| ᠤᠮ ᠰᠠᠶᠢᠨ ᠠᠮᠤᠭᠤᠯᠠᠩ ᠪᠤᠯᠳᠤᠭᠠᠢ | ᠰᠤᠳᠤ ᠪᠤᠭᠳᠠ ᠶᠢᠨ ᠵᠤᠬᠢᠶᠠᠯ | ᠰᠤᠳᠠᠢ ᠬᠠᠳᠤᠨ ᠤ ᠥᠯᠢᠬᠡᠷ | ᠴᠢᠩᠬᠢᠰ ᠪᠤᠭᠳᠠ ᠶᠢᠨ ᠵᠤᠬᠢᠶᠠᠯ | ᠴᠢᠨᠤᠸᠠᠨ ᠬᠠᠳᠤᠨ ᠤ ᠥᠯᠢᠬᠡᠷ | ᠰᠠᠭᠤᠭᠰᠠᠨ ᠨᠤᠳᠤᠭ ᠢ ᠨᠢ ᠰᠢᠨᠵᠢᠪᠡᠰᠥ | ᠰᠥᠷ ᠰᠥᠯᠳᠠ ᠨᠢ ᠲᠡᠭᠵᠢᠷᠡᠭᠰᠡᠨ | ᠰᠥᠯᠳᠡ ᠬᠡᠶᠢᠮᠤᠷᠢ ᠪᠠᠳᠠᠷᠠᠭᠰᠠᠨ | ᠠᠮᠢ ᠨᠠᠰᠤ ᠨᠢ ᠤᠷᠳᠤᠰᠢᠭᠰᠠᠨ | ᠠᠮᠤᠷ ᠲᠠᠪᠠ ᠪᠠᠷ ᠵᠢᠷᠭᠠᠭᠰᠠᠨ | ᠠᠰᠢᠳᠠ ᠶᠢᠨ ᠪᠤᠶᠠᠨ ᠢᠪᠡᠬᠡᠭᠰᠡᠨ | ᠠᠯᠢᠪᠠ ᠤᠴᠠᠷᠠᠯ ᠪᠥᠷᠢᠳᠥᠭᠰᠡᠨ | ᠡᠰᠨᠢᠯ ᠤᠨ ᠶᠤᠰᠤᠨ ᠲᠤᠭᠳᠠᠭᠰᠠᠨ | ᠡᠬᠡᠯᠢᠳᠡᠢ ᠰᠠᠶᠢᠬᠠᠨ ᠭᠠᠵᠠᠷ | ᠬᠡᠷ ᠡᠷᠥᠬᠡ ᠶᠢ ᠪᠠᠶᠢᠭᠤᠯᠬᠤ ᠶᠢᠨ ᠲᠡᠳᠥᠢ ᠪᠠᠷ | ᠬᠡᠶᠢᠬᠦᠯᠥᠭᠴᠢ ᠪᠤᠷᠬᠠᠨ ᠮᠠᠨᠢ | ᠬᠥᠪᠴᠢᠨ ᠲᠥᠷᠪᠡᠨ ᠬᠠᠷ᠎ᠠ ᠶᠢᠨ ᠲᠤᠳᠤᠷ᠎ᠠ ᠠᠴᠠ | ᠬᠥᠴᠥᠳᠥ ᠪᠠᠭᠠᠨ᠎ᠠ ᠪᠠᠷ ᠲᠤᠯᠭᠠᠭᠤᠷᠢᠯᠠᠨ | ᠬᠥᠷᠳᠥᠨ ᠬᠡᠪᠳᠥ ᠬᠡᠷ ᠬᠡᠮᠡᠭᠴᠢ ᠶᠢ | ᠬᠥᠭᠵᠢᠬᠦᠨ ᠰᠠᠶᠢᠬᠠᠨ ᠪᠠᠶᠢᠭᠤᠯᠬᠤ ᠶᠢᠨ ᠶᠤᠰᠤᠨ ᠠᠨᠤ | ᠰᠢᠨ᠎ᠠ ᠥᠷᠥᠬᠡ ᠶᠢ ᠬᠡᠶᠢᠬᠦᠯᠬᠦ | ᠰᠢᠵᠢᠷ ᠨᠠᠷᠠᠨ ᠢ ᠬᠡᠷᠡᠯᠳᠥᠬᠦᠯᠬᠦ | ᠭᠤᠸᠠᠪᠠᠷ ᠽᠠᠨᠳᠠᠨ ᠮᠤᠳᠤ ᠪᠠᠷ ᠨᠢ | ᠭᠤᠤᠯ ᠢ ᠨᠢ ᠴᠠᠪᠴᠢᠨ ᠬᠢᠭᠰᠡᠨ | ᠰᠢᠷ᠎ᠠ ᠠᠭᠠᠷᠠᠤ ᠮᠤᠳᠤ ᠪᠠᠷ ᠨᠢ | ᠱᠠᠭ᠎ᠠ ᠶᠢ ᠨᠢ ᠴᠠᠪᠴᠢᠨ ᠭᠠᠷᠭᠠᠭᠰᠠᠨ | ᠴᠢᠯᠬᠡᠷ ᠴᠥ᠋ ᠶᠥ᠋ ᠮᠤᠳᠤ ᠪᠠᠷ ᠨᠢ | ᠴᠥ᠋ ᠶᠢ ᠨᠢ ᠴᠠᠪᠴᠢᠨ ᠴᠢᠭᠳᠠᠯᠠᠭᠰᠠᠨ | ᠠᠷᠤ ᠶᠢᠨ ᠰᠤᠬᠠᠢ ᠮᠤᠳᠤ ᠪᠠᠷ ᠨᠢ | ᠠᠯᠬᠤᠭ ᠢ ᠨᠢ ᠮᠠᠳᠠᠨ ᠲᠠᠭᠠᠷᠠᠭᠤᠯᠤᠭᠰᠠᠨ | ᠠᠷᠰᠯᠠᠨ ᠵᠠᠭᠠᠨ᠎ᠠ ᠶᠢᠨ ᠰᠢᠷᠢ ᠪᠠᠷ ᠨᠢ | ᠠᠪᠴᠠᠯᠳᠤᠭᠤᠯᠤᠨ ᠥᠳᠡᠬᠡᠷᠯᠡᠭᠰᠡᠨ | ᠭᠤᠶᠢᠳᠠ ᠲᠠᠷᠬᠠᠨ ᠤ ᠪᠥᠳᠥᠬᠡᠭᠰᠡᠨ | ᠭᠠᠤᠯᠢ ᠲᠡᠮᠥᠷ ᠴᠠᠪᠴᠢᠳᠠᠭ | ᠬᠤᠷᠴᠠ ᠢᠷᠡᠳᠥ ᠤᠶᠢᠯᠨ ᠪᠠᠷ ᠨᠢ | ᠬᠤᠰᠢᠭᠤ ᠪᠥᠬᠦᠳᠡ ᠶᠢ ᠨᠢ ᠲᠠᠭᠠᠷᠠᠭᠤᠯᠤᠭᠰᠠᠨ | ᠬᠤᠳᠠᠯᠨ ᠥᠯᠵᠢ ᠲᠡᠬᠦᠰᠥᠭᠰᠡᠨ | ᠭᠤᠤᠯ ᠡᠷᠳᠡᠨᠢ ᠲᠤᠭᠤᠨᠤ ᠶᠢ ᠴᠢᠨᠢ ᠮᠢᠯᠠᠭᠠᠮᠤ︕ | ᠭᠤᠶᠢᠪᠠᠰᠢ ᠥᠬᠡᠢ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠤᠯᠢᠶᠠᠰᠤ ᠬᠡᠭᠴᠢ ᠮᠤᠳᠤ ᠪᠠᠷ ᠨᠢ | ᠤᠨᠢ ᠶᠢ ᠨᠢ ᠵᠠᠯᠠᠵᠤ ᠬᠢᠭᠰᠡᠨ | ᠤᠨᠠᠭ᠎ᠠ ᠲᠠᠭ᠎ᠠ ᠶᠢᠨ ᠲᠡᠯ ᠢᠶᠠᠷ ᠨᠢ | ᠤᠶᠠᠭ᠎ᠠ ᠰᠡᠬᠡᠯᠳᠡᠷᠬᠡ ᠶᠢ ᠨᠢ ᠲᠠᠮᠠᠭᠤᠯᠤᠭᠰᠠᠨ | ᠮᠤᠷᠤᠢ ᠥᠬᠡᠢ ᠠᠰᠠᠬᠠᠨ | ᠮᠤᠬᠢᠷ ᠥᠬᠡᠢ ᠰᠢᠯᠤᠭᠤᠬᠠᠨ | ᠥᠨᠳᠥᠷ ᠪᠤᠭᠤᠨᠢ ᠨᠢ ᠲᠡᠩᠴᠡᠭᠰᠡᠨ | ᠥᠶ᠎ᠡ ᠵᠡᠷᠬᠡᠴᠡᠨ ᠲᠤᠯᠤᠯᠴᠠᠭᠰᠠᠨ | ᠤᠨᠢ ᠡᠷᠳᠡᠨᠢ ᠶᠢ ᠴᠢᠨᠢ ᠮᠢᠯᠠᠭᠠᠮᠤ | ᠠᠭᠤᠳᠠᠮ ᠶᠡᠭᠡ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠬᠠᠷ᠎ᠠ ᠽᠠᠨᠳᠠᠨ ᠮᠤᠳᠤ ᠪᠠᠷ ᠨᠢ | ᠬᠠᠨ᠎ᠠ ᠶᠢ ᠨᠢ ᠴᠠᠪᠴᠢᠨ ᠬᠢᠭᠰᠡᠨ | ᠬᠠᠨᠳᠠᠭᠠᠢ ᠪᠤᠭᠤ ᠶᠢᠨ ᠰᠢᠷᠢ ᠪᠠᠷ ᠨᠢ | ᠬᠠᠪ ᠬᠡᠳᠡᠯ᠎ᠡ ᠲᠠᠳᠠᠵᠤ ᠥᠳᠡᠬᠡᠷᠯᠡᠭᠰᠡᠨ | ᠨᠠᠬᠢᠶ᠎ᠠ ᠲᠠᠬᠢᠭᠤ ᠶᠢ ᠨᠢ ᠲᠠᠭᠠᠷᠠᠭᠤᠯᠵᠤ | ᠨᠠᠰᠢ ᠴᠠᠰᠢ ᠵᠠᠯᠠᠭᠰᠠᠨ | ᠨᠠᠨᠴᠢᠨ ᠪᠠᠳᠮ᠎ᠠ ᠶᠢᠨ ᠰᠢᠯᠵᠢ ᠪᠠᠷ ᠨᠢ | ᠨᠠᠭᠠᠨ᠎ᠠ ᠴᠠᠭᠠᠨ᠎ᠠ ᠠᠴᠠ ᠨᠢ ᠲᠤᠪᠴᠢᠯᠠᠭᠰᠠᠨ | ᠥᠯᠵᠡᠢ ᠤᠳᠠᠰᠤᠨ ᠰᠥᠯᠵᠢᠶ᠎ᠡ ᠲᠠᠢ | ᠥᠨᠴᠥᠭ ᠲᠥᠷᠪᠡᠯᠵᠢᠨ ᠨᠢᠳᠤ ᠲᠠᠢ | ᠥ ᠰᠡᠪ ᠥᠬᠡᠢ ᠨᠡᠶᠢᠯᠡᠬᠦᠯᠥᠭᠰᠡᠨ | ᠥᠷᠬᠡᠨ ᠪᠠᠭᠳᠠᠭᠠᠮᠵᠢ ᠨᠡᠬᠦᠴᠡ ᠲᠠᠢ | ᠬᠠᠨ᠎ᠠ ᠡᠷᠳᠡᠨᠢ ᠶᠢ ᠴᠢᠨᠢ ᠮᠢᠯᠠᠭᠠᠮᠤ︕ | ᠬᠠᠮᠤᠭ ᠶᠡᠭᠡ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠪᠠᠷᠠᠭᠤᠨ ᠠᠭᠤᠯᠠᠨ ᠳᠤ ᠤᠷᠭᠤᠭᠰᠠᠨ | ᠪᠠᠳᠤ ᠴᠠᠭᠠᠨ ᠽᠠᠨᠳᠠᠨ ᠢ | ᠪᠠᠭᠠᠳᠤᠷ ᠨᠡᠷᠡᠳᠥ ᠬᠥᠮᠥᠨ ᠢᠶᠠᠷ | ᠪᠠᠰᠤᠨ ᠲᠠᠷᠢᠭᠤᠯᠵᠤ ᠠᠪᠴᠢᠷᠠᠭᠠᠳ | ᠭᠠᠩ ᠲᠠᠢ ᠰᠥᠬᠡ ᠪᠠᠷ ᠴᠠᠪᠴᠢᠨ | ᠭᠠᠯ ᠲᠠᠢ ᠴᠤᠷᠬᠢᠭᠤᠯ ᠢᠶᠠᠷ ᠨᠥᠬᠡᠯᠡᠵᠥ | ᠬᠠᠷᠠᠭᠤᠯ ᠤᠨ ᠢᠷ ᠥᠩᠬᠡᠯᠡᠵᠥ | ᠬᠠᠳᠠᠭᠠᠰᠤᠨ ᠤ ᠥᠵᠥᠬᠦᠷ ᠢᠶᠠᠷ ᠪᠠᠷᠢᠯᠳᠤᠭᠤᠯᠤᠭᠰᠠᠨ | ᠡᠷᠬᠢᠬᠦ ᠬᠤᠶᠠᠷ ᠲᠠᠯᠠᠪᠴᠢ ᠲᠠᠢ | ᠡᠷᠳᠡᠨᠢ ᠰᠢᠬᠦᠷ ᠤᠨ ᠰᠢᠨᠵᠢ ᠲᠠᠢ | ᠡᠪ ᠠᠴᠠ ᠨᠢ ᠲᠡᠩᠴᠡᠬᠦᠬᠡᠨ | ᠡᠬᠡᠴᠢ ᠲᠡᠬᠦᠥ ᠬᠤᠶᠠᠷ ᠴᠠᠴᠠᠭᠤᠬᠠᠨ | ᠨᠠᠭᠠᠨ᠎ᠠ ᠴᠠᠭᠠᠨ᠎ᠠ ᠴᠥᠬᠦᠷᠬᠡ ᠲᠠᠢ | ᠨᠠᠷᠢᠨ ᠪᠥᠳᠥᠬᠦᠨ ᠱᠤᠭᠤᠮ ᠲᠠᠢ | ᠬᠠᠭᠠᠯᠭ᠎ᠠ ᠶᠢ ᠴᠢᠨᠢ ᠮᠢᠯᠠᠭᠠᠮᠤ︕ | ᠬᠠᠮᠤᠭ ᠶᠡᠭᠡ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠲᠤᠮ ᠬᠡᠭᠴᠢ ᠮᠤᠳᠤ ᠪᠠᠷ ᠨᠢ | ᠲᠤᠳᠤᠭᠤ ᠶᠢ ᠴᠠᠪᠴᠢᠨ ᠬᠢᠭᠰᠡᠨ | ᠪᠤᠷᠤ ᠽᠠᠨᠳᠠᠨ ᠮᠤᠳᠤ ᠪᠠᠷ ᠨᠢ | ᠪᠤᠱᠤᠭ᠎ᠠ ᠶᠢ ᠨᠢ ᠴᠠᠪᠴᠢᠨ ᠬᠢᠭᠰᠡᠨ | ᠲᠤᠤᠷᠠᠬᠢ ᠲᠡᠬᠡᠷᠡᠬᠢ ᠴᠥ᠋ ᠲᠠᠢ ᠨᠢ | ᠲᠤᠳᠠᠭᠤ ᠥᠬᠡᠢ ᠴᠥᠮ ᠮᠢᠯᠠᠭᠠᠮᠤ︕ | ᠲᠤᠨᠳᠠᠷᠠᠰᠢ ᠥᠬᠡᠢ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠬᠤᠨᠢᠨ ᠤ ᠤᠩᠭᠠᠰᠤ ᠶᠢ ᠵᠤᠯᠠᠵᠤ | ᠬᠤᠶᠠᠷ ᠮᠤᠷᠢ ᠪᠠᠷ ᠲᠠᠳᠠᠭᠤᠯᠤᠭᠰᠠᠨ | ᠠᠬᠠᠷ ᠤᠷᠳᠤ ᠶᠢ ᠵᠤᠯᠠᠵᠤ | ᠠᠭᠳᠠ ᠮᠤᠷᠢ ᠪᠠᠷ ᠲᠠᠳᠠᠭᠤᠯᠤᠭᠰᠠᠨ | ᠴᠠᠰᠤ ᠴᠠᠭᠠᠨ ᠢᠰᠡᠬᠡᠢ | ᠴᠠᠷᠪᠠᠭᠠ ᠪᠤᠯᠤᠨ ᠲᠤᠭᠤᠷᠭ᠎ᠠ ᠶᠢ ᠴᠢᠨᠢ | ᠠᠯᠳᠠᠨ ᠵᠢᠭᠠᠰᠤᠨ ᠳᠤ ᠰᠢᠨᠵᠢ ᠲᠠᠢ | ᠠᠷᠤ ᠥᠪᠥᠷ ᠲᠡᠬᠡᠪᠥᠷ ᠢ ᠴᠢᠨᠢ | ᠨᠠᠩᠴᠢᠳ ᠪᠠᠳᠮ᠎ᠠ ᠶᠢᠨ ᠲᠡᠪᠢᠰᠬᠡᠷ ᠮᠡᠳᠥ | ᠨᠠᠪᠴᠢᠨ ᠬᠡᠯᠪᠡᠷᠢᠳᠥ ᠬᠥᠯᠳᠡᠷᠬᠡ ᠶᠢ ᠴᠢᠨᠢ | ᠠᠷᠢᠭᠤᠨ ᠲᠠᠯᠠᠢ ᠶᠠᠩᠵᠤ ᠲᠠᠢ | ᠠᠮᠨ ᠲᠥᠷᠪᠡᠯᠵᠢᠨ ᠡᠷᠥᠬᠡ ᠶᠢ ᠴᠢᠨᠢ | ᠥᠯᠵᠡᠢ ᠤᠳᠠᠰᠤᠨ ᠰᠥᠯᠵᠢᠶᠡᠰᠥ ᠲᠠᠢ | ᠡᠬᠦᠳᠡᠨ ᠲᠡᠷᠢᠬᠦᠳᠡᠨ ᠶᠢ ᠴᠢᠨᠢ ᠮᠢᠯᠠᠭᠠᠮᠤ︕ | ᠥᠨᠢᠷ ᠶᠡᠭᠡ ᠪᠤᠶᠠᠨ ᠬᠡᠰᠢᠭ | ᠡᠨᠡ ᠬᠡᠷ ᠳᠤ ᠤᠷᠤᠰᠢᠬᠤ ᠪᠤᠯᠳᠤᠭᠠᠢ︕ | ᠪᠤᠷᠤᠭᠤ ᠵᠥᠪ ᠨᠡᠶᠢᠯᠡᠬᠦᠯᠥᠭᠰᠡᠨ | ᠪᠤᠳᠤᠭ ᠤᠨ ᠥᠩᠬᠡ ᠪᠠᠷ ᠲᠠᠭᠠᠷᠠᠭᠤᠯᠤᠭᠰᠠᠨ | ᠰᠤᠯᠤᠭᠠᠢ ᠪᠤᠷᠤᠭᠤ ᠪᠠᠷ ᠨᠡᠶᠢᠳᠡᠬᠡᠭᠰᠡᠨ | ᠰᠤᠯᠤᠩᠭ᠎ᠠ ᠶᠢᠨ ᠥᠩᠬᠡ ᠪᠠᠷ ᠲᠠᠭᠠᠷᠠᠭᠤᠯᠤᠭᠰᠠᠨ | ᠤᠯᠠᠨ ᠤᠭᠤᠰᠤᠷ ᠪᠥᠬᠦᠨ ᠢ ᠴᠢᠨᠢ | ᠤᠷᠤ ᠤᠷᠤ ᠳᠤ ᠨᠢ ᠮᠢᠯᠠᠭᠠᠮᠤ︕ · | ᠤᠨᠴᠠ ᠶᠡᠭᠡ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠤᠷᠤᠭᠰᠠᠨ ᠪᠤᠤᠷ᠎ᠠ ᠶᠢᠨ ᠵᠤᠭᠳᠤᠷ ᠢᠶᠠᠷ | ᠤᠷᠢᠶᠠᠨ ᠲᠠᠮᠤᠵᠤ ᠬᠢᠭᠰᠡᠨ | ᠤᠭᠳᠠᠷᠭᠤᠢ ᠶᠢᠨ ᠵᠢᠪᠠᠷ ᠰᠠᠯᠬᠢᠨ ᠤ | ᠲᠠᠷᠤᠯᠭ᠎ᠠ ᠪᠤᠯᠭᠠᠨ ᠵᠤᠬᠢᠶᠠᠭᠰᠠᠨ | ᠬᠤᠯᠠᠨ ᠴᠢᠬᠢᠳᠤ ᠶᠢᠨ ᠲᠡᠯ ᠢᠶᠠᠷ ᠨᠢ | ᠡᠷᠴᠢᠯᠡᠨ ᠲᠠᠮᠤᠵᠤ ᠬᠢᠭᠰᠡᠨ | ᠬᠤᠷᠮᠤᠰᠳᠠ ᠶᠢᠨ ᠵᠢᠪᠠᠷ ᠰᠠᠯᠬᠢᠨ ᠤ | ᠲᠠᠷᠤᠯᠭ᠎ᠠ ᠪᠤᠯᠭᠠᠨ ᠵᠤᠬᠢᠶᠠᠭᠰᠠᠨ | ᠭᠠᠵᠠᠷ ᠠᠴᠠ ᠥᠯᠥ ᠰᠠᠯᠬᠤ | ᠭᠠᠩ ᠲᠡᠮᠥᠷ ᠭᠠᠳᠠᠰᠤᠳᠤ | ᠵᠢᠪᠬᠤᠯᠠᠩᠳᠤ ᠬᠡᠷ ᠤᠨ ᠴᠢᠨᠢ ᠰᠥᠯᠳᠠ | ᠵᠢᠳᠤᠭᠠ ᠶᠢ ᠴᠢᠨᠢ ᠮᠢᠯᠠᠭᠠᠮᠤ | ᠵᠢᠷᠭᠠᠯ ᠢ ᠢᠪᠡᠬᠡᠭᠴᠢ ᠪᠤᠶᠠᠨ | ᠡᠨᠡ ᠬᠡᠷ ᠲᠤ ᠤᠷᠤᠰᠢᠬᠤ ᠪᠤᠯᠳᠤᠭᠠᠢ︕ | ᠤᠭᠳᠠᠷᠭᠤᠢ ᠶᠢᠨ ᠰᠠᠯᠬᠢᠨ ᠳᠤ ᠨᠢ | ᠲᠥᠰᠢᠯᠬᠡ ᠪᠤᠯᠤᠭᠰᠠᠨ ᠪᠠᠭᠠᠨ᠎ᠠ | ᠤᠷᠳᠤᠨ ᠴᠠᠭᠠᠨ ᠥᠷᠥᠬᠡᠨ ᠳᠤᠨᠢ | ᠲᠤᠯᠭᠠᠭᠤᠷᠢ ᠪᠤᠯᠤᠭᠰᠠᠨ ᠪᠠᠭᠠᠨ᠎ᠠ | ᠠᠭᠠᠷ ᠤᠨ ᠰᠠᠯᠬᠢᠨ ᠳᠤ ᠨᠢ | ᠲᠥᠰᠢᠯᠬᠡ ᠪᠤᠯᠤᠭᠰᠠᠨ ᠪᠠᠭᠠᠨ᠎ᠠ | ᠠᠷᠪᠠᠨ ᠬᠠᠨᠠᠳᠤ ᠶᠢᠨ ᠥᠷᠥᠬᠡᠨ ᠳᠤᠨᠢ | ᠲᠤᠯᠭᠠᠭᠤᠷᠢ ᠪᠤᠯᠤᠭᠰᠠᠨ ᠪᠠᠭᠠᠨ᠎ᠠ | ᠲᠥᠬᠦᠷᠢᠭ ᠴᠠᠭᠠᠨ ᠬᠡᠷ ᠤᠨ | ᠲᠤᠭᠤᠨᠤ ᠶᠢ ᠨᠢ ᠭᠤᠤᠯᠳᠠᠨ ᠲᠤᠯᠳᠠᠭ | ᠲᠥᠷᠥ ᠶᠢᠨ ᠬᠡᠯᠬᠢᠶ᠎ᠡ ᠪᠠᠶᠢᠭᠤᠯᠬᠤ ᠳᠤ | ᠡᠬᠦᠳᠡᠨ ᠭᠤᠤᠯ ᠳᠤᠨᠢ ᠲᠠᠷᠤᠳᠠᠭ | ᠪᠠᠳᠤ ᠰᠠᠯᠠᠭ᠎ᠠ ᠠᠴᠠ ᠲᠠᠢ | ᠪᠠᠭᠠᠨ᠎ᠠ ᠶᠢ ᠴᠢᠨᠢ ᠮᠢᠯᠠᠭᠠᠮᠤ︕ | ᠪᠠᠷᠠᠭᠳᠠᠰᠢ ᠥᠬᠡᠢ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠪᠠᠷᠠᠭᠤᠨ ᠡᠮᠥᠨ᠎ᠡ ᠲᠠᠯᠪᠢᠭᠰᠠᠨ | ᠪᠠᠳᠤ ᠤᠯᠠᠭᠠᠨ ᠠᠪᠳᠠᠷ᠎ᠠ ᠳᠤᠨᠢ | ᠥᠬᠡᠳᠡᠩ ᠬᠤᠷᠭᠤᠢ ᠬᠤᠶᠢᠯᠠᠭᠠᠰᠤᠳᠠᠢ | ᠥᠩᠬᠡᠳᠥ ᠮᠠᠩᠨᠤᠭ ᠡᠪᠬᠡᠬᠡᠰᠥᠳᠡᠢ | ᠬᠠᠮᠪᠤ ᠲᠤᠷᠭ᠎ᠠ ᠬᠤᠶᠢᠯᠠᠭᠠᠰᠤᠳᠠᠢ | ᠬᠠᠯᠢᠭᠤ ᠪᠤᠯᠠᠭ᠎ᠠ ᠲᠡᠯᠬᠡᠰᠥᠳᠡᠢ | ᠬᠠᠮᠳᠤ ᠪᠥᠬᠦᠳᠡ ᠶᠢ ᠮᠢᠯᠠᠭᠠᠮᠤ | ᠬᠠᠮᠤᠭ ᠶᠡᠭᠡ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ | ᠪᠤᠳᠢ ᠮᠤᠳᠤᠨ ᠰᠢᠷᠡᠭᠡ ᠶᠢ | ᠪᠠᠷᠠᠭᠤᠨ ᠬᠤᠶᠢᠨ᠎ᠠ ᠪᠠᠨ ᠲᠠᠯᠪᠢᠭᠰᠠᠨ | ᠪᠤᠷᠬᠠᠨ ᠵᠠᠯᠠᠬᠤ ᠬᠥᠩᠬᠡᠷᠸᠠ ᠶᠢ | ᠪᠠᠰᠨ ᠲᠡᠬᠡᠷ᠎ᠡ ᠨᠢ ᠲᠤᠬᠢᠶᠠᠭᠰᠠᠨ | ᠠᠨᠳᠤᠤ ᠲᠥᠪᠡᠳ ᠲᠤ ᠱᠥᠩᠰᠢᠭᠯᠡᠭᠰᠡᠨ | ᠠᠯᠳᠠ ᠮᠥᠩᠬᠦ ᠪᠠᠷ ᠪᠥᠳᠥᠬᠡᠭᠰᠡᠨ | ᠠᠷᠢᠶᠠᠪᠠᠯᠤ ᠪᠤᠷᠬᠠᠨ ᠢ | ᠠᠰ ᠭᠤᠤᠯ ᠳᠤᠨᠢ ᠵᠠᠯᠠᠭᠰᠠᠨ | ᠤᠭᠠᠯᠵᠨ ᠲᠠᠢ ᠤᠯᠠᠭᠠᠨ ᠬᠤᠪᠬᠢ ᠶᠢ | ᠤᠷᠢᠳᠠᠭᠤᠷ ᠨᠢ ᠲᠠᠯᠪᠢᠭᠰᠠᠨ | ᠤᠳᠤᠯᠭ᠎ᠠ ᠪᠤᠯᠤᠭᠠᠳ ᠬᠥᠵᠢᠰ ᠢ | ᠤᠩᠭᠠᠰᠭᠠᠮᠠᠨ ᠠᠷᠢᠭᠤᠯᠤᠭᠰᠠᠨ | ᠤᠳᠪᠠᠯᠠ ᠵᠠᠮᠪᠠᠭ᠎ᠠ ᠲᠡᠷᠢᠬᠦᠳᠡᠨ ᠢ | ᠤᠷᠠᠨ ᠨᠠᠷᠢᠨ ᠵᠢᠭᠰᠠᠭᠠᠭᠰᠠᠨ | ᠢᠵᠢᠯ ᠨᠠᠢᠮᠠᠨ ᠲᠠᠬᠢᠯ ᠢ | ᠢᠷᠮᠡᠭ ᠲᠤᠯᠭᠠᠨ ᠵᠢᠭᠳᠡᠷᠡᠬᠦᠯᠥᠭᠰᠡᠨ | ᠢᠪᠡᠬᠡᠯᠳᠥ ᠮᠥᠩᠬᠡ ᠶᠢᠨ ᠵᠤᠯᠨ ᠶᠢ | ᠲᠡᠬᠦᠨ ᠤ ᠴᠠᠭᠠᠨ᠎ᠠ ᠨᠢ ᠪᠠᠳᠮᠠᠯᠠᠭᠤᠯᠤᠭᠰᠠᠨ | ᠪᠤᠷᠬᠠᠨ ᠪᠤᠯᠤᠨ ᠲᠠᠬᠢᠯ ᠢ ᠴᠢᠨᠢ | ᠪᠤᠯᠳᠤ ᠶᠢ ᠢᠷᠥᠬᠡᠨ ᠮᠢᠯᠢᠶᠠᠮᠤ᠃ | ᠪᠤᠴᠠᠯᠳᠠ ᠥᠬᠡᠢ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ︕ | ᠠᠰᠤᠷᠤ ᠲᠥᠷᠪᠡᠨ ᠤᠨᠢ ᠲᠠᠢ | ᠠᠪᠤᠷᠭᠤ ᠲᠡᠰ ᠤᠨ ᠫᠡᠩᠰᠡ ᠲᠠᠢ | ᠠᠯᠳᠠᠨ ᠮᠥᠩᠬᠦᠨ ᠲᠤᠯᠢ ᠲᠠᠢ | ᠠᠮᠠᠨ ᠬᠡᠰᠢᠭ ᠤᠨ ᠢᠪᠡᠬᠡᠯ ᠲᠠᠢ | ᠠᠮᠤᠷ ᠮᠡᠨᠳᠥ ᠶᠢᠨ ᠢᠷᠥᠬᠡᠯ ᠲᠠᠢ | ᠠᠯᠢᠪᠠ ᠰᠠᠶᠢᠨ ᠤ ᠪᠡᠯᠬᠡᠳᠡᠯ ᠲᠠᠢ | ᠠᠷᠢᠭᠤᠨ ᠪᠤᠶᠠᠨᠳᠤ ᠲᠠᠯᠠᠯᠭ᠎ᠠ ᠶᠢ ᠴᠢᠨᠢ ᠮᠢᠯᠢᠶᠠᠮᠤ᠃ | ᠠᠰᠢᠳᠠ ᠶᠢᠨ ᠶᠡᠭᠡ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ︕ | ᠪᠠᠷᠠᠭᠤᠨ ᠬᠤᠶᠢᠨ᠎ᠠ ᠲᠠᠯᠪᠢᠭᠰᠠᠨ | ᠪᠠᠷᠠᠭᠠᠨ ᠤ ᠥᠵᠥᠬᠦᠷ ᠪᠠᠶᠢᠷᠢᠯᠠᠭᠠᠳᠠᠢ | ᠵᠠᠭᠠᠳᠠᠰᠤ ᠵᠥᠢᠳᠡᠰᠥ ᠥᠨᠴᠥᠭ ᠲᠠᠢ | ᠵᠠᠩᠬᠢᠶ᠎ᠠ ᠡᠷᠳᠡᠨᠢ ᠶᠢᠨ ᠵᠢᠷᠥᠬᠡ ᠲᠠᠢ | ᠵᠠᠩ ᠠᠪᠳᠠᠷ᠎ᠠ ᠶᠢ ᠴᠢᠨᠢ ᠮᠢᠯᠢᠶᠠᠮᠤ᠃ | ᠵᠠᠶᠢᠯᠠᠰᠢ ᠥᠬᠡᠢ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ᠂ | ᠲᠡᠪᠰᠡᠭ ᠲᠥᠷᠪᠡᠨ ᠥᠨᠴᠥᠭ ᠲᠠᠢ | ᠲᠡᠭᠰᠢᠬᠡᠨ ᠲᠥᠷᠪᠡᠨ ᠬᠥᠯ ᠲᠠᠢ | ᠲᠡᠯᠬᠡᠵᠥ ᠲᠠᠯᠪᠢᠬᠤ ᠪᠥᠷᠬᠦᠬᠦᠯ ᠲᠠᠢ | ᠲᠡᠬᠡᠷ᠎ᠡ ᠪᠠᠨ ᠭᠤᠷᠪᠠᠨ ᠤᠯᠪᠤᠭ ᠲᠠᠢ | ᠠᠯᠳᠠᠨ ᠯᠤᠤ ᠶᠢᠨ ᠴᠠᠪᠴᠢᠭᠠᠷ ᠲᠠᠢ | ᠠᠮᠢᠳᠤ ᠴᠢᠨᠳᠠᠮᠤᠨᠢ ᠡᠷᠳᠡᠨᠢ ᠲᠠᠢ | ᠠᠭᠠᠷ ᠤᠨ ᠨᠠᠷᠠᠨ ᠤ ᠲᠤᠰᠬᠠᠯ ᠲᠠᠢ | ᠠᠷᠤᠳᠠᠢ ᠴᠢᠩᠪᠠᠨ ᠭᠠᠳᠠᠷ ᠲᠠᠢ | ᠠᠬᠠᠷ ᠢᠰᠢᠬᠡᠢ ᠲᠤᠳᠤᠷ ᠲᠠᠢ | ᠠᠰᠠᠭᠠᠭᠰᠠᠨ ᠪᠠᠮᠪᠠᠷ ᠵᠢᠷᠤᠭ ᠲᠠᠢ | ᠲᠡᠷᠡ ᠪᠤᠯᠤᠨ ᠤᠷᠤ ᠶᠢ ᠴᠢᠨᠢ | ᠲᠡᠭᠰᠢ ᠪᠥᠷᠢᠨ ᠮᠢᠯᠢᠶᠠᠮᠤ᠃ | ᠲᠡᠯᠬᠡᠷ ᠶᠡᠭᠡ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ︕ | ᠬᠥᠨᠳᠥᠳᠥ ᠶᠡᠭᠡ ᠲᠥᠷᠥ ᠳᠤᠨᠢ | ᠡᠮᠥᠰᠥᠨᠡ ᠬᠡᠮᠡᠨ ᠪᠡᠯᠡᠳᠬᠡᠭᠰᠡᠨ | ᠬᠥᠮᠥᠨ ᠤ ᠥᠪᠡᠷ ᠤᠨ ᠨᠢᠳᠤᠨ ᠳᠤᠨᠢ | ᠥᠵᠡᠮᠵᠢ ᠪᠤᠯᠭᠠᠨ ᠲᠠᠯᠪᠢᠭᠰᠠᠨ | ᠬᠥᠷᠬᠡᠨ ᠬᠡᠤᠬᠡᠨ ᠤ ᠬᠤᠪᠴᠠᠰᠤ ᠶᠢ | ᠥᠪᠴᠢ ᠪᠥᠷᠢᠨ ᠲᠠᠭᠠᠷᠠᠭᠤᠯᠤᠭᠠᠳ | ᠠᠳᠡ ᠪᠥᠬᠦᠨ ᠢ ᠮᠢᠯᠢᠶᠠᠮᠤ᠃ | ᠡᠳ᠋ ᠤᠨ ᠶᠡᠭᠡ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ︕ | ᠬᠠᠷ᠎ᠠ ᠮᠤᠳᠤ ᠶᠢ ᠬᠠᠷᠠᠭᠤᠯᠳᠤᠨ ᠬᠢᠭᠰᠡᠨ | ᠬᠠᠨ᠎ᠠ ᠶᠢᠨ ᠬᠡ ᠪᠠᠷ ᠴᠢᠮᠡᠭᠯᠡᠨ ᠬᠢᠭᠰᠡᠨ | ᠬᠠᠯᠢᠭᠤ ᠪᠤᠯᠭ᠎ᠠ᠂ ᠬᠠᠮᠪᠤ ᠲᠤᠷᠭ᠎ᠠ | ᠬᠠᠰ ᠮᠠᠨᠤ᠂ ᠲᠠᠨ᠎ᠠ ᠰᠤᠪᠤᠳ | ᠬᠠᠮᠤᠭ ᠥᠨᠡᠳᠡᠢ ᠡᠷᠳᠡᠨᠢᠰ ᠬᠠᠳᠠᠭᠠᠯᠠᠭᠰᠠᠨ | ᠵᠥᠷ ᠭᠤᠷ ᠢ ᠲᠡᠭᠳᠡᠬᠦᠯᠵᠥ | ᠵᠢᠬᠦᠷᠳᠡᠨ ᠲᠤᠭᠤᠰ ᠢ ᠨᠢᠰᠬᠡᠭᠰᠡᠨ | ᠤᠳᠠᠪᠠᠯ᠎ᠠ ᠯᠢᠩᠬᠤᠸ᠎ᠠ ᠲᠡᠯᠬᠡᠷᠡᠬᠦᠯᠵᠥ | ᠤᠯᠠᠭᠠᠨ ᠨᠤᠭᠤᠭᠠᠨ ᠢᠶᠠᠷ ᠱᠢᠷᠳᠡᠭᠰᠡᠨ | ᠵᠥᠢᠯ ᠤᠨ ᠰᠠᠶᠢᠬᠠᠨ ᠵᠢᠷᠤᠭ ᠲᠠᠢ | ᠵᠡᠬᠦᠨ ᠠᠪᠳᠠᠷ᠎ᠠ ᠶᠢ ᠴᠢᠨᠢ ᠮᠢᠯᠢᠶᠠᠮᠤ᠃ | ᠵᠥᠢᠷᠯᠡᠰᠢ ᠥᠬᠡᠢ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ︕ | ᠤᠭᠠᠯᠵᠨ ᠡᠰᠬᠡᠳᠡᠭ ᠬᠠᠶᠢᠴᠢ | ᠤᠷᠠᠯᠠᠵᠤ ᠤᠶᠤᠳᠠᠭ ᠵᠡᠬᠦᠥ | ᠤᠨᠠᠭᠠᠵᠤ ᠨᠠᠭᠠᠳᠠᠭ ᠢᠯᠤᠤᠷ | ᠤᠳᠠᠰᠤ ᠬᠤᠸᠠᠷ ᠤᠨ ᠪᠥᠥᠷᠡᠯᠵᠢ | ᠨᠠᠷᠢᠨ ᠶᠠᠭᠤᠮᠠᠰ ᠬᠢᠳᠡᠭ | ᠨᠠᠢᠮᠠᠨ ᠥᠨᠴᠥᠭᠳᠥ ᠬᠠᠶᠢᠷᠴᠠᠭ ᠢ ᠴᠢᠨᠢ | ᠵᠡᠬᠦᠨ ᠠᠪᠳᠠᠷ᠎ᠠ ᠲᠡᠬᠡᠷᠡᠬᠢ ᠶᠢ | ᠵᠥᠢ ᠡᠷᠡᠮᠪᠡ ᠪᠠᠷ ᠨᠢ ᠮᠢᠯᠢᠶᠡᠮᠤ᠃ | ᠵᠤᠵᠠᠭᠠᠨ ᠶᠡᠭᠡ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ︕ | ᠬᠤᠰᠤ ᠮᠤᠳᠤᠨ ᠪᠥᠳᠥᠴᠡ ᠲᠠᠢ | ᠬᠤᠶᠠᠷ ᠢᠵᠢᠯ ᠨᠡᠬᠡᠬᠡᠯᠬᠡᠢ ᠲᠠᠢ | ᠬᠤᠷᠢᠶᠠᠵᠤ ᠬᠠᠳᠠᠭᠠᠯᠠᠬᠤ ᠪᠠᠭᠳᠠᠭᠠᠮᠵᠢ ᠲᠠᠢ | ᠬᠤᠷᠭᠤ ᠶᠢ ᠴᠢᠨᠢ ᠮᠢᠯᠢᠶᠠᠮᠤ᠃ | ᠠᠩᠬᠢ ᠨᠠᠢᠮᠠᠨ ᠥᠨᠴᠥᠭ ᠲᠠᠢ | ᠠᠷᠪᠠᠨ ᠵᠢᠷᠭᠤᠭᠠᠨ ᠢᠯᠠᠤ ᠲᠠᠢ | ᠠᠭᠠᠷᠤ ᠰᠠᠭᠤᠯᠭ᠎ᠠ ᠶᠢᠨ ᠲᠠᠯᠪᠢᠭᠤᠷ | ᠡᠷᠬᠢᠬᠦᠯᠬᠡ ᠶᠢ ᠴᠢᠨᠢ ᠮᠢᠯᠢᠶᠠᠮᠤ᠃ | ᠡᠩ ᠥᠬᠡᠢ ᠶᠡᠭᠡ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ︕ | ᠤᠳᠤᠮᠳᠤ ᠬᠥᠮᠥᠨ ᠢᠶᠠᠷ ᠡᠰᠬᠡᠬᠦᠯᠥᠭᠰᠡᠨ | ᠤᠷᠠᠨ ᠬᠥᠮᠥᠨ ᠢᠶᠠᠷ ᠰᠢᠷᠡᠬᠦᠯᠥᠭᠰᠡᠨ | ᠡᠪ ᠲᠠᠢ ᠬᠥᠮᠥᠨ ᠢᠶᠠᠷ ᠡᠰᠬᠡᠬᠦᠯᠥᠭᠰᠡᠨ | ᠡᠷᠳᠡᠮ ᠲᠠᠢ ᠬᠥᠮᠥᠨ ᠢᠶᠠᠷ ᠱᠢᠷᠳᠡᠬᠦᠯᠥᠭᠰᠡᠨ | ᠰᠢᠨᠵᠢᠵᠤ ᠬᠠᠷᠠᠬᠤ ᠳᠤ ᠰᠠᠶᠢᠬᠠᠨ ᠬᠡᠳ | ᠰᠢᠷᠡᠬᠡᠰᠥ ᠤᠭᠠᠯᠵᠨ ᠭᠠᠷᠭᠠᠭᠰᠠᠨ | ᠠᠵᠢᠭᠯᠠᠵᠤ ᠬᠠᠷᠠᠬᠤ ᠳᠤ ᠰᠠᠶᠢᠬᠠᠨ ᠬᠡᠳ | ᠠᠷᠠᠭ᠎ᠠ ᠬᠠᠮᠪᠤ ᠶᠢ ᠬᠠᠳᠬᠤᠭᠤᠯᠤᠭᠰᠠᠨ | ᠤᠯᠤᠰ ᠢ ᠥᠵᠡᠬᠦ ᠳᠤ ᠰᠠᠶᠢᠬᠠᠨ ᠬᠡᠳ | ᠤᠭᠠᠯᠵᠨ ᠤᠳᠠᠰᠤ ᠰᠥᠯᠵᠢᠬᠦᠯᠥᠭᠰᠡᠨ | ᠤᠷᠳᠤ ᠴᠠᠭᠠᠨ ᠲᠤᠭᠤᠷᠢᠭᠤᠯᠭᠠᠨ ᠤ | ᠠᠭᠤᠯᠵᠠᠷ ᠲᠡᠬᠡᠷ᠎ᠡ ᠨᠢ ᠮᠢᠯᠢᠶᠡᠮᠤ᠃ | ᠮᠠᠨ ᠤ ᠳᠤ ᠪᠠᠶᠢᠪᠠᠯ ᠤᠩᠭᠠᠰᠤ | ᠮᠠᠨᠵᠤ ᠳᠤ ᠪᠠᠶᠢᠪᠠᠯ ᠬᠢᠪᠢᠰ | ᠲᠠᠷᠭᠤᠨ ᠬᠤᠨᠢᠨ ᠤ ᠨᠤᠤᠰᠤ | ᠲᠠᠪᠤᠯᠠᠭ ᠪᠤᠯᠤᠨ ᠮᠠᠶᠥᠶᠢᠰ ᠶᠢ ᠴᠢᠨᠢ | ᠲᠠᠭᠠᠷᠠᠭᠤᠯᠵᠤ ᠪᠥᠬᠦᠨ ᠢ ᠮᠢᠯᠢᠶᠠᠮᠤ᠃ | ᠲᠠᠪᠠᠳᠠᠢ ᠶᠡᠭᠡ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠲᠥᠷᠥ ᠶᠢᠨ ᠲᠥᠷᠪᠡᠨ ᠤᠴᠤᠭ ᠲᠠᠢ | ᠲᠥᠬᠦᠷᠢᠭ ᠭᠤᠷᠪᠠᠨ ᠴᠠᠭᠠᠷᠢᠭ ᠲᠠᠢ | ᠲᠥᠰᠢᠬᠦ ᠲᠥᠷᠪᠡᠨ ᠰᠢᠬᠢᠷ᠎ᠡ ᠲᠠᠢ | ᠲᠡᠮᠥᠷ ᠪᠡᠭᠡ ᠬᠠᠳᠠᠭᠠᠷ ᠲᠠᠢ | ᠭᠠᠩ ᠡᠷᠳᠡᠨᠢ ᠲᠤᠯᠭ᠎ᠠ | ᠭᠠᠯ ᠭᠤᠯᠤᠮᠳᠠ ᠶᠢ ᠴᠢᠨᠢ ᠮᠢᠯᠠᠭᠠᠮᠤ︕ | ᠪᠠᠯᠪᠠ ᠶᠢᠨ ᠲᠠᠷᠬᠠᠨ ᠪᠠᠯᠪᠠᠵᠤ ᠬᠢᠭᠰᠡᠨ | ᠪᠠᠰᠠ ᠨᠢᠬᠡ ᠲᠠᠷᠬᠠᠨ ᠲᠠᠪᠳᠠᠵᠤ ᠬᠢᠭᠰᠡᠨ | ᠬᠠᠶᠢᠴᠢ ᠲᠡᠮᠥᠷ ᠶᠢ ᠴᠢᠨᠢ ᠮᠢᠯᠠᠭᠠᠮᠤ | ᠬᠠᠮᠤᠭ ᠶᠡᠭᠡ ᠪᠤᠶᠠᠨ | ᠡᠨᠡ ᠬᠡᠷ ᠲᠤ ᠤᠷᠤᠰᠢᠬᠤ ᠪᠤᠯᠳᠤᠭᠠᠢ | ᠠᠷᠴᠠ ᠽᠠᠨᠳᠠᠨ ᠮᠤᠳᠤ ᠪᠠᠷ ᠨᠢ | ᠠᠶᠢᠷᠠᠭ ᠤᠨ ᠭᠠᠩ ᠢ ᠨᠢ ᠬᠢᠭᠰᠡᠨ | ᠪᠡᠭᠡ ᠴᠠᠷᠠᠰᠤᠨ ᠮᠤᠳᠤ ᠪᠠᠷ ᠨᠢ | ᠪᠥᠯᠢᠬᠦᠷ ᠢ ᠨᠢ ᠵᠠᠰᠠᠵᠤ ᠬᠢᠭᠰᠡᠨ | ᠠᠪᠤ ᠡᠵᠢ ᠬᠥᠷᠥᠩᠬᠡᠯᠡᠭᠰᠡᠨ | ᠠᠶᠢᠷᠠᠭ ᠢ ᠴᠢᠨᠢ ᠮᠢᠯᠠᠭᠠᠮᠤ︕ | ᠠᠰᠤᠷᠤ ᠶᠡᠭᠡ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ | ᠲᠠᠯᠠᠢ ᠡᠵᠢ ᠶᠢᠨ ᠬᠡᠰᠢᠭ | ᠲᠠᠪᠤᠰᠤ ᠬᠤᠵᠢᠷ ᠤᠨ ᠲᠠᠭᠠᠷᠴᠤᠭ | ᠠᠶᠠᠭ᠎ᠠ ᠱᠠᠭᠠᠵᠠᠩ ᠰᠠᠪᠬ᠎ᠠ ᠲᠠᠢ | ᠠᠮᠠᠪᠠᠨ ᠭᠠᠮᠵᠢᠩ ᠪᠤᠤᠳᠤᠤ ᠲᠠᠢ | ᠠᠯᠤᠬ᠎ᠠ ᠰᠥᠬᠡ ᠪᠠᠷᠢᠭᠤᠯ ᠲᠠᠢ | ᠠᠮᠤ ᠪᠤᠳᠠᠭ᠎ᠠ ᠬᠡᠤᠳᠡᠢ ᠲᠠᠢ | ᠲᠡᠯᠪᠡ ᠲᠤᠭᠤᠭ᠎ᠠ ᠬᠠᠪᠬᠠᠭᠠᠰᠤ ᠲᠠᠢ | ᠲᠡᠪᠤᠷ᠎ᠡ ᠬᠤᠤ ᠨᠢ ᠲᠠᠭᠯᠠᠭ᠎ᠠ ᠲᠠᠢ | ᠳ᠋ᠧᠩ ᠤᠨ ᠲᠠᠩᠬᠠᠨ ᠨᠢ ᠬᠠᠳᠬᠤᠭᠤᠷ ᠲᠠᠢ | ᠲᠡᠷᠡᠰᠤᠨ ᠱᠥᠬᠦᠷ ᠨᠢ ᠪᠤᠭᠤᠯᠳᠠ ᠲᠠᠢ | ᠲᠡᠭᠰᠢ ᠪᠥᠷᠢᠨ ᠮᠢᠯᠠᠭᠠᠮᠤ | ᠲᠡᠯᠬᠡᠷ ᠶᠡᠭᠡ ᠪᠤᠶᠠᠨ ᠬᠡᠰᠢᠭ | ᠡᠨᠡ ᠬᠡᠷ ᠲᠤ ᠤᠷᠤᠰᠢᠬᠤ ᠪᠤᠯᠳᠤᠭᠠᠢ︕ | ᠬᠤᠪᠢᠩ ᠲᠠᠢ ᠲᠤᠰᠤ | ᠬᠤᠸᠠᠨᠵᠢ ᠲᠠᠢ ᠬᠤᠷᠤᠳ | ᠪᠤᠳᠤᠩ ᠲᠠᠢ ᠠᠴᠠ ᠠᠷᠢᠬᠢ | ᠪᠤᠷᠳᠤᠭᠤ ᠲᠠᠢ ᠠᠴᠠ ᠴᠠᠢ | ᠲᠠᠭᠤ ᠲᠠᠢ ᠡᠴᠠᠬᠤᠭᠤᠷ | ᠴᠤᠤᠳᠠᠢ ᠠᠴᠠ ᠯᠢᠩᠪᠦ | ᠥᠷᠥᠨ ᠲᠤᠭᠯᠠᠬᠤ ᠰᠢᠳᠠᠷ᠎ᠠ | ᠤᠷᠬᠢᠨ ᠨᠠᠭᠠᠳᠬᠤ ᠱᠠᠭ᠎ᠠ | ᠵᠢᠰᠥ ᠥᠵᠡᠬᠦ ᠲᠤᠯᠢ | ᠵᠡᠬᠦᠵᠥ ᠶᠠᠪᠤᠬᠤ ᠰᠢᠯ | ᠱᠥᠬᠦᠷ ᠰᠠᠮ᠂ ᠰᠢᠳᠥᠨ ᠤ ᠤᠸᠠ | ᠪᠢᠷ ᠴᠠᠭᠠᠰᠤ ᠪᠢᠴᠢᠭ ᠤᠨ ᠬᠡᠷᠡᠭᠰᠡᠯ | ᠡᠷ᠎ᠡ ᠶᠢᠨ ᠵᠤᠳᠤᠭ ᠡᠪ ᠤᠨ ᠴᠠᠪᠠᠤ | ᠲᠥᠩᠫᠧᠩ ᠰᠠᠪᠠ ᠲᠥᠷᠥᠬᠡ ᠰᠠᠭᠤᠯᠭ᠎ᠠ | ᠲᠤᠭᠤᠭᠠᠨ ᠱᠥᠬᠦᠷ ᠲᠤᠭᠤᠰᠤᠨ ᠤ ᠬᠥᠪᠢᠬᠦᠷ | ᠤᠨᠢᠰᠤ ᠲᠥᠯᠬᠢᠬᠦᠷ ᠤᠰᠤᠨ ᠲᠠᠮᠵᠢᠭᠤᠷ | ᠤᠭᠤᠷ ᠮᠠᠨᠴᠤ ᠤᠳᠤᠭᠠᠨ ᠤ ᠪᠠᠷᠢᠭᠤᠯ | ᠠᠷᠤᠭ ᠰᠠᠪᠠᠷ᠂ ᠠᠴᠨ ᠪᠤᠯᠭᠠᠷᠢ | ᠬᠥᠷᠵᠨ ᠵᠡᠬᠡᠳᠥᠥ᠂ ᠬᠢᠷᠥᠬᠡ ᠤᠭᠤᠯᠢ | ᠮᠤᠷᠢᠨ ᠤ ᠮᠠᠭᠠᠵᠢᠭᠤᠷ ᠮᠤᠤᠷ ᠤᠨ ᠢᠳᠡᠬᠦᠷ | ᠭᠠᠳᠠᠨ᠎ᠠ ᠪᠠᠶᠢᠬᠤ ᠭᠠᠷᠵᠢ ᠶᠢᠨ ᠲᠠᠪᠰᠢ | ᠥᠯᠡᠳᠡᠬᠡᠯ ᠥᠬᠡᠢ ᠪᠥᠬᠦᠨ ᠢ ᠮᠢᠯᠢᠶᠡᠮᠤ᠃ | ᠥᠯᠵᠡᠢ ᠲᠠᠢ ᠶᠡᠭᠡ ᠪᠤᠶᠠᠨ ᠬᠡᠰᠢᠭ | ᠡᠨᠡ ᠬᠡᠷ ᠲᠤᠷ ᠤᠷᠤᠰᠢᠬᠤ ᠪᠤᠯᠳᠤᠭᠠᠢ︕ | | | |