ᠸᠠᠩᠴᠢᠨᠪᠠᠮᠪᠠᠷ ᠤᠨ ᠲᠤᠬᠠᠢ
ᠨᠡᠶᠢᠲᠡᠯᠡᠭᠰᠡᠨ ᠴᠠᠭ᠄
2019/12/4
ᠸᠠᠩᠴᠢᠨᠪᠠᠮᠪᠠᠷ ᠪᠣᠯ ᠯᠤᠪᠰᠠᠩᠳᠤᠷᠵᠢ ᠶᠢᠨ ᠠᠬᠠᠮᠠᠳ ᠬᠦᠪᠡᠭᠦᠨ ᠪᠦᠭᠡᠳ ᠲᠡᠳᠡ ᠮᠠᠬᠠᠪᠠᠯᠠ ᠵᠡᠷᠭᠡ ᠠᠬ᠎ᠠ ᠳᠡᠭᠦᠦ ᠳᠣᠯᠤᠭ᠎ᠠ ᠪᠠᠶᠢᠵᠡᠢ᠃ ᠲᠡᠭᠷᠢ ᠲᠡᠳᠬᠦᠭᠴᠢ ᠶᠢᠨ44 ᠣᠨ ︵1779 ᠣᠨ︶  ᠳᠤ ᠸᠠᠩᠴᠢᠨᠪᠠᠮᠪᠠᠷ ᠭᠦᠩ ᠤᠨ ᠵᠡᠷᠭᠡ ᠲᠠᠶᠢᠵᠢ ᠪᠣᠯᠵᠤ᠂ ᠰᠢᠲᠠᠷ ᠲᠤᠷ ᠶᠠᠪᠤᠭᠠᠳ ᠬᠤᠶᠠᠷ ᠨᠢᠳᠦᠲᠦ ᠤᠲᠤᠭ᠎ᠠ᠂ ᠰᠢᠷ᠎ᠠ ᠣᠯᠪᠤᠭ ᠢᠶᠠᠷ ᠱᠠᠩᠨᠠᠭᠳᠠᠵᠤᠬᠤᠢ᠃ ᠲᠡᠷᠡ᠂ ᠬᠤᠰᠢᠭᠤ ᠭᠡᠭᠡ ᠯᠦᠭᠡ ᠤᠷᠤᠭ ᠬᠤᠯᠪᠤᠵᠤ ᠳᠡᠮᠡᠢ ᠤᠳᠠᠭᠰᠠᠨ ᠦᠭᠡᠢ ᠪᠠᠷ ᠭᠡᠭᠡ ᠨᠠᠰᠤ ᠪᠠᠷᠠᠭᠰᠠᠨ ᠳᠤ᠂ ᠲᠦᠷᠦ ᠶᠢᠨ ᠭᠡᠭᠡ ᠯᠦᠭᠡ ᠤᠷᠤᠭ ᠬᠤᠯᠪᠣᠵᠤ᠂ ᠲᠦᠷᠦ ᠶᠢᠨ ᠡᠹᠦ᠋ ᠪᠣᠯᠵᠡᠢ᠃1781 ᠣᠨ ᠳᠤ ᠵᠠᠷᠯᠢᠭ ᠢᠶᠠᠷ ᠮᠠᠨᠵᠤ ᠶᠢᠨ ᠶᠡᠭᠡ ᠴᠡᠷᠢᠭ ᠯᠦᠭᠡ ᠬᠠᠪᠰᠤᠷᠴᠤ᠂ ᠬᠤᠸᠠ ᠯᠢᠨ ᠰᠧ  ᠶᠢᠨ ᠭᠠᠵᠠᠷ ᠬᠦᠷᠴᠦ ᠳᠠᠬᠢᠨ ᠤᠷᠪᠠᠭᠰᠠᠨ ᠰᠠᠯᠠᠷ ᠤᠨ ᠰᠠᠮᠠᠭᠤᠨ ᠢ ᠳᠠᠷᠤᠭᠠᠳ ᠭᠠᠪᠢᠶ᠎ᠠ ᠲᠡᠮᠳᠡᠭᠯᠡᠵᠦ᠂1783 ᠣᠨ ᠳᠤ ᠵᠠᠰᠠᠭ ᠬᠤᠱᠤᠢ ᠴᠢᠨ ᠸᠠᠩ ᠤᠨ ᠬᠡᠷᠬᠡᠮ ᠢ ᠵᠠᠯᠭᠠᠮᠵᠢᠯᠠᠵᠤ᠂ ᠲᠡᠭᠦᠨ ᠤ ᠳᠣᠣᠷᠠᠬᠢ ᠲᠦᠰᠢᠮᠡᠳ ᠲᠤ᠂ ᠤᠯᠤᠰ ᠤᠨ ᠲᠦᠰᠢᠶ᠎ᠡ ᠭᠦᠩ  ᠳᠣᠷᠵᠢᠰᠠᠪᠳᠠᠨ ᠂ ᠤᠯᠤᠰ ᠲᠤᠷ ᠲᠤᠰᠠᠯᠠᠬᠤ ᠭᠦᠩ ᠤᠷᠲᠤᠨᠠᠰᠤᠨ᠂ ᠲᠤᠰᠠᠯᠠᠭᠴᠢ ᠢᠳᠡᠮ᠂ ᠬᠠᠶᠢᠳᠤᠪ᠂ ᠨᠠᠮᠵᠢᠯᠳᠤᠷᠵᠢ᠂ ᠬᠤᠰᠢᠭᠤ ᠶᠢ ᠵᠠᠬᠢᠷᠤᠭᠴᠢ ᠳ᠋ᠠᠷᠮᠠᠪᠠᠯᠠ ᠨᠠᠷ ᠪᠠᠶᠢᠵᠡᠢ᠃ᠸᠠᠩᠴᠢᠨᠪᠠᠮᠪᠠᠷ1784 ᠣᠨ ᠳᠤ᠂ ᠢᠷᠭᠠᠢ ᠶᠢᠨ ᠴᠢᠩ ᠤᠯᠤᠰ ᠤᠨ ᠴᠡᠷᠢᠭ ᠤᠨ ᠮᠠᠶᠢᠷᠠᠨ ᠤ ᠵᠠᠩᠭᠢ ᠶᠢᠨ ᠲᠤᠰᠢᠶᠠᠯ ᠢ ᠬᠦᠯᠢᠶᠡᠭᠰᠡᠨ ᠤ ᠳᠠᠷᠠᠭ᠎ᠠ᠂ ᠱᠢ ᠹᠧᠩ ᠬᠤᠷᠢᠶ᠎ᠠ᠂ ᠳ᠋ᠢ ᠲᠢᠶᠠᠨ ᠽᠢ ᠵᠡᠷᠭᠡ ᠭᠠᠵᠠᠷ ᠲᠤᠷ ᠬᠤᠲᠤᠩ ᠤᠨ ᠤᠷᠪᠠᠯᠭᠠᠨ ᠭᠠᠷᠤᠭᠰᠠᠨ᠎ᠠ᠂ ᠵᠠᠷᠯᠢᠭ ᠢᠶᠠᠷ ᠸᠠᠩᠴᠢᠨᠪᠠᠮᠪᠠᠷ ᠢ ᠠᠯᠠᠱᠠ ᠴᠡᠷᠢᠭ᠂ ᠮᠠᠨᠵᠤ ᠶᠢᠨ ᠴᠡᠷᠢᠭ ᠬᠠᠮᠳᠤᠷᠠᠵᠤ᠂ ᠤᠷᠪᠠᠭᠰᠠᠳ ᠢ ᠳᠠᠷᠤᠨ᠂ ᠭᠠᠵᠠᠷ ᠣᠷᠤᠨ ᠢ ᠲᠦᠪᠰᠢᠳᠭᠡᠵᠦ ᠂ ᠠᠷᠠᠳ ᠢᠷᠭᠡᠳ ᠢ ᠠᠮᠤᠷᠵᠢᠭᠤᠯᠲᠤᠭᠠᠢ ᠭᠡᠮᠡᠭᠰᠡᠨ ᠶᠣᠰᠤᠭᠠᠷ ᠲᠡᠳᠡᠭᠡᠷ ᠭᠠᠵᠠᠷ ᠲᠤᠷ ᠣᠳᠴᠤ᠂ ᠰᠠᠯᠠᠷ ᠯᠤᠭ᠎ᠠ ᠪᠠᠶᠢᠯᠳᠤᠵᠤ᠂ ᠰᠠᠮᠠᠭᠤᠨ ᠢ ᠲᠦᠪᠰᠢᠳᠬᠡᠭᠡᠳ ᠭᠠᠵᠠᠷ ᠣᠷᠣᠨ ᠢ ᠲᠣᠭᠲᠠᠭᠤᠨ ᠪᠣᠯᠭᠠᠭᠰᠠᠨ ᠲᠤᠬᠠᠢ ᠭᠠᠪᠢᠶ᠎ᠠ ᠲᠡᠮᠳᠡᠭᠯᠡᠬᠦ ᠪᠠᠷ ᠵᠠᠷᠯᠢᠭ ᠪᠠᠭᠤᠵᠤ᠂ ᠸᠠᠩᠴᠢᠨᠪᠠᠮᠪᠠᠷ ᠤᠨ ᠲᠦᠷᠦᠭᠰᠡᠨ ᠳᠡᠭᠦᠦ ᠨᠠᠷ ᠳᠤᠲᠤᠷ᠎ᠠ ᠠᠴᠠ ᠨᠢᠭᠡᠨ ᠢ ᠰᠣᠩᠭᠤᠨ ᠮᠡᠳᠡᠭᠦᠯᠵᠦ ᠱᠠᠩᠨᠠᠭᠤᠯᠲᠤᠭᠠᠢ ᠭᠡᠬᠦᠯ᠎ᠡ᠂ ᠮᠠᠬᠠᠪᠠᠯᠠ ᠶᠢ ᠠᠶᠢᠯᠠᠳᠬᠠᠨ ᠮᠡᠳᠡᠭᠦᠯᠦᠭᠡᠳ ᠭᠦᠩ ᠤᠨ ᠵᠡᠷᠭᠡ ᠲᠡᠷᠢᠭᠦᠨ ᠵᠡᠷᠭᠡ ᠲᠠᠶᠢᠵᠢ ᠪᠣᠯᠭᠠᠨ ᠡᠷᠭᠦᠮᠵᠢᠯᠡᠭᠦᠯᠵᠡᠢ᠃ ᠰᠠᠶᠢᠰᠢᠶᠠᠯ ᠢᠷᠦᠭᠡᠯᠲᠤ ᠶᠢᠨ ᠶᠢᠰᠦᠳᠦᠭᠡᠷ ᠣᠨ ︵1804 ᠣᠨ︶ ᠳ᠋ᠤ᠋‌‍ᠸᠠᠩᠴᠢᠨᠪᠠᠮᠪᠠᠷ ᠨᠠᠰᠤ ᠨᠦᠭᠴᠢᠬᠦᠯ᠎ᠡ ᠨᠡᠬᠡᠮᠵᠢᠯᠡᠨ ᠡᠷᠭᠦᠮᠵᠢᠯᠡᠭᠰᠡᠨ ᠴᠤᠯᠠ ᠢᠨᠤ ︽ᠪᠤᠷᠬᠠᠨ ᠨᠣᠶᠠᠨ︾ ᠭᠡᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号