᠠᠰᠠᠷ ᠪᠣᠯᠬᠤᠷ ᠰᠡᠷᠭᠡᠶᠢᠯᠡᠨ ᠬᠠᠮᠠᠭᠠᠯᠠᠬᠤ ᠴᠢᠬᠤᠯᠠ ᠭᠠᠵᠠᠷ ᠢᠶᠠᠷ ᠢᠷᠭᠠᠢ ᠳᠤ ᠬᠠᠮᠢᠶᠠᠷᠤᠭᠤᠯᠤᠨ᠂ ᠶᠦᠸᠧ ᠵᠦᠩ ᠴᠢ ᠶᠢ ᠰᠠᠭᠤᠯᠭᠠᠵᠤ᠂ ᠬᠤᠲᠠ ᠶᠢᠨ ᠰᠡᠷᠭᠡᠶᠢᠯᠡᠯᠲᠡ ᠶᠢᠨ ᠴᠡᠷᠢᠭ ᠰᠠᠬᠢᠭᠤᠯᠤᠨ ᠰᠠᠭᠤᠯᠭᠠᠭᠰᠠᠨ ᠪᠡᠶᠢᠵᠡᠢ᠃ ᠠᠪᠤᠤ ᠵᠠᠷᠯᠢᠭ ᠶᠣᠰᠤᠭᠠᠷ ᠪᠣᠷᠤ ᠴᠦᠩᠬᠦᠭ ᠲᠤ ᠬᠡᠰᠡᠭ ᠰᠠᠭᠤᠭᠰᠠᠨ ᠪᠣᠯᠪᠠᠴᠤ ᠲᠡᠨᠳᠡᠬᠢ ᠶᠢᠨ ᠠᠭᠤᠷ ᠠᠮᠢᠰᠬᠤᠯ ᠲᠤᠬᠢᠷᠠᠮᠵᠢ ᠦᠭᠡᠢ ᠮᠠᠯᠵᠢᠬᠤ ᠳᠤ ᠨᠤᠲᠤᠭ ᠪᠡᠯᠴᠢᠭᠡᠷ ᠢᠪᠴᠤᠤ ᠪᠣᠯᠬᠤᠷ᠂ ᠮᠦᠨ ᠬᠠᠭᠠᠨ ᠤ ᠳᠦᠷᠪᠡᠳᠦᠭᠡᠷ ᠣᠨ ᠳᠤ ᠠᠪᠤᠤ ᠬᠠᠷᠢᠶᠠᠲᠤ ᠠᠷᠠᠳ ᠢᠶᠠᠨ ᠳᠠᠭᠠᠭᠤᠯᠤᠨ ᠨᠡᠭᠦᠳᠡᠯᠯᠡᠨ ᠶᠠᠪᠤᠭᠰᠠᠭᠠᠷ ᠠᠯᠠᠱᠠ ᠳᠤ ᠢᠷᠡᠬᠦᠯ᠎ᠡ᠂ ᠲᠣᠬᠢᠷᠠᠭᠤᠯᠤᠭᠰᠠᠨ ᠭᠠᠵᠠᠷ ᠰᠠᠭᠤᠬᠤ ᠦᠭᠡᠢ ᠪᠠᠷ ᠳᠤᠷ᠎ᠠ ᠪᠠᠷ ᠢᠶᠠᠨ ᠵᠠᠷᠯᠢᠭ ᠢ ᠵᠦᠷᠢᠴᠡᠵᠤ ᠠᠯᠤᠰ ᠭᠠᠵᠠᠷ ᠨᠡᠭᠦᠳᠡᠯᠯᠡᠪᠡ ᠭᠡᠮᠡᠭᠡᠳ ᠠᠪᠤᠤ ᠶᠢᠨ ᠵᠢᠶᠦ᠋ᠨ ᠸᠠᠩ ᠤᠨ ᠬᠡᠷᠬᠡᠮ ᠢ ᠪᠠᠭᠤᠯᠭᠠᠭᠠᠳ ᠪᠡᠶᠢᠯᠡ ᠪᠣᠯᠭᠠᠵᠡᠢ᠃ ᠮᠦᠨ ᠬᠠᠭᠠᠨ ᠤ ᠨᠠᠢᠮᠠᠳᠤᠭᠠᠷ ᠣᠨ ︵1730 ᠣᠨ︶ ᠳᠤ᠂ ᠵᠠᠷᠯᠢᠭ ᠢᠶᠠᠷ ᠠᠪᠤᠤ ᠶᠢ ᠬᠠᠷᠢᠶᠠᠲᠤ ᠴᠡᠷᠢᠭ ᠢᠶᠠᠨ ᠳᠠᠭᠠᠭᠤᠯᠤᠨ ᠪᠠᠷᠺᠦ᠋ᠯ ᠳᠤ ᠣᠳᠴᠤ ᠪᠠᠷᠠᠭᠤᠨ ᠵᠠᠮ ᠤᠨ ᠶᠡᠭᠡ ᠴᠡᠷᠢᠭ ᠯᠦᠭᠡ ᠨᠡᠶᠢᠯᠡᠵᠤ᠂ ᠵᠦᠩᠭᠠᠷ ᠢ ᠳᠠᠶᠢᠯᠠᠲᠤᠭᠠᠢ ᠭᠡᠮᠡᠭᠰᠡᠨ ᠢ ᠭᠦᠯᠢᠶᠡᠵᠤ ᠮᠣᠷᠳᠠᠬᠤ ᠭᠡᠲᠡᠯ᠎ᠡ᠂ ᠭᠠᠯᠲᠠᠨ ᠪᠣᠱᠣᠭᠲᠤ ᠡᠯᠴᠢ ᠢᠯᠡᠭᠡᠨ ᠡᠪᠰᠡᠬᠦ ᠶᠢ ᠭᠤᠶᠤᠴᠢᠯᠠᠨ ᠢᠷᠡᠬᠦᠯ᠎ᠡ᠂ ᠵᠠᠷᠯᠢᠭ ᠢᠶᠠᠷ ᠳᠠᠶᠢᠯᠠᠬᠤ ᠪᠠᠷ ᠣᠳᠬᠤ ᠶᠢ ᠲᠦᠷ ᠬᠦᠯᠢᠶᠡᠲᠦᠭᠡᠢ ᠭᠡᠵᠡᠢ᠃ ᠤᠳᠠᠯ ᠦᠭᠡᠢ ᠵᠦᠩᠭᠠᠷ ᠤᠨ ᠴᠡᠷᠢᠭ ᠪᠠᠷᠠᠭᠤᠨ ᠵᠠᠮ ᠤᠨ ᠴᠡᠷᠢᠭ ᠢ ᠳᠠᠷᠤᠷ᠎ᠠ ᠢᠷᠡᠭᠰᠡᠨ᠎ᠡ᠂ ᠵᠠᠷᠯᠢᠭ ᠢᠶᠠᠷ ᠠᠪᠤᠤ ᠶᠢ ᠳᠣᠲᠤᠭᠠᠳᠤ ᠵᠠᠰᠠᠭ ᠤᠨ ᠮᠢᠩᠭᠠᠨ ᠴᠡᠷᠢᠭ ᠢ ᠳᠠᠶᠢᠴᠢᠯᠠᠨ ᠣᠴᠢᠲᠤᠭᠠᠢ᠂ ᠵᠦᠩᠭᠠᠷ ᠤᠨ ᠴᠡᠷᠢᠭ ᠲᠠᠢ ᠪᠠᠶᠢᠯᠳᠤᠨ ᠳᠡᠶᠢᠯᠬᠦ ᠠᠪᠠᠰᠤ ᠣᠴᠢᠭᠲᠤᠨ᠂ ᠬᠡᠷᠪᠡ ᠳᠡᠶᠢᠯᠦᠭᠳᠡᠬᠦ ᠪᠣᠯᠪᠠᠰᠦ ᠬᠢᠵᠠᠭᠠᠷ ᠲᠤᠷ ᠣᠷᠤᠵᠤ᠂ ᠨᠣᠭᠤᠭᠠᠨ ᠲᠤᠭ ᠤᠨ ᠴᠡᠷᠢᠭ ᠯᠦᠭᠡ ᠬᠠᠮᠲᠤ ᠪᠠᠷ ᠳᠣᠲᠤᠭᠠᠳᠤ ᠬᠠᠷᠠᠭᠤᠯ ᠢ ᠰᠠᠬᠢᠲᠤᠭᠠᠢ ᠭᠡᠮᠡᠵᠦᠬᠦᠢ᠃ ᠡᠭᠦᠨ ᠳᠤ᠂ ᠠᠪᠤᠤ ᠶᠢᠨ ᠬᠦᠪᠡᠭᠦᠨ ᠪᠠᠶᠢᠰᠠ ᠭᠤᠮᠪᠤ ᠵᠦᠩᠭᠠᠷ ᠤᠨ ᠴᠡᠷᠢᠭ ᠢ ᠢᠯᠠᠭᠰᠠᠨ ᠤ ᠳᠠᠷᠠᠭ᠎ᠠ᠂ 1731 ᠣᠨ ᠳᠤ ᠠᠪᠤᠤ ᠴᠡᠷᠢᠭ ᠤᠨ ᠬᠦᠷᠢᠶᠡᠨ ᠠᠴᠠ ᠠᠯᠠᠱᠠ ᠳᠤ ᠢᠷᠡᠭᠡᠳ ᠳᠡᠭᠡᠷᠡᠬᠢ ᠶᠢᠨ ᠵᠦᠪᠰᠢᠶᠡᠷᠡᠯ ᠢ ᠣᠯᠤᠭᠰᠠᠨ ᠦᠭᠡᠢ ᠪᠠᠷ ᠪᠣᠷᠤ ᠴᠦᠩᠬᠦᠭ ᠠᠴᠠ ᠨᠡᠭᠦᠭᠰᠡᠨ ᠣᠰᠣᠯ ᠪᠤᠷᠤᠭᠤ ᠪᠠᠨ ᠡᠵᠡᠨ ᠬᠠᠭᠠᠨ ᠳᠤ ᠣᠴᠢᠵᠤ ᠮᠡᠳᠡᠭᠦᠯᠵᠤ ᠠᠶᠢᠯᠠᠳᠬᠠᠭᠰᠠᠨ᠎ᠠ᠂ ᠬᠠᠭᠠᠨ ᠠᠴᠠ ᠣᠰᠣᠯ ᠪᠤᠷᠤᠭᠤ ᠶᠢ ᠨᠢ ᠠᠭᠤᠴᠢᠠᠯᠨ ᠬᠡᠯᠲᠦᠷᠢᠭᠦᠯᠵᠦ᠂ ᠭᠠᠪᠢᠶ᠎ᠠ ᠵᠢᠳᠬᠦᠯ ᠢ ᠲᠡᠷᠢᠬᠦᠨ ᠳᠤ ᠲᠠᠯᠪᠢᠵᠤ ᠂ ᠵᠢᠶᠦ᠋ᠨ ᠸᠠᠩ ᠤᠨ ᠬᠡᠷᠬᠡᠮ ᠢ ᠨᠢ ᠰᠡᠷᠭᠦᠭᠡᠨ ᠦᠭᠭᠦᠭᠰᠡᠨ ᠤ ᠬᠠᠮᠲᠤ᠂ ᠰᠢᠨ᠎ᠡ ᠪᠠᠷ ᠪᠠᠶᠢᠭᠤᠯᠤᠭᠰᠠᠨ ᠬᠤᠲᠠ ᠶᠢ ᠬᠤᠯᠠᠳᠠᠬᠢᠨ ᠢ ᠲᠣᠭᠲᠠᠭᠠᠭᠴᠢ ᠬᠤᠷᠢᠶ᠎ᠠ ︵定远营) ᠭᠡᠮᠡᠨ ᠨᠡᠷᠡᠯᠡᠭᠡᠳ ᠠᠪᠤᠤ ᠳᠤ ᠱᠠᠩᠨᠠᠨ ᠦᠭᠭᠦᠭᠰᠡᠨ ᠲᠤᠯᠠ᠂ ᠰᠢᠷᠠᠪᠦ᠋ᠷᠢᠳᠤ ᠳᠤ ᠪᠠᠶᠢᠭᠰᠠᠨ ᠬᠤᠰᠢᠭᠤ ᠶᠠᠮᠤᠨ ᠢᠶᠠᠨ ᠳ᠋ᠢᠩ ᠶᠤᠸᠠᠨ ᠶᠢᠩ ᠬᠤᠲᠠ ᠳᠤ ᠨᠡᠭᠦᠯᠭᠡᠨ ᠢᠷᠡᠭᠦᠯᠦᠭᠡᠳ ᠦᠯᠵᠡᠶᠢᠲᠤ ᠮᠦᠷᠡᠨ ᠤ ᠡᠬᠢᠨ ᠳᠤ ︽ᠳᠡᠯᠭᠡᠷ ᠪᠢᠯᠢᠭᠲᠦ ᠶᠡᠭᠡ ᠶᠠᠮᠤᠨ︾ ᠢ ᠪᠠᠶᠢᠭᠤᠯᠵᠡᠢ᠃ ᠠᠪᠤᠤ 1739 ᠣᠨ ᠳᠤ ᠨᠠᠰᠤ ᠨᠦᠭᠴᠢᠬᠦᠯ᠎ᠡ᠂ ︽ᠮᠦᠩᠭᠦᠨ ᠠᠪᠤᠤ︾ ᠭᠡᠮᠡᠬᠦ ᠨᠡᠬᠡᠮᠵᠢᠯᠡᠭᠰᠡᠨ ᠴᠣᠯᠠ ᠣᠯᠭᠤᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号