ᠴᠣᠶᠢᠵᠢᠡᠣᠳᠰᠡᠷ
ᠨᠡᠶᠢᠲᠡᠯᠡᠭᠰᠡᠨ ᠴᠠᠭ᠄
2019/2/18
ᠪᠠᠷᠤᠭ 1260 ᠣᠨ ᠤ ᠦᠶ᠎ᠡ ᠪᠠᠷ ᠰᠢᠨᠵᠢᠶᠠᠩ᠂ ᠲᠥᠪᠡᠳ᠂ ᠬᠥᠬᠡᠨᠠᠭᠤᠷ ᠭᠤᠷᠪᠠᠨ ᠤᠷᠠᠨ ᠤ ᠠᠭᠤᠯᠵᠠᠷ ᠲᠤ ᠨᠤᠲᠤᠭᠯᠠᠵᠤ ᠪᠠᠶᠢᠭᠰᠠᠨ᠂ ᠪᠤᠷᠬᠠᠨ ᠤ ᠨᠣᠮ ᠢ ᠭᠦᠨ ᠪᠢᠰᠢᠯᠭᠠᠵᠤ᠂ ᠰᠢᠳᠢ ᠶᠢ ᠣᠯᠣᠭᠰᠠᠨ ᠱᠢᠷᠲᠡᠭᠪᠡ ᠵᠠᠯᠠᠭᠤ ᠭᠡᠷᠡᠯ ᠭᠡᠳᠡᠭ ᠬᠥᠮᠥᠨ ᠤ ᠭᠡᠷ ᠲᠤ ᠲᠥᠷᠥᠵᠡᠢ᠃ ᠲᠡᠭᠦᠨ ᠤ ᠪᠠᠭ᠎ᠠ ᠶᠢᠨ ᠨᠡᠷ᠎ᠡ ᠨᠢ ᠳ᠋ᠮᠢᠳᠳᠣᠷᠵᠢ ᠭᠡᠳᠡᠭ ᠪᠥᠭᠡᠳ ᠲᠦᠢᠨ ᠪᠣᠯᠣᠭᠰᠠᠨ ᠤ ᠬᠤᠶᠢᠨ᠎ᠠ ᠴᠣᠶᠢᠭᠦᠡᠣᠳᠰᠡᠷ ᠬᠡᠮᠡᠨ ᠨᠡᠷᠡᠯᠡᠪᠡ᠃ ᠤᠯᠤᠰ ᠤᠨ ᠪᠠᠭᠰᠢ ᠪᠠᠶᠢᠭᠰᠠᠨ ᠫᠠᠭᠪᠠ ᠲᠡᠭᠦᠨ ᠤ ᠨᠡᠷ᠎ᠡ ᠶᠢ ᠴᠣᠶᠢᠵᠢᠡᠣᠳᠰᠡᠷ ᠭᠡᠵᠦ ᠬᠠᠯᠠᠨ ᠥᠩᠭᠡᠷᠡᠭᠰᠡᠨ ᠪᠥᠭᠡᠳ ᠵᠠᠷᠢᠮ ᠨᠣᠮ ᠰᠤᠳᠤᠷ ᠲᠤ ᠪᠠᠰᠠ ︽ᠨᠣᠮ ᠤᠨ ᠭᠡᠷᠡᠯ — ᠨᠣᠮᠣᠨᠭᠡᠷᠡᠯ︾ ᠭᠡᠵᠦ ᠣᠷᠴᠢᠭᠤᠯᠤᠨ ᠠᠪᠤᠭᠰᠠᠨ ᠪᠠᠶᠢᠳᠠᠭ ᠶᠤᠮ᠃1265 ᠣᠨ ᠳᠤ ᠴᠣᠶᠢᠵᠢᠡᠣᠳᠰᠡᠷ ᠲᠠᠪᠤᠨ ᠨᠠᠰᠤᠲᠠᠢ ᠳᠤ ᠪᠠᠨ ᠰᠦᠮ᠎ᠡ ᠳᠤ ᠰᠠᠭᠤᠵᠤ ᠨᠣᠮ ᠰᠤᠷᠤᠭᠠᠳ᠂ 1295 ᠣᠨ ᠪᠣᠯᠬᠤ ᠳᠤ ᠡᠷᠳᠡᠮ ᠨᠣᠮ ᠳᠤ ᠶᠡᠬᠡᠳᠡ ᠴᠠᠭᠠᠷᠠᠵᠤ᠂ ᠲᠠᠪᠤᠨ ᠤᠬᠠᠭᠠᠨ ᠳᠤ ᠨᠡᠪᠲᠡᠷᠡᠭᠡᠳ ᠪᠠᠷᠠᠭᠤᠨ ᠲᠥᠪᠡᠳ ᠲᠤ ᠠᠯᠳᠠᠷᠰᠢᠵᠠᠢ᠃1295 ᠣᠨ ᠳᠤ ᠥᠯᠵᠡᠶᠢᠲᠦ ᠬᠠᠭᠠᠨ ᠲᠡᠮᠦᠷ ᠤᠨ ᠤᠷᠢᠯᠭ᠎ᠠ ᠪᠠᠷ ᠮᠣᠩᠭᠤᠯ ᠳᠤ ᠢᠷᠡᠵᠦ᠂ ᠵᠠᠷᠯᠢᠭ ᠰᠠᠱᠲᠢᠷ᠂ ᠰᠤᠳᠤᠷ ᠳ᠋ᠡᠨᠳᠡᠷᠧᠰ ︽ᠪᠣᠳᠢᠴᠡᠷ᠎ᠡ ᠠᠸᠠᠲᠡᠷ᠎ᠡ︾ ᠵᠡᠷᠭᠡ ᠣᠯᠠᠨ ᠨᠣᠮ ᠪᠢᠴᠢᠭ ᠢ ᠣᠷᠴᠢᠭᠤᠯᠵᠤ ᠨᠠᠶᠢᠷᠠᠭᠤᠯᠪᠠ᠃1308 — 1311 ᠣᠨ ᠤ ᠬᠤᠭᠤᠷᠣᠨᠳᠤ᠂ ᠬᠠᠶᠢᠰᠠᠩ ᠬᠠᠭᠠᠨ ᠳᠤ ᠬᠦᠨᠳᠦ ᠪᠠᠷ ᠬᠡᠷᠡᠭᠯᠡᠭᠳᠡᠵᠦ ︽ᠪᠠᠵᠠᠷᠠᠭᠴᠠ︾ ︵ᠲᠠᠪᠤᠨ ᠰᠠᠬᠢᠶ᠎ᠠ︶ ᠵᠡᠷᠭᠡ ᠶᠢ ᠣᠷᠴᠢᠭᠤᠯᠵᠤ᠂ ︽ᠪᠣᠳᠢᠴᠡᠷ᠎ᠡ ᠠᠸᠠᠲᠡᠷ᠎ᠡ ᠶᠢᠨ ᠲᠠᠶᠢᠯᠪᠤᠷᠢ︾ ᠪᠠ ︽ᠵᠢᠷᠦᠬᠡᠨ ᠤ ᠲᠤᠯᠳᠣ︾ ᠵᠡᠷᠭᠡ ᠨᠣᠮ ᠢᠶᠠᠨ ᠪᠢᠴᠢᠭᠡᠳ ᠶᠡᠭᠡ ᠨᠡᠶᠢᠰᠯᠡᠯ ᠳ᠋ᠠᠳᠦ᠋ ᠳᠤ ᠬᠡᠪᠯᠡᠭᠦᠯᠵᠡᠢ᠃1312 ᠣᠨ 10 ᠰᠠᠷ᠎ᠠ ᠳᠤ ᠴᠣᠶᠢᠵᠢᠡᠣᠳᠰᠡᠷ᠂ ᠪᠤᠶᠠᠨᠲᠤ ᠬᠠᠭᠠᠨ ᠠᠶᠤᠷᠪᠠᠷᠪᠠᠳᠠ ᠶᠢᠨ ᠰᠢᠳᠢᠷ ᠯᠠᠮᠠ ᠪᠣᠯᠵᠤ ᠤᠯᠤᠰ ᠤᠨ ᠪᠠᠭᠰᠢ ᠡᠷᠭᠦᠮᠵᠢᠯᠡᠭᠳᠡᠪᠡ᠃ᠴᠣᠶᠢᠵᠢᠡᠣᠳᠰᠡᠷ ᠪᠣᠯ ᠮᠣᠩᠭᠤᠯ ᠬᠡᠯᠡᠨ ᠤ ᠵᠦᠢ᠂ ᠠᠪᠢᠶᠠᠨ ᠤ ᠵᠦᠢ᠂ ᠦᠭᠡᠰ ᠤᠨ ᠰᠠᠩ ᠤᠨ ᠰᠣᠳᠣᠯᠠᠯ ᠳᠤ ᠴᠥᠮ᠎ᠡ ᠠᠩᠬ᠎ᠠ ᠠᠯᠬᠤᠮ ᠤᠨ ᠰᠠᠭᠤᠷᠢ ᠵᠠᠢ ᠲᠠᠯᠪᠢᠵᠤ ᠥᠭᠭᠦᠭᠰᠡᠨ ᠬᠥᠮᠥᠨ ᠶᠤᠮ᠃ ᠲᠡᠷᠡ ᠫᠠᠭᠪᠠ ᠯᠠᠮᠠ ᠶᠢᠨ ᠵᠣᠬᠢᠶᠠᠭᠰᠠᠨ ᠳᠥᠷᠪᠡᠯᠵᠢᠨ ᠦᠰᠦᠭ ᠢ ︽ᠪᠤᠷᠬᠠᠨ ᠤ ᠨᠣᠮ ᠢ ᠣᠷᠴᠢᠭᠤᠯᠵᠤ ᠡᠰᠡ ᠪᠣᠯᠣᠭᠰᠠᠨ︾ ᠭᠡᠳᠡᠭ ᠨᠡᠷ᠎ᠡ ᠪᠠᠷ ᠣᠷᠬᠢᠭᠤᠯᠤᠭᠰᠠᠨ ᠪᠥᠭᠡᠳ ᠤᠶᠢᠭᠤᠷᠵᠢᠨ ᠮᠣᠩᠭᠤᠯ ᠦᠰᠦᠭ ᠢ ᠴᠦ ᠨᠢᠭᠡ ᠠᠯᠬᠤᠮ ᠰᠢᠨᠡᠴᠢᠯᠡᠨ ᠰᠠᠶᠢᠵᠢᠷᠠᠭᠤᠯᠵᠠᠢ᠃ ᠲᠡᠷᠡ ᠤᠶᠢᠭᠤᠷ ᠦᠰᠦᠭ ᠤᠨ ᠳᠤᠲᠠᠭᠤ ᠶᠢ ᠨᠥᠬᠦᠵᠦ᠂ ᠮᠣᠩᠭᠤᠯ ᠦᠰᠦᠭ ᠲᠤ ᠦᠭᠡᠢ ᠪᠠᠶᠢᠭᠰᠠᠨ ︵ᠣᠳᠣᠬᠢ ᠫᠠ᠊᠂ ᠱ᠊︶ ᠶᠢ ᠨᠡᠮᠡᠨ ᠵᠣᠬᠢᠶᠠᠵᠤ᠂ ︽ᠵᠠ᠊᠂ ᠶᠠ᠊︾ ᠶᠢᠨ ᠳᠦᠷᠰᠦ ᠶᠢ ᠶᠢ ᠰᠠᠯᠭᠠᠨ᠂ ᠨᠡᠶᠢᠲᠡ 123 ᠦᠶᠡᠲᠦ ᠦᠰᠦᠭ ᠪᠣᠯᠭᠠᠨ ᠵᠢᠭᠰᠠᠭᠠᠭᠠᠳ᠂ ᠠᠩᠬ᠎ᠠ ᠠᠯᠬᠤᠮ ᠮᠣᠩᠭᠤᠯ ᠬᠡᠯᠡᠨ ᠳᠤ ᠬᠡᠷᠡᠭᠯᠡᠭᠳᠡᠭᠦ ᠴᠠᠭᠠᠨ ᠲᠣᠯᠣᠭᠠᠢ ᠶᠢᠨ ᠦᠰᠦᠭ ᠢ ᠪᠦᠷᠢᠳᠦᠭᠦᠯᠵᠦ᠂ ᠮᠣᠩᠭᠤᠯ ᠬᠡᠯᠡᠨ ᠤ ᠦᠭᠡᠰ ᠤᠨ ᠤᠳᠬ᠎ᠠ ᠶᠢ ᠢᠯᠭᠠᠬᠤ ᠳᠤ ᠬᠡᠷᠡᠭᠯᠡᠭᠳᠡᠬᠦ ᠭᠤᠣᠯ ᠠᠪᠢᠶ᠎ᠠ ︵ᠠᠪᠢᠶᠠᠯᠠᠪᠤᠷᠢ︶ ᠨᠤᠭᠤᠳ ᠢ ᠢᠯᠡᠷᠬᠡᠶᠢᠯᠡᠭᠰᠡᠨ ᠦᠰᠦᠭ ᠤᠨ ᠰᠢᠰᠲ᠋ᠧᠮ ᠢ ᠥᠭᠡᠷᠡᠴᠢᠯᠡᠨ ᠵᠣᠬᠢᠶᠠᠪᠠ᠃ ᠵᠠᠷᠢᠮ ᠡᠷᠳᠡᠮᠲᠡᠳ ᠲᠡᠭᠦᠨ ᠤ ᠵᠣᠬᠢᠶᠠᠭᠰᠠᠨ 123 ᠦᠶᠡᠲᠦ ᠦᠰᠦᠭ ᠤᠨ ᠴᠠᠭᠠᠨ ᠲᠣᠯᠣᠭᠠᠢ ᠶᠢᠨ ᠳᠠᠪᠬᠤᠷᠳᠠᠭᠰᠠᠨ ︽ᠴᠠ᠂ ‍ᠵᠠ᠂ ‍ᠵᠠᠢ᠂ ‍ᠵᠤ᠋᠂ ‍ᠵᠣ᠋᠂ ‍ᠵᠦ᠋᠂ ‍ᠵᠦ᠋︾ ᠪᠠ ︽ ᠢᠶᠠᠷ︾ ᠳᠠᠭᠠᠪᠤᠷᠢ ᠶᠢ ᠭᠠᠷᠭᠠᠭᠠᠳ ᠬᠡᠷᠡᠭ ᠳᠡᠭᠡᠷ᠎ᠡ ᠪᠠᠨ 115 ᠭᠡᠵᠦ ᠦᠵᠡᠵᠦ ᠪᠣᠢ᠃ᠴᠣᠶᠢᠵᠢᠡᠣᠳᠰᠡᠷ ᠡᠩ ᠲᠡᠷᠢᠭᠦᠨ ᠳᠤ ᠮᠣᠩᠭᠤᠯ ᠦᠰᠦᠭ ᠢ ᠴᠢᠩᠭ᠎ᠠ ᠬᠥᠨᠳᠡᠢ a ᠰᠠᠭᠠᠷᠮᠠᠭ ᠭᠡᠵᠦ ᠭᠤᠷᠪᠠ ᠬᠤᠪᠢᠶᠠᠭᠰᠠᠨ ᠪᠥᠭᠡᠳ ᠮᠣᠩᠭᠤᠯ ᠬᠡᠯᠡᠨ ᠤ ᠠᠪᠢᠶ᠎ᠠ ᠵᠣᠬᠢᠶᠠᠬᠤ ᠶᠣᠰᠣ ᠶᠢ ᠠᠩᠬ᠎ᠠ ᠠᠯᠬᠤᠮ ᠵᠥᠪ ᠲᠠᠶᠢᠯᠪᠤᠷᠢᠯᠠᠵᠠᠢ ᠃ ᠲᠡᠷᠡ ᠪᠠᠰᠠ ᠡᠨᠡᠳᠬᠡᠭ ᠬᠡᠯᠡᠨ ᠤ ᠰᠢᠨᠵᠢᠯᠡᠯ ᠤᠨ ᠮᠠᠬᠠᠪᠤᠳ ᠢᠶᠠᠷ ᠢᠯᠭᠠᠬᠤ ᠵᠡᠷᠭᠡ ᠵᠢᠷᠤᠮ ᠭᠤᠷᠣᠮ ᠢ ᠠᠰᠢᠭᠯᠠᠵᠤ ᠮᠣᠩᠭᠤᠯ ᠬᠡᠯᠡᠨ ᠤ ᠠᠪᠢᠶᠠᠯᠠᠪᠤᠷᠢ ᠶᠢ ᠨᠡᠯᠢᠶᠡᠳ ᠣᠨᠣᠪᠴᠢᠲᠠᠢ ᠲᠠᠶᠢᠯᠪᠤᠷᠢᠯᠠᠭᠰᠠᠨ ᠶᠤᠮ᠃ ᠴᠣᠶᠢᠵᠢᠡᠣᠳᠰᠡᠷ ︽ᠳᠠᠭᠤᠳᠠᠬᠤᠢ ᠶᠢᠨ ᠲᠡᠶᠢᠨ ᠢᠯᠭᠠᠯ ᠯᠤᠭ᠎ᠠ ᠬᠠᠮᠲᠤ︾ ᠨᠠᠢᠮᠠᠨ ᠲᠡᠶᠢᠨ ᠢᠯᠭᠠᠯ ᠭᠠᠷᠭᠠᠭᠰᠠᠨ ᠪᠥᠭᠡᠳ ᠲᠡᠶᠢᠨ ᠢᠯᠭᠠᠯ ᠤᠨ ᠳᠠᠭᠠᠪᠤᠷᠢ ᠳᠠᠭᠠᠭᠤᠯᠬᠤ ᠳᠦᠷᠢᠮ ᠢ ᠨᠡᠯᠢᠶᠡᠳ ᠰᠠᠶᠢᠨ ᠵᠠᠳᠠᠯᠤᠨ ᠰᠢᠨᠵᠢᠯᠡᠭᠰᠡᠨ ᠪᠠᠶᠢᠯ᠎ᠠ ᠴᠣᠶᠢᠵᠢᠡᠣᠳᠰᠡᠷ ᠪᠠᠰᠠ ᠦᠰᠦᠭ ᠤᠨ ᠳᠦᠷᠢᠮ ᠤᠨ ᠵᠥᠪ ᠪᠢᠴᠢᠯᠭᠡ᠂ ᠵᠥᠪ ᠳᠠᠭᠤᠳᠠᠯᠭ᠎ᠠ ᠶᠢᠨ ᠲᠠᠯ᠎ᠠ ᠪᠠᠷ ᠨᠠᠷᠢᠨ ᠳᠦᠷᠢᠮ ᠪᠣᠯᠪᠠᠰᠤᠷᠠᠭᠤᠯᠵᠤ ᠮᠥᠷᠳᠡᠯᠡᠭᠡ ᠪᠠᠷᠢᠮᠳᠠᠯᠠᠯ ᠪᠣᠯᠬᠤ ︽ᠭᠤᠣᠯ ᠶᠣᠰᠣᠨ︾ ᠢ ᠨᠡᠭᠡᠭᠡᠵᠡᠢ᠃ ᠲᠡᠭᠦᠨ ᠤ ᠲᠡᠷᠡ ︽ᠳᠤᠮᠳᠠ ᠰᠤᠯᠠ ᠪᠠᠷ ᠡᠬᠢ ᠠᠳᠠᠭ ᠢ ᠮᠡᠳᠡᠬᠦᠢ᠂ ᠠᠯᠳᠠᠷᠰᠢᠭᠰᠠᠨ ᠢᠶᠠᠷ ᠮᠡᠳᠡᠬᠦᠢ᠂ ᠳᠡᠪᠢᠰᠬᠡᠷ ᠢᠶᠠᠷ ᠮᠡᠳᠡᠬᠦᠢ ᠂ ᠤᠳᠬᠠᠰ ᠤᠨ ᠬᠦᠴᠦᠨ ᠢᠶᠠᠷ ᠢᠯᠭᠠᠨ ᠲᠣᠳᠣᠯᠠᠬᠤᠢ︾ ᠵᠡᠷᠭᠡ ᠳᠦᠷᠪᠡᠨ ᠵᠠᠷᠴᠢᠮ ᠪᠣᠯ ᠬᠡᠷᠡᠭ ᠳᠡᠭᠡᠷ᠎ᠡ ᠪᠠᠨ ᠮᠣᠩᠭᠤᠯ ᠬᠡᠯᠡᠨ ᠤ ᠦᠰᠦᠭ ᠤᠨ ᠳᠦᠷᠢᠮ ᠤᠨ ᠦᠭᠡ ᠶᠢᠨ ᠵᠦᠢ᠂ ᠠᠪᠢᠶᠠᠨ ᠤ ᠵᠦᠢ ᠪᠠ ᠤᠯᠠᠮᠵᠢᠯᠠᠯ ᠤᠨ ᠪᠤᠶᠤ ᠲᠡᠣᠬᠡᠨ ᠤ ᠵᠡᠷᠭᠡ ᠭᠤᠣᠯ ᠭᠤᠣᠯ ᠵᠠᠷᠴᠢᠮ ᠤᠳ ᠪᠣᠯᠣᠨ᠎ᠠ᠃ ᠡᠭᠦᠨ ᠳᠤ ᠳᠦᠷᠰᠦ ᠢᠯᠭᠠᠬᠤ ᠵᠡᠷᠭᠡ ᠳᠦᠷᠢᠮ ᠢ ︽ᠡᠳ᠋︾ ᠦᠭᠡ ᠪᠠᠷ ᠡᠰᠢᠯᠡᠨ ᠲᠠᠶᠢᠯᠪᠤᠷᠢᠯᠠᠪᠠ᠃ᠲᠡᠭᠦᠨ ᠤ ᠲᠣᠭᠲᠠᠭᠠᠭᠰᠠᠨ ︽ᠠᠨ ᠠᠪ ᠠᠭ ᠠᠮ ᠠᠯ ᠠᠢ ᠠᠷ ᠠᠰ ᠠᠳ ᠠᠤ ᠬᠢᠭᠡᠳ ᠠᠩ ᠯᠤᠭ᠎ᠠ ᠠᠷᠪᠠᠨ ᠨᠢᠭᠡᠨ ᠳ᠋ᠠᠩ ᠲᠡᠪᠢᠰᠭᠡᠷ︾ ᠪᠠ ︽ᠠᠶᠢᠯ︾ ︽ᠡᠶᠢᠨ︾ ᠭᠡᠬᠦ ᠮᠡᠲᠦ ᠳᠠᠪᠬᠤᠷ ᠳᠡᠪᠢᠰᠬᠡᠷ ᠪᠠᠶᠢᠬᠤ ᠶᠢ ᠲᠣᠳᠣᠯᠠᠭᠰᠠᠨ ︽ᠳᠡᠪᠢᠰᠬᠡᠷ ᠶᠣᠰᠣᠨ︾ ᠠᠨᠤ ᠡᠳᠦᠭᠡ ᠴᠦ ᠭᠡᠰᠡᠨ ᠮᠠᠰᠢ ᠶᠡᠭᠡ ᠰᠤᠳᠤᠯᠬᠤ ᠠᠴᠢ ᠬᠤᠯᠪᠣᠭᠳᠠᠯ  ᠲᠠᠢ ᠪᠠᠶᠢᠭᠰᠠᠭᠠᠷ ᠪᠠᠶᠢᠨ᠎ᠠ᠃ᠴᠣᠶᠢᠵᠢᠡᠣᠳᠰᠡᠷ ᠮᠣᠩᠭᠤᠯ ᠪᠢᠴᠢᠭ ᠤᠨ ᠬᠡᠯᠡ ᠶᠢ ᠠᠩᠬ᠎ᠠ ᠳᠦᠷᠢᠮᠵᠢᠭᠦᠯᠵᠦ ︽ᠭᠠᠨᠵᠤᠤᠷ ᠳ᠋ᠠᠨᠵᠣᠣᠷ︾ ᠵᠡᠷᠭᠡ ᠠᠪᠤᠷᠭᠤ ᠲᠣᠮᠣ ᠨᠣᠮ ᠰᠤᠳᠤᠷ ᠤᠳ ᠢ ᠣᠷᠴᠢᠭᠤᠯᠵᠤ ᠲᠠᠶᠢᠯᠪᠤᠷᠢᠯᠠᠬᠤ᠂ ᠵᠢᠴᠢ ᠪᠤᠰᠤᠳ ᠨᠣᠮ ᠰᠤᠳᠤᠷ ᠢ ᠨᠠᠶᠢᠷᠠᠭᠤᠯᠤᠨ ᠵᠣᠬᠢᠶᠠᠵᠤ ᠰᠤᠷᠲᠠᠯᠴᠢᠯᠠᠨ ᠳᠡᠯᠭᠡᠷᠡᠭᠦᠯᠬᠦ ᠳᠤ ᠶᠢᠨ ᠶᠡᠬᠡᠬᠡᠨ ᠭᠠᠪᠢᠶ᠎ᠠ ᠵᠢᠳᠬᠦᠯ ᠭᠠᠷᠭᠠᠵᠤ ᠪᠢᠯᠡ᠃ᠴᠣᠶᠢᠵᠢᠡᠣᠳᠰᠡᠷ ᠪᠣᠯ ᠮᠣᠩᠭᠤᠯ ᠬᠡᠯᠡᠨ ᠤ ᠤᠤᠭᠠᠨ ᠣᠷᠴᠢᠭᠤᠯᠤᠭᠴᠢ ᠶᠢᠨ ᠨᠢᠭᠡ ᠨᠢ ᠪᠣᠯᠣᠨ᠎ᠠ᠃ ᠲᠡᠷᠡ ᠪᠣᠯ ︽ᠰᠤᠳᠤᠷ ᠲᠡᠷᠨᠢ ᠶᠢ ᠣᠷᠴᠢᠭᠤᠯᠬᠤ ᠵᠢᠷᠤᠮ ᠢ ᠭᠠᠷᠭᠠᠭᠰᠠᠨ︾ ᠣᠷᠴᠢᠭᠤᠯᠤᠭᠴᠢ ᠶᠢᠨ ᠤᠬᠠᠭᠠᠨᠲᠠᠨ ᠶᠤᠮ᠃ ᠡᠨᠡᠳᠬᠡᠭ ᠲᠥᠪᠡᠳ ᠬᠡᠯᠡᠨ ᠠᠴᠠ ᠨᠣᠮ ᠰᠤᠳᠤᠷ ᠣᠷᠴᠢᠭᠤᠯᠬᠤ ᠶᠠᠪᠤᠳᠠᠯ ᠲᠡᠭᠦᠨ ᠤ ᠦᠶ᠎ᠡ ᠠᠴᠠ ᠡᠬᠢᠯᠡᠭᠰᠡᠨ ᠪᠥᠭᠡᠳ ᠵᠥᠪᠬᠡᠨ ᠱᠠᠰᠢᠨ ᠤ ᠨᠣᠮ ᠰᠤᠳᠤᠷ ᠣᠷᠴᠢᠭᠤᠯᠤᠭᠰᠠᠨ ᠪᠢᠰᠢ᠂ ᠬᠠᠷᠢᠨ ᠲᠠᠪᠤᠨ ᠤᠬᠠᠭᠠᠨ ᠤ ᠨᠣᠮ ᠰᠤᠳᠤᠷ ᠢ ᠨᠡᠶᠢᠳᠡᠮ ᠣᠷᠴᠢᠭᠤᠯᠵᠤ ᠳᠡᠯᠭᠡᠷᠡᠭᠦᠯᠦᠭᠰᠡᠨ ᠪᠠᠶᠢᠵᠠᠢ᠃ ᠡᠨᠡ ᠲᠠᠯ᠎ᠠ ᠪᠠᠷ ᠲᠡᠭᠦᠨ ᠢ ᠬᠢᠲᠠᠳ ᠤᠨ ᠣᠷᠴᠢᠭᠤᠯᠭ᠎ᠠ ᠶᠢᠨ ᠣᠨᠣᠯᠲᠠ ᠪᠥᠭᠡᠳ ᠭᠦᠨ ᠤᠬᠠᠭᠠᠨᠲᠠᠨ ᠲᠠᠩᠰᠤᠭ ᠯᠠᠮᠠ ᠲᠠᠢ ᠠᠳᠠᠯᠢᠳᠬᠠᠵᠤ ᠪᠣᠯᠬᠤᠷ ᠶᠤᠮ᠃ᠴᠣᠶᠢᠵᠢᠡᠣᠳᠰᠡᠷ ᠪᠠᠰᠠ ᠪᠣᠳᠣᠯᠭᠠᠲᠠᠨ ᠪᠥᠭᠡᠳ ᠭᠦᠨ ᠤᠬᠠᠭᠠᠨᠲᠠᠨ ᠪᠢᠯᠡ᠃ ᠲᠡᠷᠡ ᠬᠡᠳᠦᠨ ᠦᠶ᠎ᠡ ᠶᠢᠨ ᠬᠠᠭᠠᠳ ᠤᠨ ᠰᠢᠳᠠᠷ ᠯᠠᠮᠠ ᠶᠠᠪᠤᠵᠤ᠂ ᠱᠠᠰᠢᠨ ᠤ ᠵᠠᠩ ᠦᠢᠯᠡ ᠰᠠᠬᠢᠯ ᠰᠠᠨᠸᠠᠷ ᠢ ᠤᠯᠠᠮ ᠪᠦᠷᠢᠨ ᠲᠡᠭᠦᠯᠳᠡᠷ ᠪᠣᠯᠭᠠᠵᠤ ᠪᠤᠳ᠋ᠳ᠋ᠾᠠ ᠶᠢᠨ ᠱᠠᠰᠢᠨ ᠢ ᠳᠡᠯᠭᠡᠷᠡᠭᠦᠯᠵᠦ ᠪᠥᠬᠡ ᠮᠥᠷᠭᠦᠯ ᠢ ᠤᠰᠠᠳᠬᠠᠵᠤ ᠪᠠᠷ ᠴᠢᠷᠮᠠᠶᠢᠨ ᠲᠡᠮᠡᠴᠡᠪᠡ᠃ ᠲᠡᠷᠡ ᠪᠣᠯ ᠡᠷᠲᠡᠨ ᠤ ᠡᠨᠡᠳᠬᠡᠭ ᠳ᠋ᠡᠬᠢᠨ ᠤ ᠭᠦᠨ ᠤᠬᠠᠭᠠᠨ ᠪᠣᠯᠤᠨ ᠱᠠᠰᠢᠨ ᠤ ᠭᠦᠨ ᠤᠬᠠᠭᠠᠨ ᠢ ᠰᠤᠳᠤᠯᠤᠨ ᠰᠢᠨᠵᠢᠯᠡᠵᠦ ᠰᠤᠷᠲᠠᠯᠴᠢᠯᠠᠨ ᠨᠡᠪᠲᠡᠷᠡᠭᠦᠯᠵᠦ ᠪᠠᠶᠢᠭᠰᠠᠨ ᠠᠬᠠᠮᠠᠳ ᠡᠷᠳᠡᠮᠲᠡᠨ ᠤ ᠨᠢᠭᠡ ᠨᠢ ᠪᠣᠯᠣᠨ᠎ᠠ᠃ ᠲᠡᠭᠦᠨ ᠤ ᠪᠢᠴᠢᠭᠰᠡᠨ ︽ᠪᠣᠳᠢᠨᠴᠢᠷ᠎ᠡ ᠠᠸᠠᠲᠠᠷ᠎ᠠ ᠶᠢᠨ ᠲᠠᠶᠢᠯᠪᠤᠷᠢ︾ ᠪᠣᠯ ᠭᠦᠨ ᠤᠬᠠᠭᠠᠨ ︵ᠱᠠᠰᠢᠨ ᠤ ᠭᠦᠨ ᠤᠬᠠᠭᠠᠨ ᠪᠠᠭᠲᠠᠵᠤ ᠪᠣᠢ︶ ᠤ ᠵᠣᠬᠢᠶᠠᠯ ᠪᠣᠯᠬᠤ ᠪᠥᠭᠡᠳ ︽ᠠᠷᠪᠠᠨ ᠬᠤᠶᠠᠷ ᠵᠣᠬᠢᠶᠠᠩᠭᠤᠢ︾ ᠨᠢ ᠴᠦ ᠱᠠᠰᠢᠨ ᠤ ᠭᠦᠨ ᠤᠬᠠᠭᠠᠨ ᠤ ᠨᠡᠯᠢᠶᠡᠳ ᠴᠢᠬᠤᠯᠠ ᠵᠣᠬᠢᠶᠠᠯ ᠪᠣᠯᠬᠤ ᠶᠤᠮ᠃ᠴᠣᠶᠢᠵᠢᠡᠣᠳᠰᠡᠷ ᠵᠢᠷᠭᠤᠭᠠᠨ ᠨᠠᠰᠤᠯᠠᠭᠠᠳ ᠪᠠᠷᠤᠭ 1320 ᠣᠨ ᠳᠤ ᠨᠠᠰᠤ ᠪᠠᠷᠠᠵᠠᠢ᠃ᠴᠣᠶᠢᠵᠢᠡᠣᠳᠰᠡᠷ ᠪᠣᠯ ᠮᠣᠩᠭᠤᠯ᠂ ᠤᠶᠢᠭᠤᠷ᠂ ᠡᠨᠡᠳᠬᠡᠭ ︵ᠰᠠᠨᠰᠺᠷᠢᠲ︶᠂ ᠲᠥᠪᠡᠳ ᠵᠡᠷᠭᠡ ᠤᠯᠠᠨ ᠬᠡᠯᠡᠨ ᠳᠤ ᠨᠡᠪᠲᠡᠷᠡᠭᠰᠡᠨ ᠮᠣᠩᠭᠤᠯ ᠬᠡᠯᠡᠨ ᠤ ᠤᠤᠭᠠᠨ ᠰᠢᠨᠵᠢᠯᠡᠭᠡᠲᠡᠨ ᠪᠣᠯᠬᠤ ᠪᠥᠭᠡᠳ ᠮᠣᠩᠭᠤᠯ ᠦᠨᠳᠦᠰᠦᠲᠡᠨ ᠤ ᠰᠣᠶᠣᠯ ᠤᠨ ᠶᠡᠭᠡ ᠵᠢᠳᠬᠦᠯᠲᠡᠨ ᠪᠣᠯᠬᠤ ᠶᠤᠮᠰᠠᠨ᠃                                                                    ᠨᠠ᠊᠂ ᠠᠯᠲᠠᠨᠱᠠ ᠶᠢᠨ ︿︿ ᠮᠣᠩᠭᠤᠯᠴᠤᠳ ᠤᠨ ᠥᠴᠥᠭᠡᠳᠦᠷ ᠤᠨ ᠮᠥᠷ﹀﹀
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号