ᠬᠤᠤ ᠥᠷᠯᠥᠭ
ᠨᠡᠶᠢᠲᠡᠯᠡᠭᠰᠡᠨ ᠴᠠᠭ᠄
2019/2/18
ᠬᠤᠤ ᠥᠷᠯᠥᠭ — ᠤᠶᠢᠷᠠᠳ ᠠᠶᠢᠮᠠᠭ ᠤᠨ ᠲᠣᠷᠭᠤᠳ ᠣᠪᠤᠭᠲᠠᠨ᠃ ᠲᠡᠭᠦᠨ ᠤ ᠡᠪᠦᠭᠡ ᠨᠢ ᠪᠤᠶᠢᠭᠤ ᠥᠷᠯᠥᠭ ᠪᠤᠯᠬᠤ ᠪᠦᠭᠡᠳ ᠡᠴᠢᠭᠡ ᠨᠢ ᠵᠤᠯᠵᠠᠭᠠᠨ ᠦᠷᠯᠦᠭ ᠪᠤᠯᠬᠤ ᠶᠤᠮ᠃1607 ᠣᠨ ᠳᠤ ᠬᠤᠤ ᠥᠷᠯᠥᠭ᠄ ︽ᠬᠤᠪᠤᠭ ᠰᠠᠶᠢᠷ ︵ᠣᠳᠣᠬᠢ ᠰᠢᠨᠵᠢᠶᠠᠩ ᠳᠤ ᠪᠤᠢ︶ ᠤᠨ ᠭᠠᠵᠠᠷ ᠨᠤᠲᠤᠭ ᠠᠭᠢᠷ ᠴᠢᠬᠢᠷ ᠮᠥᠷᠳᠡᠭᠡᠨ ᠬᠦᠮᠦᠨ ᠠᠮᠢᠲᠠᠨ ᠢᠶᠠᠷ ᠴᠦᠭᠡᠨ᠂ ᠠᠯᠪᠠᠲᠤ ᠬᠠᠷᠢᠶᠠᠲᠤ ᠮᠢᠨᠢ ᠠᠩ ᠬᠢᠬᠦ ᠶᠢ ᠪᠠᠶᠢᠳᠤᠭᠠᠢ ᠠᠳᠤᠭᠤ ᠮᠠᠯ ᠴᠤ ᠬᠠᠷᠢᠭᠤᠯᠬᠤ ᠭᠠᠵᠠᠷ ᠣᠯᠳᠠᠬᠤ ᠦᠭᠡᠢ ᠪᠠᠶᠢᠨ᠎ᠠ᠃ ᠲᠡᠷᠡᠴᠢᠯᠡᠨ ᠲᠡᠷᠢᠶ᠎ᠠ ᠲᠥᠮᠦᠰᠦ ᠲᠡᠷᠢᠵᠦ ᠠᠮᠢ ᠭᠤᠣᠯ ᠢᠶᠠᠨ ᠲᠡᠵᠢᠭᠡᠶ᠎ᠡ ᠭᠡᠬᠦ ᠳᠤ ᠴᠤ ᠬᠦᠴᠢᠷ ᠪᠤᠯᠤᠭᠠᠳ ᠪᠤᠢ᠃ ᠡᠶᠢᠮᠦ ᠠᠴᠠ ᠭᠠᠵᠠᠷ ᠨᠤᠲᠤᠭ ᠪᠤᠯᠢᠶᠠᠯᠳᠤᠵᠦ᠂ ᠨᠢᠭᠡ ᠨᠢ ᠨᠢᠭᠡᠨ ᠢᠶᠠᠨ ᠠᠯᠠᠵᠦ ᠬᠢᠳᠤᠭᠠᠳ᠂ ᠠᠯᠪᠠᠲᠤ ᠢᠷᠭᠷᠳ ᠢᠶᠠᠨ ᠬᠤᠷᠤᠭᠠᠭᠰᠠᠨ ᠠᠴᠠ ᠬᠤᠯ᠎ᠠ ᠭᠠᠵᠠᠷ ᠣᠳᠴᠤ᠂ ᠬᠠᠷᠢ ᠶᠠᠰᠤᠲᠤ ᠤᠯᠤᠰ ᠤᠨ ᠣᠶᠢᠷ᠎ᠠ ᠰᠠᠭᠤᠨ᠂ ᠲᠡᠳᠡᠨ ᠯᠦᠭᠡ ᠳᠠᠶᠢᠯᠳᠤᠨ ᠣᠯᠵᠠ ᠠᠰᠢᠭ ᠠᠪᠴᠤ ᠶᠠᠪᠤᠪᠠᠯ ᠳᠡᠭᠡᠷ᠎ᠡ ᠪᠠᠶᠢᠬ᠎ᠠ᠃ ᠰᠣᠨᠤᠰᠬᠤᠯᠠᠷ ᠬᠤᠶᠢᠳ ᠤᠨ ᠬᠤᠶᠢᠳᠤ ᠵᠠᠬ᠎ᠠ ᠳᠤ ᠣᠷᠣ ᠶᠢᠨ ᠭᠠᠭᠴᠠ ᠮᠣᠳᠣ ︵ᠣᠳᠣᠬᠢ ᠬᠠᠰᠬᠠᠰᠲ᠋ᠠᠨ ᠳᠤ ᠪᠤᠢ︶ ᠭᠡᠳᠡᠭ ᠡᠵᠡᠭᠦᠢ ᠰᠤᠯᠠ ᠭᠠᠵᠠᠷ ᠪᠠᠶᠢᠬᠤ ᠶᠤᠮ ᠭᠡᠨ᠎ᠡ᠃ ᠪᠢᠳᠡ ᠲᠡᠨᠳᠡ ᠬᠦᠷᠴᠦ ᠲᠠᠷᠢᠶ᠎ᠠ ᠲᠠᠷᠢᠵᠦ᠂ ᠠᠩᠪᠠᠲᠤ ᠢᠷᠭᠡᠳ ᠢᠶᠠᠨ ᠲᠡᠩᠬᠡᠭᠡᠷᠡᠭᠦᠯᠦᠨ ᠠᠪᠤᠶ᠎ᠠ ᠭᠡᠮᠡᠨ ᠪᠣᠳᠣᠵᠣ ᠪᠤᠢ︾ ᠭᠡᠵᠦ ᠲᠥᠷᠪᠸᠡᠨ ᠣᠶᠢᠷᠠᠳ ᠤᠨ ᠴᠢᠭᠤᠯᠭᠠᠨ ᠳᠠᠷᠤᠭ᠎ᠠ ᠪᠠᠶᠢᠭᠰᠠᠨ ᠪᠠᠭᠠᠲᠤᠷ ᠬᠤᠩ ᠲᠠᠶᠢᠵᠢ ᠳᠤ ᠠᠶᠢᠯᠠᠳᠬᠠᠪᠠ᠃ ᠪᠠᠭᠠᠲᠤᠷ ᠬᠤᠩ ᠲᠠᠶᠢᠵᠢ ᠵᠦᠪᠰᠢᠶᠡᠷᠡᠭᠰᠡᠨ ᠲᠤᠯᠠ ᠬᠤᠤ ᠥᠷᠯᠦᠭ ᠬᠠᠭᠠᠨᠲᠤ ᠣᠷᠤᠰ ᠤᠨ ᠵᠠᠰᠠᠭ  ᠤᠨ ᠭᠠᠵᠠᠷ ᠲᠤ ᠡᠯᠴᠢ ᠲᠤᠮᠢᠯᠠᠨ ᠶᠠᠪᠤᠭᠤᠯᠵᠦ ᠡᠪ ᠨᠠᠶᠢᠷ ᠲᠠᠢ ᠪᠠᠷ ᠵᠡᠷᠭᠡᠴᠡᠨ ᠣᠷᠤᠰᠢᠵᠤ᠂ ᠬᠦᠷᠰᠢ ᠵᠡᠷᠭᠡᠯᠡᠳᠡᠭᠡ ᠤᠯᠤᠰ ᠪᠤᠯᠵᠦ ᠠᠮᠢᠳᠤᠷᠠᠬᠤ ᠶᠢ ᠬᠦᠰᠡᠭᠰᠡᠨ ᠪᠠᠶᠢᠨ᠎ᠠ᠃ ᠲᠡᠭᠡᠭᠡᠳ ᠬᠤᠤ ᠥᠷᠯᠥᠭ ᠥᠪᠡᠷᠦᠨ ᠠᠯᠪᠠᠲᠤ ᠲᠤᠷᠭᠤᠳ ᠪᠠ ᠬᠤᠱᠣᠳ ᠵᠢᠴᠢ ᠳᠥᠷᠪᠡᠳ ᠵᠡᠷᠭᠡ ᠠᠶᠢᠮᠠᠭ ᠤᠭᠰᠠᠭ᠎ᠠ ᠶᠢᠨ ᠣᠯᠠᠨ ᠢᠶᠠᠨ ᠠᠪᠴᠤ ᠬᠤᠪᠤᠭ ᠰᠠᠶᠢᠷ᠂ ᠡᠮᠢᠯ  ᠠᠴᠠ ᠬᠦᠳᠡᠯᠦᠨ ᠭᠠᠷᠤᠭᠠᠳ᠂ ᠣᠷᠣ ᠶᠢᠨ ᠭᠠᠭᠴᠠ ᠮᠤᠳᠤᠨ ᠳᠤ ᠨᠡᠭᠦᠳᠡᠯᠯᠡᠨ ᠭᠦᠷᠴᠦ ᠨᠤᠲᠤᠭᠯᠠᠨ ᠰᠠᠭᠤᠷᠢᠰᠢᠭᠠᠳ᠂ ᠲᠠᠷᠢᠶ᠎ᠠ ᠲᠠᠷᠢᠵᠦ ᠠᠮᠤᠷ ᠵᠢᠷᠭᠠᠯ ᠲᠠᠢ ᠠᠮᠢᠳᠤᠷᠠᠵᠦ ᠡᠬᠢᠯᠡᠪᠡ᠃ ᠡᠨᠡ ᠬᠦ ᠴᠢᠮᠡᠭᠡ ᠶᠢ ᠣᠶᠢᠷᠠᠳ  ᠤᠨ ᠪᠣᠰᠤᠳ ᠬᠦᠮᠦᠰ ᠣᠯᠵᠦ ᠰᠣᠨᠣᠰᠣᠭᠠᠳ᠂ ᠠᠷᠤ ᠠᠷᠤ ᠠᠴᠠ ᠪᠠᠨ ᠬᠤᠤ ᠥᠷᠯᠦᠭ ᠤᠨ ᠬᠤᠶᠢᠨ᠎ᠠ ᠠᠴᠠ ᠨᠡᠭᠦᠳᠡᠯᠯᠡᠨ ᠣᠴᠢᠵᠦ ᠨᠡᠶᠢᠯᠡᠭᠰᠡᠭᠡᠷ ᠬᠡᠳᠦᠨ ᠵᠢᠯ ᠤᠨ ᠳᠤᠲᠤᠷ᠎ᠠ 4 ᠲᠦᠨ᠎ᠡ ᠢᠯᠡᠭᠦᠦ ᠡᠷᠦᠭᠡ ᠪᠤᠯᠵᠦ ᠥᠰᠦᠭᠰᠡᠨ ᠪᠠᠶᠢᠨ᠎ᠠ᠃1608 ᠣᠨ ᠳᠤ ᠬᠤᠤ ᠥᠷᠯᠦᠭ ᠡᠷᠴᠢᠰ ᠭᠤᠤᠯ ᠤᠨ ᠲᠤᠮᠳᠠᠳᠤ ᠣᠷᠤᠰᠬᠠᠯ ᠳᠠᠭᠠᠤ ᠲᠠᠯ᠎ᠠ ᠬᠤᠳᠠ ︵ᠣᠳᠣᠬᠢ ᠬᠠᠰᠬᠠᠰᠲ᠋ᠠᠨ ᠳᠤ ᠪᠤᠢ︶ ᠶᠢᠨ ᠣᠷᠴᠢᠨ ᠳᠤ ᠬᠦᠷᠬᠦ ᠲᠠᠢ ᠵᠡᠷᠬᠡ ᠢᠵᠢᠯ ᠵᠠᠢ ︵ᠣᠳᠣᠬᠢ ᠸᠤᠯᠭ᠎ᠠ ᠮᠦᠷᠡᠨ ᠬᠢᠭᠡᠳ ᠦᠷᠡᠯ ᠭᠤᠣᠯ ᠪᠣᠯᠤᠨ᠎ᠠ︶ ᠳᠤ ᠬᠦᠮᠦᠨ ᠶᠠᠪᠤᠭᠤᠯᠵᠦ ᠬᠠᠶᠢᠨ ᠪᠠᠶᠢᠴᠠᠭᠠᠯᠭᠠᠪᠠ᠃ ᠬᠤᠤ ᠥᠷᠯᠥᠭ ᠡᠷᠴᠢᠰ ᠭᠤᠣᠯ ᠤᠨ ᠳᠤᠮᠳᠠᠳᠤ ᠤᠷᠤᠰᠬᠠᠯ ᠳᠠᠭᠠᠤ ᠲᠠᠯ᠎ᠠ ᠬᠤᠲᠠᠨ ᠤ ᠣᠷᠴᠢᠨ ᠳᠤ ᠨᠡᠭᠦᠵᠦ ᠣᠴᠢᠬᠤ ᠠᠴᠠ ᠡᠮᠦᠨ᠎ᠡ ᠳᠥᠷᠪᠡᠳ ᠤᠨ ᠳᠠᠯᠠᠢ ᠲᠠᠶᠢᠵᠢ ᠪᠤᠯᠤᠨ ᠲᠡᠭᠦᠨ ᠤ ᠵᠠᠬᠢᠷᠭᠠᠨ ᠳᠤᠤᠷᠠᠬᠢ ᠬᠤᠶᠢᠳ ᠤᠨ ᠰᠠᠶᠢᠨ ᠬᠢᠶ᠎ᠠ ᠬᠢᠶ᠎ᠠ ᠶᠢᠨ ᠬᠠᠷᠠᠭᠠᠲᠤ ᠠᠶᠢᠮᠠᠭ ᠤᠳ ᠲᠡᠨᠳᠡ ᠮᠠᠯᠵᠢᠵᠦ ᠪᠠᠶᠢᠭᠰᠠᠨ ᠪᠢᠯᠡ᠃ ᠬᠤᠤ ᠥᠷᠯᠦᠭ ᠢ ᠨᠡᠭᠦᠵᠦ ᠣᠴᠢᠭᠰᠠᠨ ᠤ ᠳᠠᠷᠠᠭ᠎ᠠ ᠲᠤᠷᠭᠤᠳ ᠤᠨ ᠡᠵᠡᠨᠡᠢ ᠲᠠᠶᠢᠵᠢ ᠶᠢᠨ ᠬᠠᠳᠤᠨ᠂ ᠲᠡᠭᠦᠨ ᠤ ᠬᠦᠪᠡᠭᠦᠨ ᠪᠤᠯᠤᠨ ᠴᠣᠷᠣᠰ ᠤᠨ ᠬᠠᠷ᠎ᠠ ᠬᠤᠯᠠᠨ ᠤ ᠬᠦᠪᠡᠭᠦᠨ ᠴᠦᠬᠦᠷ ᠣᠪᠠᠰᠢ ᠴᠤ ᠠᠷᠣ ᠠᠴᠠ ᠨᠢ ᠨᠡᠭᠦᠵᠦ ᠣᠴᠢᠭᠰᠠᠨ ᠶᠤᠮ᠃ ᠢᠩᠭᠢᠭᠡᠳ ᠡᠳᠡᠭᠡᠷ ᠠᠶᠢᠮᠠᠭ ᠤᠨ ᠬᠦᠮᠦᠰ ᠢ ᠳᠦᠷᠪᠡᠳ ᠤᠨ ᠳᠠᠯᠠᠢ ᠲᠠᠶᠢᠵᠢ ᠪᠤᠯᠤᠨ ᠲᠤᠷᠭᠤᠳ ᠤᠨ ᠡᠵᠡᠨᠡᠢ ᠲᠠᠶᠢᠵᠢ ᠶᠢᠨ ᠬᠠᠳᠤᠨ ᠵᠠᠬᠢᠷᠬᠤ ᠪᠤᠯᠵᠠᠢ᠃ ᠲᠤᠬᠠᠢ ᠶᠢᠨ ᠦᠶ᠎ᠡ ᠳᠤ ᠣᠶᠢᠷᠠᠳ ᠤᠨ ᠡᠳᠡᠭᠡᠷ ᠠᠶᠢᠮᠠᠭ ᠤᠨ ᠬᠦᠮᠦᠰ ᠬᠡᠳᠦᠶᠢᠪᠡᠷ ᠳᠣᠲᠤᠭᠠᠳᠣ ᠳᠠᠭᠠᠨ ᠴᠣᠷᠣᠰ ᠤᠨ ᠴᠦᠬᠦᠷ ᠤᠪᠠᠰᠢ ᠶᠢᠨ ᠲᠦᠢᠪᠡᠭᠡᠨ ᠳᠤ ᠤᠴᠠᠷᠠᠵᠦ᠂ ᠭᠠᠳᠠᠭᠠᠳᠤ ᠳᠠᠭᠠᠨ ᠬᠠᠭᠠᠨᠳᠣ ᠣᠷᠣᠰ ᠪᠤᠯᠤᠨ ᠬᠠᠯᠬ᠎ᠠ ᠶᠢᠨ ᠵᠠᠰᠠᠭᠲᠤ ᠬᠠᠨ ᠠᠶᠢᠮᠠᠭ ᠤᠨ ᠤᠮᠪᠤ ᠡᠷᠳᠡᠨᠢ ᠶᠢᠨ ᠰᠦᠷᠳᠡᠭᠦᠯᠦᠯ ᠳᠤ ᠳᠤᠬᠢᠶᠠᠯᠳᠤᠵᠤ ᠪᠠᠶᠢᠭᠰᠠᠨ ᠪᠤᠯᠪᠠᠴᠤ᠂ ᠲᠣᠷᠭᠤᠳ ᠤᠨ ᠬᠤᠤ ᠥᠷᠯᠦᠭ ᠪᠤᠯᠤᠨ ᠴᠤᠷᠤᠰ ᠤᠨ ᠬᠠᠷ᠎ᠠ ᠬᠤᠯᠠᠨ᠂ ᠪᠠᠭᠠᠳᠣᠷ ᠬᠤᠩ ᠲᠠᠶᠢᠵᠢ ᠶᠢᠨ ᠤᠳᠤᠷᠢᠳᠤᠯᠭ᠎ᠠ ᠳᠤᠤᠷ᠎ᠠ᠂ ᠡᠯᠳᠡᠪ ᠵᠦᠢᠯ ᠤᠨ ᠬᠦᠴᠢᠷ ᠪᠡᠷᠬᠡᠰᠢᠶᠡᠯ ᠢ ᠴᠦᠮ ᠢᠯᠠᠨ ᠳᠠᠪᠠᠭᠠᠳ᠂ ᠳᠤᠰ ᠭᠠᠵᠠᠷ ᠤᠷᠤᠨ ᠳᠤ ᠲᠠᠷᠢᠶᠠᠯᠠᠩ ᠮᠠᠯ ᠠᠵᠦ ᠠᠬᠤᠢ ᠶᠢ ᠶᠡᠬᠡᠪᠡᠷ ᠬᠦᠭᠵᠢᠭᠦᠯᠵᠦ ᠪᠠᠶᠢᠭᠰᠠᠨ ᠶᠤᠮ᠃1616 ᠬᠤᠱᠤᠳ ᠤᠨ ᠪᠠᠶᠢᠪᠠᠭᠠᠰ ᠪᠠᠭᠠᠳᠤᠷ ᠢᠶᠠᠷ ᠮᠠᠩᠯᠠᠶᠢᠯᠠᠭᠤᠯᠤᠭᠰᠠᠨ ᠳᠦᠷᠪᠡᠨ ᠤᠣᠶᠢᠷᠠᠳ ᠤᠨ ᠶᠡᠭᠡᠰ ᠨᠤᠶᠠᠳ᠂ ᠲᠦᠪᠡᠳ ᠠᠴᠠ ᠬᠠᠯᠬ᠎ᠠ ᠳᠤ ᠣᠴᠢᠨ ᠨᠣᠮ ᠳᠡᠯᠭᠡᠷᠡᠭᠦᠯᠦᠨ ᠪᠠᠶᠢᠭᠰᠠᠨ ︽ᠴᠠᠭᠠᠨ ᠨᠣᠮ ᠤᠨ ᠬᠠᠭᠠᠨ︾ ᠪᠤᠶᠤ ᠮᠠᠨᠴᠤᠰᠢᠷᠢ ᠬᠤᠳᠤᠭᠳᠤ ᠶᠢ ᠵᠠᠯᠠᠵᠦ ᠨᠤᠮ ᠰᠣᠨᠤᠰᠪᠠ᠃ ᠪᠠᠶᠢᠪᠠᠭᠠᠰ ᠣᠯᠠᠨ ᠤᠳᠠᠭ᠎ᠠ ᠮᠠᠨᠴᠤᠰᠢᠷᠢ ᠬᠤᠳᠤᠭᠳᠤ ᠶᠢᠨ ᠨᠣᠮ ᠢ ᠰᠤᠨᠤᠰᠤᠭᠰᠠᠨ ᠤ ᠳᠠᠷᠠᠭ᠎ᠠ᠂ ᠣᠷᠴᠢᠯᠠᠩ ᠤᠨ ᠤᠯᠠᠭᠠᠨ ᠲᠤᠭᠤᠰᠤᠨ ᠠᠴᠠ ᠠᠩᠭᠢᠵᠢᠷᠠᠵᠦ᠂ ᠰᠦᠮ᠎ᠡ ᠬᠡᠶᠢᠳ ᠲᠤ ᠰᠠᠭᠤᠨ ᠲᠤᠶᠢᠨ ᠪᠤᠯᠬᠤ ᠶᠢ ᠵᠤᠷᠢᠪᠠ᠃ ᠭᠡᠪᠡᠴᠦ ᠥᠭᠡᠯᠡᠳ ᠤᠨ ᠨᠤᠶᠠᠳ᠄ ︽ᠴᠢ ᠲᠤᠶᠢᠨ ᠪᠤᠯᠴᠢᠬᠠᠪᠠᠯ᠂ ᠪᠢᠳᠡᠨ ᠤ ᠨᠤᠲᠤᠭ ᠢ ᠬᠡᠨ ᠬᠠᠮᠠᠭᠠᠯᠠᠬᠤ ᠪᠢᠯᠡ︾ ᠭᠡᠳ ᠡᠰᠡ ᠵᠦᠪᠰᠢᠶᠡᠷᠡᠵᠡᠢ᠃ ᠳᠡᠭᠡᠭᠡᠳ ᠮᠠᠨᠴᠤᠰᠢᠷᠢ ᠬᠤᠳᠤᠭᠳᠣ ᠶᠢᠨ ᠲᠡᠷᠭᠡᠳᠡ ᠤᠴᠢᠵᠠᠭᠠᠵᠦ᠄ ︽ᠪᠠᠶᠢᠪᠠᠭᠠᠰ ᠭᠠᠭᠴᠠᠷᠠᠷ ᠢᠶᠠᠨ ᠲᠤᠶᠢᠨ ᠪᠤᠯᠪᠠᠯ ᠰᠠᠶᠢᠨ ᠤᠤ︖ ᠡᠰᠡᠭᠦᠯ᠎ᠡ ᠨᠤᠶᠠᠳ ᠪᠦᠷᠢ ᠨᠢᠭᠡ ᠬᠦᠪᠡᠭᠦᠨ ᠢᠶᠠᠨ ᠯᠠᠮᠠ ᠪᠤᠯᠭᠠᠪᠠᠯ ᠰᠠᠶᠢᠨ ᠤᠤ︖︾ ᠬᠡᠵᠦ ᠠᠰᠠᠭᠤᠪᠠ᠃ ᠡᠭᠦᠨ ᠳᠤ ᠮᠠᠨᠴᠤᠱᠢᠷᠢ ᠬᠤᠳᠤᠭᠳᠤ᠄ ︽ᠨᠢᠭᠡ ᠬᠦᠮᠦᠨ ᠪᠤᠶᠠᠨ ᠬᠤᠷᠢᠶᠠᠭᠰᠠᠨ ᠠᠴᠠ ᠣᠯᠠᠨ ᠬᠦᠮᠦᠨ ᠪᠤᠶᠠᠨ ᠬᠤᠷᠢᠶᠠᠪᠠᠯ ᠰᠠᠶᠢᠨ︾ ᠭᠡᠵᠦ ᠬᠠᠷᠢᠭᠤᠯᠪᠠ᠃ ᠡᠭᠦᠨ ᠤ ᠤᠯᠠᠮ ᠠᠴᠠ ᠲᠣᠷᠭᠤᠳ ᠤᠨ ᠬᠤᠤ ᠥᠷᠯᠦᠭ᠂ ᠵᠦᠩᠭᠠᠷ ᠤᠨ ᠬᠠᠷ᠎ᠠ ᠬᠤᠯᠠᠨ᠂ ᠴᠦᠭᠦᠷ ᠤᠪᠠᠰᠢ᠂ ᠳᠦᠷᠪᠡᠳ ᠤᠨ ᠳᠠᠯᠠᠢ ᠲᠠᠶᠢᠵᠢ᠂ ᠬᠤᠱᠤᠳ ᠤ ᠬᠦᠨᠳᠡᠯᠡᠨ ᠤᠪᠠᠰᠢ ᠵᠡᠷᠭᠡ ᠳᠦᠷᠪᠡᠨ ᠣᠶᠢᠷᠠᠳ ᠤᠨ 32 ᠬᠠᠳ ᠨᠤᠶᠠᠳ ᠲᠣᠰ ᠲᠣᠰ ᠨᠢᠭᠡ ᠬᠦᠪᠡᠭᠦᠨ ᠢᠶᠠᠨ ᠰᠣᠩᠭᠤᠵᠦ᠂ ᠬᠠᠷᠠᠴᠤ ᠠᠯᠪᠠᠲᠤ ᠶᠢᠨ 2 ᠵᠠᠭᠤᠨ ᠬᠦᠪᠡᠭᠦᠨ ᠳᠠᠭᠠᠭᠤᠯᠤᠭᠠᠳ᠂ 1617 ᠣᠨ ᠳᠤ ᠨᠤᠮ ᠰᠤᠷᠤᠯᠴᠠᠭᠤᠯᠬᠤ ᠪᠠᠷ ᠬᠦᠬᠡᠨᠡᠭᠤᠷ ᠲᠤ ᠶᠠᠪᠤᠭᠤᠯᠪᠠ᠃ ᠲᠡᠭᠦᠨ ᠠᠴᠠ ᠬᠤᠶᠢᠰᠢ ᠬᠤᠤ ᠦᠷᠯᠦᠭ ᠰᠢᠷ᠎ᠠ ᠶᠢᠨ ᠱᠠᠰᠢᠨ ᠤ ᠬᠤᠪᠢᠯᠭᠠᠨ ᠬᠤᠲᠤᠭᠳᠤ ᠨᠠᠷ ᠲᠠᠢ ᠬᠠᠷᠢᠴᠠᠭ᠎ᠠ ᠬᠤᠯᠪᠤᠭ᠎ᠠ ᠪᠠᠶᠢᠭᠤᠯᠵᠦ ᠡᠬᠢᠯᠡᠭᠰᠡᠨ ᠶᠤᠮ᠃1617 ᠣᠨ ᠳᠤ ᠳᠤᠷᠭᠤᠳ ᠤᠨ ᠬᠤᠤ ᠦᠷᠯᠦᠭ᠂ ᠳᠦᠷᠪᠡᠳ ᠤᠨ ᠳᠠᠯᠠᠢ ᠲᠠᠶᠢᠵᠢ᠂ ᠬᠤᠶᠢᠳ ᠤᠨ ᠰᠠᠶᠢᠨ ᠬᠢᠶ᠎ᠠ ᠶᠢᠨ ᠬᠦᠪᠡᠭᠦᠨ ᠰᠤᠯᠳᠠᠨ ᠲᠠᠶᠢᠵᠢ ᠨᠠᠷ ᠴᠠᠭᠠᠨ ᠨᠤᠮ ᠤᠨ ᠬᠠᠭᠠᠨ ᠮᠠᠨᠴᠣᠰᠢᠷᠢ ᠶᠢ ᠵᠠᠯᠠᠭᠰᠠᠨ ᠳᠦᠷᠪᠡᠨ ᠣᠶᠢᠷᠠᠳ ᠤᠨ ᠶᠡᠭᠡ ᠬᠤᠷᠠᠯ ᠳᠤ ᠤᠷᠤᠯᠴᠠᠪᠠ᠃1628 ᠣᠨ ᠳᠤ ᠬᠤᠤ ᠦᠷᠯᠦᠭ ᠦᠪᠡᠷᠦᠨ ᠠᠯᠪᠠᠳᠤ ᠳᠤᠷᠭᠤᠳ ᠪᠠ ᠬᠤᠱᠣᠳ᠂ ᠳᠦᠷᠪᠷᠳ ᠤᠨ 5 ᠲᠦᠮᠡᠨ ᠡᠷᠦᠬᠡ ︵30 ᠲᠦᠮᠡᠨ ᠭᠦᠮᠦᠨ ᠠᠮᠠ︶ ᠤᠯᠤᠰ ᠢ ᠠᠪᠴᠣ᠂ ᠱᠦᠬᠦᠷ ᠲᠠᠶᠢᠴᠢᠩ᠂ ᠭᠤᠮᠪᠤ ᠢᠯᠳᠠᠩ᠂ ᠬᠢᠷᠰᠡᠨ᠂ ᠰᠠᠨᠵᠢ᠂ ᠯᠤᠪᠰᠠᠩ᠂ ᠰᠤᠩᠬᠡᠢ ᠵᠡᠷᠭᠡ 6 ᠬᠦᠪᠡᠭᠦᠨ ᠪᠠ 6 ᠦᠬᠢᠨ ᠢᠶᠠᠨ ᠳᠠᠭᠠᠭᠤᠯᠤᠨ᠂ ᠣᠷᠤ ᠭᠠᠭᠴᠠ ᠮᠣᠳᠣᠨ  ᠠᠴᠠ ᠮᠣᠷᠳᠠᠵᠦ᠂ ᠳᠦᠷᠦᠯᠬᠢ ᠨᠤᠲᠤᠭ ᠵᠦᠩᠭᠠᠷ ᠢᠶᠠᠨ ᠣᠷᠬᠢᠨ᠂ ᠨᠠᠷᠠᠨ ᠰᠢᠩᠭᠡᠬᠦ ᠪᠠᠷᠠᠭᠤᠨ ᠵᠦᠭ ᠲᠤ ᠮᠣᠷᠳᠠᠪᠠ ᠃ ᠳᠡᠭᠡᠭᠡᠳ ᠡᠮᠪᠡ ᠭᠤᠣᠯ ︵ᠣᠳᠣᠬᠢ ᠬᠠᠰᠬᠠᠰᠲ᠋ᠠᠨ ᠳᠤ ᠪᠤᠢ︶ ᠤᠨ ᠳᠡᠷᠭᠡᠳᠡ ᠨᠣᠲᠤᠭ ᠲᠠᠢ ᠨᠢᠭᠡᠨ ᠪᠦᠯᠦᠭ ᠲᠠᠲ᠋ᠠᠷᠴᠣᠳ ᠢ ᠪᠠᠶᠢᠯᠳᠣᠨ ᠳᠠᠭᠠᠭᠤᠯᠤᠭᠠᠳ᠂ ᠨᠠᠭᠠᠢ ᠬᠠᠨ ᠲᠠᠢ ᠬᠢᠪᠴᠠᠭ ᠴᠢᠩᠰᠠᠩ ᠭᠡᠮᠡᠬᠦ ᠲᠠᠲ᠋ᠠᠷᠴᠣᠳ ᠢ ᠡᠷᠭᠡ ᠰᠦᠷ ᠲᠡᠭᠡᠨ ᠣᠷᠣᠭᠤᠯᠵᠦ᠂ ᠢᠵᠢᠯ ᠮᠦᠷᠡᠨ ᠤ ᠬᠦᠪᠡᠭᠡ ᠳᠤ ᠭᠦᠷᠴᠦ ᠣᠴᠢᠪᠠ᠃1630 ᠣᠨ ᠳᠤ ᠬᠤᠤ ᠦᠷᠯᠦᠭ ᠢᠵᠢᠯ ᠮᠦᠷᠡᠨ ᠤ ᠠᠳᠠᠭ ᠲᠤ ᠭᠦᠷᠭᠦ ᠦᠶᠡᠰ᠂ ᠵᠦᠩᠭᠠᠷ ᠲᠤ ᠬᠤᠣᠷ ᠬᠦᠷᠭᠡᠬᠦ ᠴᠢᠳᠠᠯ ᠦᠭᠡᠢ ᠦᠴᠦᠬᠡᠨ ᠲᠡᠲ᠋ᠠᠷᠴᠣᠳ ᠠᠴᠠ ᠦᠭᠡᠷ᠎ᠡ ᠬᠦᠮᠦᠨ ᠦᠭᠡᠢ᠂ ᠣᠷᠤᠰ ᠪᠠᠯᠭᠠᠰᠤ ᠦᠴᠦᠭᠡᠨ ᠬᠡᠳᠦᠨ ᠰᠠᠭᠤᠷᠢ ᠪᠠᠶᠢᠭᠰᠠᠨ ᠠᠴᠠ ᠭᠠᠳᠠᠨ᠎ᠠ ᠬᠤᠳᠠ ᠭᠡᠵᠦ ᠦᠭᠡᠢ ᠪᠠᠶᠢᠪᠠ᠃ ᠭᠡᠪᠡᠴᠦ ᠳᠡᠨᠳᠡᠬᠢ ᠠᠭᠤᠳᠠᠮ ᠳᠠᠯ᠎ᠠ  ᠳᠤ ᠡᠪᠡᠰᠦ ᠬᠠᠭᠲᠠ ᠡᠯᠪᠡᠭ᠂ ᠤᠰᠤ ᠪᠡᠯᠴᠢᠭᠡᠷ ᠰᠠᠶᠢᠨ᠂ ᠮᠠᠯᠴᠢᠨ ᠬᠦᠮᠦᠨ ᠤ ᠠᠮᠢᠳᠤᠷᠠᠬᠤ ᠳᠤ ᠮᠠᠰᠢ ᠳᠤᠬᠢᠷᠠᠮᠵᠢᠳᠠᠢ ᠭᠠᠵᠠᠷ ᠪᠠᠶᠢᠵᠠᠢ᠂ ᠡᠶᠢᠮᠦ ᠠᠴᠠ ᠬᠤᠤ ᠦᠷᠯᠦᠭ ᠵᠠᠢ ︵ᠦᠷᠡᠯ ᠭᠤᠣᠯ︶ ᠠᠴᠠ ᠢᠵᠢᠯ ᠬᠦᠷᠳᠡᠯ᠎ᠡ᠂ ᠠᠰᠳ᠋ᠷᠬᠠᠨ ︵ᠣᠳᠣᠬᠢ ᠸᠤᠯᠭ᠎ᠠ ᠮᠦᠷᠡᠨ ᠤ ᠠᠮᠠᠰᠠᠷ ᠳᠡᠭᠡᠷ᠎ᠡ ᠪᠠᠶᠢᠭ᠎ᠠ ᠬᠤᠳᠠ︶ ᠠᠴᠠ ᠰᠠᠮᠠᠷᠺᠠᠨᠳ᠋ ᠭᠦᠷᠲᠡᠯᠡᠬᠢ ᠪᠦᠬᠦ ᠭᠠᠵᠠᠷ ᠣᠷᠣᠨ ᠢ ᠴᠦᠮ ᠡᠵᠡᠯᠡᠨ ᠠᠪᠤᠭᠠᠳ᠂ ᠥᠪᠡᠷᠦᠨ ᠠᠯᠪᠠᠲᠤ ᠨᠠᠷ ᠤᠨ ᠮᠦᠩᠬᠡ ᠶᠢᠨ ᠨᠤᠲᠤᠭ ᠪᠤᠯᠭᠠᠪᠠ᠃ ᠡᠳᠡᠭᠡᠷ ᠭᠠᠵᠠᠷ ᠣᠷᠣᠨ ᠢ ᠬᠤᠤ ᠦᠷᠯᠦᠭ ᠡᠵᠡᠯᠡᠭᠦ ᠬᠦᠷᠳᠡᠯ᠎ᠡ ᠬᠠᠭᠠᠨᠳᠣ ᠣᠷᠣᠰ ᠠᠴᠠ ᠪᠦᠷᠢᠮᠦᠰᠦᠨ ᠡᠷᠬᠡᠰᠢᠶᠡᠯ ᠳᠡᠭᠡᠨ ᠤᠷᠤᠭᠤᠯᠵᠦ ᠴᠢᠳᠠᠭᠠᠳᠣᠢ ᠪᠠᠶᠢᠵᠠᠢ᠃ ᠬᠤᠤ ᠦᠷᠯᠦᠭ ᠲᠡᠳᠡᠭᠡᠷ ᠭᠠᠵᠠᠷ ᠣᠷᠣᠨ ᠢ ᠡᠵᠡᠯᠡᠭᠰᠡᠨ  ᠠᠴᠠ ᠪᠤᠯᠵᠦ᠂ ᠬᠢᠷᠬᠢᠰ ᠲᠦᠮᠡᠨ ᠤ ᠬᠤᠶᠢᠲᠦ ᠵᠠᠬ᠎ᠠ ᠠᠴᠠ ᠪᠠᠷᠠᠭᠤᠨᠰᠢ᠂ ᠡᠷᠴᠢᠰ ᠮᠦᠷᠡᠨ ᠤ ᠳᠤᠮᠳᠠᠲᠤ ᠣᠷᠣᠰᠬᠠᠯ ᠂ ᠲᠦᠪᠦᠷ ᠮᠦᠷᠡᠨ ᠤ ᠠᠭᠤᠯᠵᠠᠷ᠂ ᠵᠠᠢ ᠮᠦᠷᠡᠨ ᠤ ᠡᠬᠢ᠂ ᠢᠵᠢᠯ ᠮᠦᠷᠡᠨ ᠤ ᠲᠤᠮᠳᠠᠳᠤ ᠤᠷᠤᠰᠬᠠᠯ ᠳᠠᠭᠠᠤ ᠭᠠᠵᠠᠷ ᠣᠷᠣᠨ ᠳᠤ ᠭᠦᠷᠬᠦ ᠬᠡᠳᠦᠨ ᠮᠢᠩᠭᠠᠨ ᠺᠢᠯᠤᠮᠧᠲ᠋ᠧᠷ ᠣᠷᠳᠣ ᠲᠦᠷᠪᠡᠨ ᠣᠶᠢᠷᠠᠳ ᠤᠨ ᠬᠤᠶᠢᠳᠤ ᠲᠠᠯ᠎ᠠ ᠶᠢᠨ ᠰᠢᠨ᠎ᠡ ᠬᠢᠯᠢ ᠬᠢᠵᠠᠭᠠᠷ ᠪᠦᠷᠢᠯᠳᠦᠭᠰᠠᠨ ᠶᠤᠮ᠃1636 ᠣᠨ ᠳᠤ ᠬᠤᠱᠤᠳ ᠤᠨ ᠬᠦᠰᠢ ᠬᠠᠨ᠂ ᠵᠦᠩᠭᠠᠷ ᠤᠨ ᠬᠠᠷ᠎ᠠ ᠬᠤᠯᠠᠨ᠂ ᠬᠤᠶᠢᠳ ᠤᠨ ᠰᠤᠯᠳᠠᠨ ᠲᠠᠶᠢᠵᠢ᠂ ᠳᠦᠷᠪᠷᠳ ᠤᠨ ᠳᠠᠯᠠᠢ ᠲᠠᠶᠢᠵᠢ ᠨᠠᠷ ᠳᠦᠷᠪᠷᠨ ᠣᠶᠢᠷᠠᠳ ᠤᠨ ᠴᠡᠷᠢᠭ ᠢ ᠨᠢᠭᠡᠳᠦᠯᠲᠡᠢ ᠵᠠᠬᠢᠷᠴᠦ ᠬᠦᠬᠡᠨᠠᠭᠤᠷ ᠲᠦᠪᠡᠳ ᠲᠤ ᠴᠡᠷᠢᠭ ᠣᠷᠣᠭᠤᠯᠬᠤ ᠦᠶᠡᠰ᠂ ᠠᠯᠤᠰ ᠬᠤᠯ᠎ᠠ ᠬᠡᠳᠦᠨ ᠮᠢᠩᠭᠠᠨ ᠭᠠᠵᠠᠷ ᠨᠡᠭᠦᠵᠦ ᠣᠴᠢᠭᠰᠠᠨ ᠲᠣᠷᠭᠤᠳ ᠤᠨ ᠬᠤᠤ ᠦᠷᠯᠦᠭ ᠪᠠᠰᠠ ᠦᠪᠡᠷᠦᠨ ᠭᠦᠪᠡᠭᠦᠨ ᠭᠤᠮᠪᠤ ᠢᠯᠳᠠᠩ ᠢ ᠲᠤᠮᠢᠯᠠᠨ ᠶᠠᠪᠤᠭᠤᠯᠵᠦ ᠬᠠᠪᠰᠦᠷᠤᠭᠰᠠᠨ ᠪᠠᠶᠢᠪᠠ᠃1640 ᠣᠨ ᠳᠤ ᠪᠠᠭᠠᠳᠤᠷ ᠬᠤᠩ ᠲᠠᠶᠢᠵᠢ ᠪᠠᠷ ᠲᠡᠷᠢᠭᠦᠯᠡᠭᠰᠡᠨ ᠣᠶᠢᠷᠠᠳ ᠤᠨ ᠶᠡᠭᠡᠰ ᠨᠤᠶᠠᠳ ᠪᠤᠯᠤᠨ ᠵᠠᠰᠠᠭᠲᠤ ᠬᠠᠨ ᠰᠦᠪᠡᠭᠡᠳᠡᠢ ᠪᠠᠷ ᠳᠡᠷᠢᠭᠦᠯᠡᠭᠰᠡᠨ ᠳᠤᠯᠤᠭᠠᠨ ᠣᠳᠤᠭ ᠬᠠᠯᠬ᠎ᠠ ᠶᠢᠨ ᠡᠷᠬᠡ ᠪᠠᠷᠢᠭᠴᠠᠳ᠂ ᠡᠷᠴᠢᠰ ᠮᠦᠷᠡᠨ ᠤ ᠮᠠᠨᠢᠳᠤ ᠭᠠᠳᠤᠯᠭᠠᠨ ᠤ ᠣᠷᠴᠢᠮ ᠭᠠᠵᠠᠷ ᠲᠤ ᠮᠣᠩᠭᠤᠯ ᠣᠶᠢᠷᠠᠳ ᠤᠨ ᠶᠡᠭᠡ ᠬᠤᠷᠠᠯ ᠢ ᠬᠤᠷᠠᠯᠳᠤᠭᠤᠯᠵᠦ ︽ᠮᠣᠩᠭᠤᠯ ᠣᠶᠢᠷᠠᠳ ᠤᠨ ᠶᠡᠭᠡ ᠴᠠᠭᠠᠵᠠ︾ ᠶᠢ ᠲᠤᠭᠳᠠᠭᠠᠬᠤ ᠦᠶ᠎ᠡ ᠳᠤ ᠬᠤᠤ ᠦᠷᠯᠦᠭ ᠪᠠᠰᠠ ᠠᠯᠤᠰ ᠬᠤᠯ᠎ᠠ ᠢᠵᠢᠯ ᠵᠠᠢ ᠠᠴᠠ ᠬᠦᠷᠦᠯᠴᠡᠨ ᠢᠷᠡᠵᠦ ᠤᠷᠤᠯᠴᠠᠭᠰᠠᠨ ᠪᠦᠭᠡᠳ ᠲᠤᠭᠳᠠᠭᠠᠭᠰᠠᠨ ᠴᠠᠭᠠᠵᠠ ᠶᠢ ᠨᠤᠲᠤᠭ ᠲᠠᠭᠠᠨ ᠠᠪᠠᠴᠢᠵᠦ ᠳᠡᠯᠭᠡᠷᠡᠬᠦᠯᠦᠭᠰᠠᠨ ᠪᠠᠶᠢᠵᠠᠢ᠃1643 ᠣᠨ ᠳᠤ ᠪᠠᠭᠠᠳᠦᠷ ᠬᠤᠩ ᠲᠠᠶᠢᠵᠢ ᠡᠭᠡ ᠨᠤᠲᠤᠭ ᠲᠠᠭᠠᠨ ᠬᠤᠴᠣᠷᠠᠭᠰᠠᠨ ᠲᠦᠷᠪᠡᠨ ᠣᠶᠢᠷᠠᠳ ᠤᠨ ᠴᠡᠷᠢᠭ ᠪᠤᠯᠤᠨ ᠬᠠᠯᠬ᠎ᠠ ᠶᠢᠨ ᠵᠠᠰᠠᠭᠳᠤ ᠬᠠᠨ ᠠᠶᠢᠮᠠᠭ ᠤᠨ ᠤᠮᠪᠤ ᠡᠷᠳᠡᠨᠢ ᠶᠢᠨ ᠴᠡᠷᠢᠭ ᠢ ᠳᠠᠶᠢᠴᠢᠯᠡᠵᠦ ᠬᠠᠰᠠᠭᠴᠣᠳ ᠲᠠᠢ ᠲᠠᠶᠢᠨ ᠬᠢᠬᠦ ᠦᠶ᠎ᠡ ᠳᠤ᠂ ᠬᠤᠤ ᠦᠷᠯᠦᠭ ᠮᠦᠨ ᠴᠡᠷᠢᠭ ᠶᠠᠪᠤᠭᠤᠯᠵᠦ ᠳᠡᠮᠵᠢᠭᠰᠡᠨ ᠪᠢᠯᠡ᠃ ᠭᠡᠪᠡᠴᠦ ᠡᠨᠡ ᠤᠳᠠᠭ᠎ᠠ ᠶᠢᠨ ᠳᠠᠶᠢᠨ ᠪᠠᠶᠢᠯᠳᠤᠭᠠᠨ ᠨᠢ ᠠᠮᠵᠢᠯᠳᠠ ᠪᠠᠭ᠎ᠠ ᠲᠠᠢ ᠪᠤᠯᠤᠭᠰᠠᠨ ᠪᠤᠯᠬᠤᠷ ᠪᠠᠭᠠᠳᠤᠷ ᠬᠤᠩ ᠲᠠᠶᠢᠵᠢ 1644 ᠣᠨ ᠳᠤ ᠬᠤᠤ ᠦᠷᠯᠦᠭ ᠲᠤ ᠪᠢᠴᠢᠭ ᠶᠠᠪᠤᠭᠤᠯᠵᠦ ᠬᠠᠰᠠᠭᠴᠣᠳ ᠢ ᠵᠡᠭᠦᠨ ᠪᠠᠷᠠᠭᠤᠨ ᠬᠤᠶᠠᠷ ᠳᠠᠯ᠎ᠠ ᠠᠴᠠ ᠨᠢ ᠬᠠᠪᠴᠢᠨ ᠪᠠᠶᠢᠯᠳᠤᠬᠤ ᠪᠠᠷ ᠪᠡᠯᠡᠳᠬᠡᠯ ᠬᠢᠵᠡᠢ᠃ ᠡᠨᠡ ᠦᠶ᠎ᠡ ᠳᠤ ᠬᠠᠭᠠᠨᠳᠤ ᠣᠷᠣᠰ ᠠᠴᠠ ᠪᠠᠭᠠᠳᠤᠷ ᠬᠤᠩ ᠲᠠᠶᠢᠵᠢ ᠶᠢ ᠠᠰᠢᠭᠯᠠᠵᠦ ᠬᠤᠤ ᠦᠷᠯᠦᠭ ᠢ ᠳᠠᠶᠢᠴᠢᠯᠠᠭᠤᠯᠬᠤ ᠪᠠᠷ ᠣᠷᠣᠯᠳᠣᠭᠤᠯᠪᠠ᠃ ᠡᠭᠦᠨ ᠪᠠᠭᠠᠲᠤᠷ ᠬᠤᠩ ᠲᠠᠶᠢᠵᠢ᠄ ︽ᠬᠤᠤ ᠦᠷᠯᠦᠭ ᠪᠤᠯ ᠳᠠᠶᠢᠰᠤᠨ ᠪᠢᠰᠢ᠂ ᠬᠠᠷᠢᠨ ᠮᠢᠨᠦ ᠬᠠᠳᠠᠮ ᠡᠴᠢᠭᠡ ᠮᠦᠨ᠃ ᠨᠠᠳᠠ ᠪᠠᠷ ᠲᠡᠭᠦᠨ ᠢ ᠳᠠᠶᠢᠯᠠᠭᠤᠯᠬᠤ ᠭᠡᠳᠡᠭ ᠨᠢ ᠬᠦᠦ ᠪᠠᠷ ᠨᠢ ᠡᠴᠢᠭᠡ ᠶᠢ ᠨᠢ ᠪᠠᠶᠢᠯᠳᠤᠭᠤᠯᠬᠤ ᠭᠡᠰᠡᠨ ᠬᠡᠷᠡᠭ ᠪᠤᠯᠤᠨ᠎ᠠ᠃ ᠮᠢᠨᠦ ᠨᠦᠭᠦᠳ ᠶᠠᠭᠠᠬᠢᠭᠰᠠᠨ ᠴᠤ ᠲᠡᠭᠦᠨ ᠲᠠᠢ ᠳᠠᠶᠢᠯᠠᠯᠳᠣᠬᠤ ᠦᠭᠡᠢ ᠶᠤᠮ︾ ᠬᠡᠵᠦ ᠬᠠᠭᠠᠨᠳᠤ ᠣᠷᠣᠰ ᠤᠨ ᠵᠠᠰᠠᠭ ᠤᠨ ᠭᠠᠵᠠᠷ ᠲᠤ ᠬᠠᠷᠢᠭᠤᠯᠵᠠᠢ᠃ ᠭᠡᠳᠡᠯ᠎ᠡ ᠡᠨᠡ ᠬᠤᠭᠤᠷᠤᠨᠳᠦ ᠬᠤᠤ ᠦᠷᠯᠦᠭ ᠠᠰᠲᠷᠬᠠᠨ ᠢ ᠲᠤᠪᠳᠤᠯᠤᠭᠰᠠᠨ ᠳᠤ᠂ ᠲᠡᠷᠡ ᠪᠠᠯᠭᠠᠰᠤᠨ ᠤ ᠣᠷᠣᠰ ᠠᠷᠠᠳ ᠬᠠᠯᠢᠮᠠᠭ ᠤᠳ ᠢ ᠳᠡᠶᠢᠯᠦᠭᠡᠳ ᠭᠦᠭᠡᠭᠡᠭᠰᠠᠨ ᠳᠤ ᠬᠤᠤ ᠦᠷᠯᠦᠭ ᠪᠠᠶᠢᠯᠳᠤᠭᠠᠨ ᠳᠤ ᠦᠷᠡᠭᠳᠡᠭᠰᠠᠨ ᠪᠠᠶᠢᠪᠠ᠃ᠬᠤᠤ ᠦᠷᠯᠦᠭ ᠢᠵᠢᠯ ᠵᠠᠢ ᠳᠤ ᠨᠡᠭᠦᠭᠰᠠᠨ ᠠᠴᠠ ᠡᠬᠢᠯᠡᠨ ᠬᠤᠱᠣᠳ ᠪᠤᠯᠤᠨ ᠳᠤᠷᠭᠤᠳ ᠤᠨ ᠨᠡᠷᠡᠶᠢᠳᠦᠯ ᠳᠤ ᠶᠡᠭᠡ ᠪᠠᠭ᠎ᠠ ᠰᠢᠨ᠎ᠡ ᠬᠠᠭᠤᠴᠢᠨ ᠤ ᠢᠯᠭᠠᠯ ᠲᠠᠢ ᠪᠤᠯᠵᠦ᠂ ᠵᠦᠩᠭᠠᠷ ᠤᠨ ᠲᠦᠷᠦᠯᠬᠢ ᠨᠤᠲᠤᠭ ᠲᠠᠭᠠᠨ ᠬᠤᠴᠤᠷᠠᠭᠰᠠᠨ ᠣᠶᠢᠷᠠᠳ ᠤᠨ ᠡᠯ᠎ᠡ ᠠᠶᠢᠮᠠᠭ ᠢ ᠬᠤᠱᠣᠳ ᠤᠨ ᠪᠠᠶᠢᠪᠠᠭᠠᠰ ᠤᠨ ᠭᠦᠪᠡᠭᠦᠨ ᠸᠴᠢᠷᠳᠤ ᠲᠠᠶᠢᠵᠢ ᠪᠤᠯᠤᠨ ᠵᠦᠩᠭᠠᠷ  ᠤᠨ ᠬᠠᠷ᠎ᠠ ᠬᠤᠯᠠᠨ ᠤ ᠭᠦᠪᠡᠬᠦᠨ ᠪᠠᠭᠠᠳᠤᠷ ᠬᠤᠩ ᠲᠠᠶᠢᠵᠢ ᠬᠤᠶᠠᠷ ᠬᠠᠮᠳᠤᠷᠠᠨ ᠵᠠᠬᠢᠷᠬᠤ ᠪᠤᠯᠤᠭᠰᠠᠨ ᠶᠤᠮ᠃ ᠬᠤᠱᠣᠳ ᠤᠨ ᠶᠡᠭᠡᠩᠬᠢ ᠬᠡᠰᠡᠭ ᠨᠢ ᠬᠦᠬᠡᠨᠡᠭᠤᠷ ᠲᠦᠪᠡᠳ ᠲᠤ ᠨᠡᠭᠦᠵᠦ ᠪᠠᠭ᠎ᠠ ᠬᠡᠰᠡᠭ ᠨᠢ ᠵᠦᠩᠭᠠᠷ ᠤᠨ ᠲᠦᠷᠦᠯᠬᠢ ᠨᠤᠲᠤᠭ ᠲᠠᠭᠠᠨ ᠬᠤᠴᠤᠷᠠᠭᠰᠠᠨ ᠪᠤᠯᠬᠤᠷ ᠬᠦᠬᠡᠨᠠᠭᠤᠷ ᠲᠦᠪᠡᠳ ᠤᠨ ᠬᠤᠱᠣᠳ ᠢ ᠶᠡᠭᠡ ᠬᠤᠱᠣᠳ᠂ ᠵᠦᠩᠭᠠᠷ ᠲᠤ ᠬᠤᠴᠣᠷᠠᠭᠰᠠᠨ ᠬᠤᠱᠣᠳ ᠢ ᠪᠠᠭ᠎ᠠ ᠬᠤᠱᠣᠳ ᠭᠡᠳᠡᠭ ᠶᠤᠮ᠃ ᠶᠡᠭᠡ ᠬᠤᠱᠣᠳ ᠨᠢ ᠰᠢᠷ᠎ᠠ ᠶᠢᠨ ᠱᠠᠰᠢᠨ ᠤ ᠮᠠᠨᠳᠣᠭᠰᠠᠨ ᠬᠦᠭᠡᠨᠡᠭᠤᠷ ᠳᠦᠪᠡᠳ ᠤᠨ ᠦᠨᠳᠦᠷᠯᠢᠭ ᠲᠤ ᠮᠠᠯᠵᠢᠳᠠᠭ ᠪᠤᠯᠬᠤᠷ ᠲᠡᠳᠡᠨᠤᠰ ᠢ ᠪᠠᠰᠠ ᠳᠡᠭᠡᠳᠤ ᠮᠤᠩᠭᠤᠯ ᠬᠡᠵᠦ ᠬᠡᠯᠡᠳᠡᠭ ᠪᠢᠯᠡ᠃ ᠡᠭᠦᠨ ᠲᠠᠢ ᠠᠳᠠᠯᠢ ᠪᠠᠷ ᠳᠣᠷᠭᠤᠳ ᠤᠨ ᠶᠡᠬᠡᠩᠬᠢ ᠬᠡᠰᠡᠭ ᠨᠢ ᠢᠵᠢᠯ ᠵᠠᠢ ᠳᠤ ᠨᠡᠭᠦᠵᠦ ᠪᠠᠭ᠎ᠠ ᠬᠡᠰᠡᠭ ᠨᠢ ᠵᠦᠩᠭᠠᠷ ᠪᠤᠯᠤᠨ ᠬᠦᠬᠡᠨᠠᠭᠤᠷ ᠲᠤ ᠬᠤᠴᠤᠷᠠᠭᠰᠠᠨ ᠪᠤᠯᠬᠤᠷ ᠢᠵᠢᠯ ᠵᠠᠢ ᠤᠨ ᠲᠤᠷᠭᠤᠳ ᠢ ᠶᠡᠭᠡ ᠲᠣᠷᠭᠤᠳ᠂ ᠵᠦᠩᠭᠠᠷ ᠪᠤᠯᠤᠨ ᠬᠦᠬᠡᠨᠡᠭᠤᠷ ᠲᠤ ᠬᠤᠴᠤᠷᠠᠭᠰᠠᠨ ᠲᠤᠷᠭᠤᠳ ᠢ ᠪᠠᠭ᠎ᠠ ᠲᠤᠷᠭᠤᠳ ᠭᠡᠳᠡᠭ ᠶᠤᠮ᠃ ᠳᠠᠬᠢᠨ ᠣᠶᠢᠷᠠᠳ ᠤᠨ ᠲᠤᠷᠭᠤᠳ᠂ ᠬᠤᠱᠣᠳ ᠵᠡᠷᠭᠡ ᠠᠶᠢᠮᠠᠭ ᠤᠨ ᠬᠦᠮᠦᠰ ᠢᠵᠢᠯ ᠵᠠᠢ ᠳᠤ ᠬᠡᠳᠦᠨ ᠣᠳᠠᠭ᠎ᠠ ᠨᠡᠭᠦᠵᠦ ᠣᠴᠢᠭᠰᠠᠨ ᠪᠤᠯᠬᠤᠷ ᠬᠤᠤ ᠦᠷᠯᠦᠭ ᠢ ᠳᠠᠭᠠᠵᠦ ᠬᠠᠮᠤᠭ ᠤᠷᠢᠳᠠᠪᠡᠷ ᠣᠴᠢᠭᠰᠠᠨ ᠢ ᠬᠠᠭᠤᠴᠢᠨ ᠳᠣᠷᠭᠤᠳ ᠭᠡᠮᠡᠨ᠂ ᠰᠡᠭᠦᠯᠡᠷ ᠨᠢ ᠣᠴᠢᠭᠰᠠᠨ ᠢ ᠰᠢᠨ᠎ᠡ ᠲᠤᠷᠭᠤᠳ ᠰᠢᠨ᠎ᠡ ᠬᠤᠱᠤᠳ ᠬᠡᠳᠡᠭ ᠪᠤᠯᠤᠭᠰᠠᠨ ᠶᠤᠮ᠃ ᠡᠶᠢᠮᠦ ᠠᠴᠠ ᠬᠤᠤ ᠦᠷᠯᠦᠭ ᠪᠤᠯ ᠢᠵᠢᠯ ᠵᠠᠢ ᠳᠤ ᠨᠡᠭᠦᠭᠰᠡᠨ ᠶᠡᠭᠡ ᠳᠤᠷᠭᠤᠳ ᠪᠤᠶᠤ ᠬᠠᠭᠤᠴᠢᠨ ᠲᠤᠷᠭᠤᠳ ᠤᠨ ᠡᠪᠦᠭᠡ ᠳᠡᠭᠡᠳᠦᠰ ᠪᠤᠯᠤᠨ᠎ᠠ᠃ ᠦᠭᠡᠷ᠎ᠡ ᠪᠠᠷ ᠬᠡᠯᠡᠪᠡᠯ ᠣᠳᠣᠬᠢ ᠣᠷᠣᠰ ᠤᠯᠤᠰ ᠲᠤ ᠪᠠᠶᠢᠭ᠎ᠠ ᠬᠠᠯᠢᠮᠠᠭ ᠤᠳ ᠤᠨ ᠡᠪᠦᠭᠡ ᠳᠡᠭᠡᠳᠦᠰ ᠪᠤᠯᠤᠨ᠎ᠠ᠃ ᠰᠣᠨᠣᠷ ᠨᠠᠶᠢᠷᠠᠭᠤᠯᠪᠠ᠃
 
ᠢᠷᠡᠯᠲᠡ᠄ ᠲᠥᠪ ᠤᠨ ᠲᠧᠯᠸᠢᠰ ᠬᠤᠷᠢᠶ᠎ᠠ᠂ ᠳᠤᠮᠳᠠᠳᠤ ᠤᠯᠤᠰ ᠤᠨ ᠰᠦᠯᠵᠢᠶᠡᠨ ᠤ ᠲᠧᠯᠸᠢᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号