| | ᠤᠶᠢᠷᠠᠳ ᠠᠶᠢᠮᠠᠭ ᠤᠨ ᠬᠤᠱᠤᠳ ᠤᠪᠤᠭᠳᠠᠨ᠃ ᠲᠡᠷᠡ ᠪᠤᠯ ᠲᠦᠷᠪᠡᠨ ᠤᠶᠢᠷᠠᠳ ᠤᠨ ᠡᠷᠬᠡ ᠶᠢ ᠮᠡᠳᠡᠵᠤ | ᠪᠠᠶᠢᠭᠰᠠᠨ ᠬᠤᠱᠣᠳ ᠠᠶᠢᠮᠠᠭ ᠤᠨ ᠲᠦᠷᠦᠬᠦᠦ ᠬᠠᠨᠢ ᠨᠤᠶᠠᠨ ᠬᠤᠩᠭᠤᠷ ᠤᠨ ᠠᠭᠠᠢ ᠬᠠᠳᠤᠨ ᠠᠴᠠ ᠲᠦᠷᠦᠭᠰᠡᠨ | ᠠᠬᠠᠮᠠᠳ ᠬᠦᠪᠡᠬᠦᠨ ᠪᠤᠯᠬᠤ ᠶᠤᠮ᠃ | ᠪᠠᠶᠢᠪᠠᠭᠠᠰ ᠤᠨ ᠡᠪᠦᠭᠡ ᠪᠦᠪᠠᠢ ᠮᠢᠷᠽᠠ ᠪᠤᠯ ᠡᠰᠡᠨ ᠬᠠᠨ ᠠᠴᠠ ᠰᠡᠭᠦᠯᠡᠷ ᠤᠶᠢᠷᠠᠳ ᠤᠨ ᠲᠡᠦᠬᠡᠨ᠎ᠡ ᠠᠩᠬ᠎ᠠ | ᠤᠳᠠᠭ᠎ᠠ ᠬᠠᠨ ᠴᠤᠯᠠ ᠬᠠᠳᠠᠭᠰᠠᠨ ᠬᠦᠮᠦᠨ ᠪᠣᠯᠣᠨ᠎ᠠ᠃ ᠪᠦᠪᠠᠢ ᠮᠢᠷᠽᠠ ᠶᠢ ᠨᠠᠰᠤ ᠪᠠᠷᠠᠭᠰᠠᠨ ᠤ ᠰᠡᠭᠦᠯᠡᠷ | ᠲᠡᠬᠦᠨ ᠤ ᠬᠦᠪᠡᠭᠦᠨ ᠬᠠᠨᠢ ᠨᠤᠶᠠᠨ ᠬᠤᠩᠭᠤᠷ ᠬᠠᠨ ᠤᠷᠤ ᠶᠢ ᠵᠠᠯᠭᠠᠮᠵᠢᠯᠠᠪᠠ᠃ ᠬᠠᠨᠢ ᠨᠤᠶᠠᠨ ᠬᠤᠩᠭᠤᠷ ᠤᠨ | ᠦᠶ᠎ᠡ ᠳᠤ ᠤᠶᠢᠷᠠᠳ ᠤᠨ ᠪᠠᠶᠢᠳᠠᠯ ᠲᠤᠩ ᠬᠦᠴᠢᠷ ᠪᠡᠷᠭᠡᠰᠢᠶᠡᠯ ᠲᠠᠢ ᠪᠠᠶᠢᠵᠠᠢ᠃ ᠪᠤᠳᠠᠳᠠᠢ ᠬᠡᠯᠡᠪᠡᠯ᠃ ᠲᠡᠳᠡᠨ ᠤ | ᠡᠮᠦᠨ᠎ᠡ ᠵᠦᠭ ᠲᠤ ᠴᠠᠭᠠᠳᠠᠢ ᠶᠢᠨ ᠬᠤᠶᠢᠴᠢᠰ ᠲᠠᠶᠢᠨ ᠲᠠᠵᠢᠨ ᠲᠡᠭᠳᠡᠭᠡᠵᠤ᠂ ᠨᠤᠲᠤᠭ ᠤᠰᠤ ᠶᠢ ᠨᠢ ᠪᠤᠯᠢᠶᠠᠵᠤ | ᠪᠠᠶᠢᠭᠰᠠᠨ ᠲᠤᠯᠠ ᠨᠢᠭᠡ ᠪᠦᠯᠦᠭ ᠤᠶᠢᠷᠠᠳᠴᠤᠳ ᠲᠦᠷᠦᠭᠰᠡᠨ ᠨᠤᠲᠤᠭ ᠠᠴᠠ ᠪᠠᠨ ᠰᠠᠯᠵᠤ ᠬᠦᠬᠡᠨᠠᠭᠤᠷ᠂ | ᠭᠠᠨᠰᠤ ᠶᠢᠨ ᠵᠦᠭ ᠨᠡᠭᠦᠳᠡᠯᠯᠡᠵᠤ ᠪᠠᠶᠢᠵᠠᠢ᠃ ᠦᠷᠦᠨ᠎ᠡ ᠵᠦᠭ ᠲᠤ ᠬᠠᠰᠠᠭ ᠤᠨ ᠬᠠᠨ ᠨᠢᠭᠡ ᠪᠦᠯᠦᠭ | ᠤᠶᠢᠷᠠᠳᠴᠤᠳ ᠢ ᠨᠤᠶᠠᠷᠬᠠᠯ ᠲᠤᠤᠷ᠎ᠠ ᠪᠠᠨ ᠤᠷᠤᠭᠤᠯᠤᠨ ᠠᠪᠤᠭᠠᠳ ︽ᠬᠠᠰᠠᠭ᠂ ᠬᠠᠯᠢᠮᠠᠭ ᠤᠨ ᠬᠠᠨ︾ | ᠪᠤᠯᠤᠭᠰᠠᠨ ᠪᠠᠶᠢᠵᠠᠢ᠃ ᠲᠣᠷᠣᠨ᠎ᠠ ᠵᠦᠭ ᠲᠤ ᠲᠦᠮᠡᠳ ᠤᠨ ᠠᠯᠳᠠᠨ ᠬᠠᠨ ᠤᠶᠢᠷᠠᠳ ᠢ ᠲᠤᠪᠳᠤᠯᠵᠤ ᠬᠠᠩᠭᠠᠢ | ᠠᠭᠤᠯᠠ ᠠᠴᠠ ᠪᠠᠷᠠᠭᠤᠨᠰᠢᠬᠢ ᠨᠤᠲᠤᠭ ᠲᠡᠪᠢᠰᠬᠡᠷ ᠢ ᠪᠠᠶᠢᠯᠳᠤᠨ ᠡᠵᠡᠯᠡᠵᠤ ᠪᠠᠶᠢᠭᠰᠠᠨ ᠪᠦᠭᠡᠳ ᠬᠠᠯᠬ᠎ᠠ ᠶᠢᠨ | ᠨᠤᠶᠠᠳ ᠴᠦ ᠤᠶᠢᠷᠠᠳ ᠤᠨ ᠲᠦᠪ ᠬᠦᠢᠰᠤ ᠭᠠᠵᠠᠷ ᠤᠷᠤᠭᠤ ᠲᠠᠭᠠᠷᠢᠨ ᠲᠤᠪᠳᠤᠯᠵᠤ ᠪᠠᠶᠢᠵᠠᠢ᠃ | 1585ᠣᠨ ᠤ ᠤᠷᠴᠢᠮ ᠢᠶᠠᠷ ᠬᠠᠯᠬ᠎ᠠ ᠶᠢᠨ ᠬᠡᠷᠡᠰᠡᠨᠵᠡ ᠵᠠᠯᠠᠶᠢᠷ ᠬᠤᠩ ᠲᠠᠶᠢᠵᠢ ᠶᠢᠨ ᠠᠴᠢ ᠪᠤᠯᠬᠤ ᠠᠪᠠᠳᠠᠢ | ᠬᠠᠨ᠂ ᠤᠷᠢᠳᠣ ᠵᠡᠭᠦᠨ ᠮᠤᠩᠭᠤᠯ ᠤᠨ ᠨᠤᠶᠠᠳ ᠢ ᠡᠰᠡᠨ ᠬᠠᠨ ᠠᠯᠠᠭᠰᠠᠨ ᠦᠰᠢᠶ᠎ᠡ ᠬᠤᠷᠤᠰᠤᠯ ᠢ ᠠᠪᠬᠤ ᠪᠠᠷ | ᠤᠶᠢᠷᠠᠳ ᠵᠦᠭ ᠲᠤᠪᠳᠤᠯᠤᠨ ᠢᠷᠡᠪᠡ᠃ ᠲᠡᠷᠡ ᠲᠤᠬᠠᠢ ᠪᠠᠶᠢᠪᠠᠭᠠᠰ ᠤᠨ ᠡᠴᠢᠭᠡ ᠬᠠᠨᠢ ᠨᠤᠶᠠᠨ ᠬᠤᠩᠭᠤᠷ | ᠲᠦᠷᠪᠡᠨ ᠤᠶᠢᠷᠠᠳ ᠤᠨ ᠴᠡᠷᠢᠭ ᠢᠶᠠᠨ ᠠᠪᠴᠤ ᠬᠦᠪᠭᠡᠷ ᠬᠡᠷᠢᠶ᠎ᠡ ︵ᠤᠳᠤ ᠶᠢᠨ ᠰᠢᠨᠵᠢᠶᠠᠩ ᠳᠤ ᠪᠤᠢ︶ ᠬᠡᠮᠡᠬᠦ | ᠭᠠᠵᠠᠷ ᠲᠤ ᠤᠭᠳᠤᠨ ᠪᠠᠶᠢᠯᠳᠤᠭᠠᠳ ᠶᠡᠬᠡᠳᠡ ᠲᠡᠶᠢᠯᠦᠭᠳᠡᠵᠤ ᠬᠠᠯᠬᠠᠴᠤᠳ ᠲᠤ ᠠᠯᠠᠭᠳᠠᠵᠠᠢ᠃ ᠨᠤᠶᠠᠨ | ᠬᠤᠩᠭᠤᠷ ᠢ ᠦᠭᠦᠭᠰᠡᠨ ᠤ ᠰᠡᠭᠦᠯᠡᠷ ᠬᠠᠯᠬ᠎ᠠ ᠶᠢᠨ ᠠᠪᠠᠳᠠᠢ ᠬᠠᠨ ᠬᠦᠪᠡᠭᠦᠨ ᠰᠤᠪᠠᠭᠤᠳᠠᠢ ᠪᠠᠨ ᠤᠶᠢᠷᠠᠳ ᠤᠨ | ᠬᠠᠨ ᠢᠶᠠᠷ ᠲᠣᠮᠢᠯᠠᠨ ᠢᠷᠡᠭᠦᠯᠪᠡ᠃ ᠬᠡᠪᠡᠴᠤ 1588 ᠣᠨ ᠳᠤ ᠠᠪᠠᠳᠠᠢ ᠬᠠᠨ ᠢ ᠨᠠᠰᠤ ᠨᠦᠭᠴᠢᠭᠰᠡᠨ ᠤ ᠬᠤᠶᠢᠨ᠎ᠡ | ᠤᠶᠢᠷᠠᠳᠴᠤᠳ ᠪᠤᠰᠤᠯᠴᠠᠭᠠᠳ ᠰᠣᠪᠠᠭᠤᠳᠠᠢ ᠶᠢ ᠤᠭ ᠨᠤᠲᠤᠭ ᠲᠤᠨᠢ ᠦᠯᠳᠡᠨ ᠶᠠᠪᠤᠭᠤᠯᠪᠠ᠃ | ᠡᠴᠢᠬᠡ ᠬᠠᠨᠢ ᠨᠤᠶᠠᠨ ᠬᠤᠩᠭᠤᠷ ᠢᠶᠠᠨ ᠨᠠᠰᠤ ᠪᠠᠷᠠᠬᠤ ᠦᠶ᠎ᠡ ᠳᠤ ᠪᠠᠶᠢᠪᠠᠭᠠᠰ ᠬᠠᠷᠠᠬᠠᠨ ᠪᠠᠯᠴᠢᠷ ᠪᠠᠭ᠎ᠠ ᠪᠠᠶᠢᠭᠰᠠᠨ | ᠲᠤᠯᠠ ᠬᠤᠱᠤᠳ ᠠᠶᠢᠮᠠᠭ ᠪᠠ ᠲᠦᠷᠪᠡᠨ ᠤᠶᠢᠷᠠᠳ ᠤᠨ ᠤᠳᠤᠷᠢᠳᠬᠤ ᠡᠷᠬᠡ ᠶᠢ ᠲᠡᠭᠦᠨ ᠤ ᠡᠬᠡ ᠠᠭᠠᠢ ᠬᠠᠳᠤᠨ | ᠠᠳᠬᠤᠵᠤ ᠪᠠᠶᠢᠪᠠ᠃ ᠠᠭᠠᠢ ᠪᠤᠯ ᠤᠤᠯ ᠳᠠᠭᠠᠨ ᠬᠠᠨᠢ ᠨᠤᠶᠠᠨ ᠬᠤᠩᠭᠤᠷ ᠤᠨ ᠦᠶᠡᠯᠢᠳ ᠠᠬ᠎ᠠ ᠶᠠᠳᠢ | ᠴᠢᠩᠰᠠᠩ ᠤᠨ ᠬᠠᠳᠤᠨ ᠪᠠᠶᠢᠪᠠ᠃ ᠶᠠᠳᠢ ᠶᠢ ᠦᠭᠦᠭᠰᠡᠨ ᠤ ᠰᠡᠭᠦᠯᠡᠷ ᠬᠠᠨᠢ ᠨᠤᠶᠠᠨ ᠬᠤᠩᠭᠤᠷ ᠲᠠᠢ ᠤᠷᠤᠭᠯᠠᠨ | ᠰᠠᠭᠤᠭᠠᠳ ᠪᠠᠶᠢᠪᠠᠭᠠᠰ᠂ ᠲᠦᠮᠡᠨᠳᠡᠢ ᠦᠢᠵᠢᠩ᠂ ᠬᠦᠨᠳᠡᠯᠡᠨ ᠤᠪᠠᠰᠢ᠂ ᠲᠦᠷᠦᠪᠠᠶᠢᠬᠤ ᠬᠦᠦᠰᠢ ᠬᠠᠨ᠂ ᠵᠠᠰᠠᠭᠳᠤ | ᠴᠢᠩ ᠪᠠᠭᠠᠳᠤᠷ᠂ ᠪᠤᠶᠠᠨ ᠬᠠᠳᠠᠨ ᠪᠠᠭᠠᠳᠤᠷ ᠵᠡᠷᠭᠡ ᠣᠶᠢᠷᠠᠳ ᠤᠨ ᠲᠡᠦᠬᠡᠨ᠎ᠡ ᠠᠯᠳᠠᠷ ᠴᠤᠤ ᠲᠠᠢ ᠵᠢᠷᠭᠤᠭᠠᠨ | ᠬᠦᠪᠡᠭᠦᠨ ᠲᠦᠷᠦᠵᠠᠢ᠃ ᠡᠨᠡ ᠵᠢᠷᠭᠤᠭᠠᠨ ᠬᠦᠪᠡᠭᠦᠨ ᠤ ᠲᠤᠳᠤᠷ᠎ᠠ ᠪᠠᠶᠢᠪᠠᠭᠠᠰ ᠪᠤᠯ ᠬᠠᠮᠤᠭ ᠤᠨ ᠠᠬ᠎ᠠ ᠨᠢ ᠪᠤᠯᠬᠤ | ᠪᠦᠭᠡᠳ ᠡᠴᠢᠭᠡ ᠶᠢᠨ ᠢᠶᠠᠨ ᠦᠯᠡᠳᠡᠭᠡᠭᠰᠡᠨ ᠦᠮᠴᠢ ᠬᠤᠪᠢ ᠶᠢ ᠴᠦ ᠬᠠᠮᠤᠭ ᠠᠴᠠ ᠢᠯᠡᠭᠦᠦ ᠬᠤᠪᠢᠶᠠᠵᠤ | ᠤᠯᠤᠭᠰᠠᠨ ᠲᠤᠯᠠ ᠡᠷ᠎ᠡ ᠶᠢᠨ ᠴᠡᠬᠡᠯᠬᠡᠨ ᠳᠤ ᠬᠦᠷᠦᠮᠡᠭᠴᠡ ᠲᠤᠩ ᠬᠢᠯᠪᠠᠷᠬᠠᠨ ᠢᠶᠠᠷ ᠲᠦᠷᠪᠡᠨ ᠤᠶᠢᠷᠠᠳ ᠤᠨ | ᠴᠢᠭᠤᠯᠭᠠᠨ ᠲᠠᠷᠤᠭ᠎ᠠ ᠪᠤᠯᠤᠭᠰᠠᠨ ᠪᠠᠶᠢᠨ᠎ᠠ᠃ ᠪᠠᠶᠢᠪᠠᠭᠠᠰ ᠴᠢᠭᠤᠯᠭᠠᠨ ᠲᠠᠷᠤᠭ᠎ᠠ ᠪᠤᠯᠤᠮᠠᠭᠴᠠ ᠲᠦᠷᠪᠡᠨ | ᠤᠶᠢᠷᠠᠳ ᠤᠨ ᠨᠤᠶᠠᠳ ᠢ ᠴᠤᠭᠯᠠᠭᠤᠯᠵᠤ ᠶᠡᠭᠡ ᠬᠤᠷᠠᠯ ᠬᠤᠷᠠᠯᠳᠤᠭᠤᠯᠤᠨ᠂ ᠡᠯ᠎ᠡ ᠠᠶᠢᠮᠠᠭ ᠤᠨ ᠬᠤᠭᠤᠷᠤᠨᠳᠤᠬᠢ | ᠬᠠᠷᠢᠴᠠᠭ᠎ᠠ ᠬᠤᠯᠪᠤᠭ᠎ᠠ ᠶᠢ ᠵᠤᠬᠢᠴᠠᠭᠤᠯᠵᠤ᠂ ᠴᠡᠷᠢᠭ ᠵᠠᠰᠠᠭ ᠤᠨ ᠶᠡᠭᠡ ᠬᠡᠷᠡᠭ ᠢ ᠵᠦᠪᠳᠡᠨ᠂ ᠨᠤᠶᠠᠳ ᠤᠨ ᠡᠷᠬᠡ ᠪᠠ | ᠬᠠᠷᠠᠴᠣ ᠶᠢᠨ ᠠᠯᠪᠠ ᠶᠢ ᠲᠤᠳᠤᠷᠬᠠᠶᠢᠯᠠᠵᠤ᠂ ᠲᠤᠳᠤᠭᠠᠳᠤ ᠶᠢᠨ ᠡᠮᠬᠢ ᠵᠢᠷᠤᠮ ᠢᠶᠠᠨ ᠲᠢᠭᠯᠡᠵᠤ ᠪᠠᠶᠢᠪᠠ᠃ | ᠵᠢᠱᠢᠶᠡᠯᠡᠪᠡᠯ ᠨᠢᠭᠡᠨ ᠤᠳᠠᠭ᠎ᠠ ᠶᠢᠨ ᠴᠢᠭᠤᠯᠭᠠᠨ ᠲᠡᠭᠡᠷ᠎ᠡ ᠪᠠᠶᠢᠪᠠᠭᠠᠰ᠄ ︽ᠮᠤᠩᠭᠤᠯᠴᠤᠳ ᠬᠤᠭᠤᠷᠤᠨᠳᠤ ᠪᠠᠨ ᠶᠠᠰᠤ | ᠮᠢᠬᠠᠨ ᠤ ᠬᠤᠯᠪᠤᠭ᠎ᠠ ᠲᠠᠢ ᠪᠤᠯᠬᠤᠷ ᠵᠠᠷᠢᠮ ᠨᠢᠭᠡ ᠬᠦᠮᠦᠨ ᠨᠢ ᠲᠤᠷᠤᠶᠢᠳᠠᠵᠤ ᠠᠯᠪᠠᠳᠤ ᠪᠤᠯᠤᠭᠰᠠᠨ ᠪᠤᠯᠪᠠᠴᠤ | ᠲᠤᠰᠤ ᠨᠡᠭᠦᠷᠡᠰᠦᠨ ᠳᠤ ᠪᠤᠤ ᠵᠠᠷᠤᠶ᠎ᠠ᠃ ᠬᠡᠦᠬᠡᠨ ᠢ ᠨᠢ ᠦᠪᠡᠷᠰᠡᠳ ᠢᠶᠠᠨ ᠢᠨᠵᠢ ᠪᠤᠤ ᠪᠤᠯᠭᠠᠶ᠎ᠠ᠃ ᠦᠭᠡᠷ᠎ᠡ | ᠶᠠᠰᠤᠳᠠᠨ ᠤ ᠠᠯᠪᠠᠳᠤ ᠬᠦᠮᠦᠨ ᠳᠤ ᠪᠤᠤ ᠤᠷᠤᠭᠯᠠᠨ ᠦᠭᠭᠦᠶ᠎ᠡ ᠁︾ ᠭᠡᠳᠡᠭ ᠰᠢᠢᠳᠪᠤᠷᠢ ᠭᠠᠷᠭᠠᠭᠰᠠᠨ ᠪᠠᠶᠢᠪᠠ | ᠃ | 1612ᠣᠨ ᠳᠤ ᠮᠠᠨᠵᠤᠰᠢᠷᠢ ᠬᠤᠳᠤᠭᠳᠤ ︵ᠴᠠᠭᠠᠨ ᠨᠤᠮᠤ ᠶᠢᠨ ᠬᠠᠨ︶ ᠲᠠᠯᠠᠢ ᠯᠠᠮᠠ ᠶᠢ ᠲᠦᠯᠦᠭᠡᠯᠡᠵᠤ | ᠤᠶᠢᠷᠠᠳ ᠲᠤ ᠬᠦᠷᠴᠦ ᠢᠷᠡᠭᠡᠳ ᠪᠠᠶᠢᠪᠠᠭᠠᠰ ᠢ ︽ᠰᠢᠷ᠎ᠠ ᠶᠢᠨ ᠱᠠᠰᠢᠨ ᠢ ᠰᠢᠳᠦᠰᠦᠭᠡᠢ︕︾ ᠭᠡᠵᠤ ᠢᠳᠬᠠᠪᠠ᠃ | ᠪᠠᠶᠢᠪᠠᠭᠠᠰ ᠤᠯᠠᠨ ᠤᠳᠠᠭ᠎ᠠ ᠮᠠᠨᠵᠤᠰᠢᠷᠢ ᠬᠤᠳᠤᠭᠳᠤ ᠶᠢᠨ ᠨᠤᠮ ᠢ ᠰᠤᠨᠤᠰᠤᠭᠠᠳ᠂ ᠢᠯᠠᠩᠭᠤᠶ᠎ᠠ ︽ᠱᠠᠯᠪᠠ ᠰᠢᠮ᠎ᠡ | ᠡᠪᠳᠡᠷᠡᠬᠦ ᠬᠤᠭᠤᠰᠤᠨ ᠴᠢᠨᠠᠷ︾ ᠭᠡᠳᠡᠭ ᠨᠤᠮ ᠢ ᠰᠤᠨᠤᠰᠤᠭᠰᠠᠨ ᠤ ᠲᠠᠷᠠᠭ᠎ᠠ᠂ ᠤᠷᠴᠢᠯᠠᠩ ᠤᠨ ᠤᠯᠠᠭᠠᠨ | ᠲᠤᠭᠤᠰᠤᠨ ᠠᠴᠠ ᠠᠩᠭᠢᠵᠢᠷᠠᠵᠤ᠂ ᠰᠦᠮ᠎ᠡ ᠬᠡᠶᠢᠳ ᠲᠤ ᠰᠠᠭᠤᠨ ᠲᠤᠶᠢᠨ ᠪᠤᠯᠬᠤ ᠶᠢ ᠵᠤᠷᠢᠪᠠ᠃ ᠬᠡᠪᠡᠴᠤ | ᠲᠦᠷᠪᠡᠨ ᠤᠶᠢᠷᠠᠳ ᠤᠨ ᠨᠤᠶᠠᠳ᠄ ︽ᠴᠢ ᠲᠤᠶᠢᠨ ᠪᠤᠯᠴᠢᠪᠠᠯ᠂ ᠪᠢᠳᠡᠨ ᠤ ᠨᠤᠲᠤᠭ ᠤᠰᠤ ᠶᠢ ᠬᠡᠨ ᠬᠠᠮᠠᠭᠠᠯᠠᠳᠠᠭ | ᠪᠢᠯᠡ︾ ᠭᠡᠳ ᠡᠰᠡ ᠵᠦᠪᠰᠢᠶᠡᠷᠡᠪᠡ᠃ ᠲᠡᠭᠡᠭᠡᠳ ᠮᠠᠨᠵᠤᠰᠢᠷᠢ ᠬᠤᠳᠤᠭᠳᠤ ᠶᠢᠨ ᠲᠡᠷᠭᠡᠳᠡ ᠤᠴᠢᠵᠤ᠄ ︽ | ᠪᠠᠶᠢᠪᠠᠭᠠᠰ ᠭᠠᠭᠴᠠᠭᠠᠷ ᠢᠶᠠᠨ ᠲᠤᠶᠢᠨ ᠪᠣᠯᠪᠠᠯ ᠰᠠᠶᠢᠨ ᠤᠤ︖ ᠡᠰᠡᠭᠦᠯ᠎ᠡ᠂ ᠨᠤᠶᠠᠨ ᠪᠦᠷᠢ ᠨᠢᠭᠡᠨ ᠬᠦᠪᠡᠭᠦᠨ ᠢᠶᠠᠨ | ᠯᠠᠮᠠ ᠪᠤᠯᠭᠠᠪᠠᠯ ᠰᠠᠶᠢᠨ ᠤᠤ︖︾ ᠭᠡᠵᠤ ᠠᠰᠠᠭᠤᠪᠠ᠃ ᠡᠭᠦᠨ ᠳᠤ ᠮᠠᠨᠵᠤᠰᠢᠷᠢ ᠬᠤᠳᠤᠭᠳᠤ᠄ ︽ᠨᠢᠭᠡ ᠬᠦᠮᠦᠨ | ᠪᠤᠶᠠᠨ ᠬᠤᠷᠢᠶᠠᠭᠰᠠᠨ ᠠᠴᠠ ᠤᠯᠠᠨ ᠬᠦᠮᠦᠨ ᠪᠤᠶᠠᠨ ᠬᠤᠷᠢᠶᠠᠪᠠᠯ ᠰᠠᠶᠢᠨ︾ ᠭᠡᠵᠤ ᠬᠠᠷᠢᠭᠤᠯᠪᠠ᠃ ᠡᠭᠦᠨ ᠤ ᠤᠯᠠᠮ | ᠠᠴᠠ ᠵᠦᠩᠭᠠᠷ ᠤᠨ ᠬᠠᠷ᠎ᠠ ᠬᠤᠯᠠᠨ᠂ ᠴᠦᠭᠦᠷ ᠤᠪᠠᠰᠢ᠂ ᠲᠦᠷᠪᠡᠳ ᠤᠨ ᠲᠠᠯᠠᠢ ᠲᠠᠶᠢᠵᠢ᠂ ᠲᠤᠷᠭᠤᠳ ᠤᠨ ᠬᠤᠤ | ᠦᠷᠯᠦᠭ᠂ ᠬᠤᠱᠤᠳ ᠤᠨ ᠬᠦᠨᠳᠡᠯᠡᠨ ᠤᠪᠠᠰᠢ ᠵᠡᠷᠭᠡ 31 ᠨᠤᠶᠠᠳ ᠲᠤᠰ ᠪᠦᠷᠢ ᠨᠢᠭᠡᠨ ᠬᠦᠪᠡᠭᠦᠨ ᠢᠶᠠᠨ ᠯᠠᠮᠠ | ᠪᠤᠯᠭᠠᠬᠤ ᠪᠠᠷ ᠪᠤᠯᠪᠠ᠃ ᠬᠡᠪᠡᠴᠤ ᠪᠠᠶᠢᠪᠠᠭᠠᠰ ᠦᠪᠡᠷ ᠢᠶᠠᠨ ᠬᠦᠪᠡᠭᠦᠨ ᠦᠭᠡᠢ ᠲᠤᠯᠠ ᠲᠤᠰ ᠠᠶᠢᠮᠠᠭ ᠤᠨ | ᠪᠠᠭ᠋ᠠᠬᠠᠨ ᠤ ᠬᠦᠪᠡᠭᠦᠨ ᠨᠠᠮᠬᠠᠶᠢᠵᠠᠮᠰᠤ ᠶᠢ ᠡᠷᠭᠦᠨ ᠠᠪᠴᠤ ᠲᠡᠵᠢᠬᠡᠭᠡᠳ ᠯᠠᠮᠠ ᠪᠤᠯᠭᠠᠬᠤ ᠪᠠᠷ ᠪᠤᠯᠪᠠ᠃ ᠡᠨᠡ | ᠮᠡᠳᠦᠴᠢᠯᠡᠨ ᠲᠦᠷᠪᠡᠨ ᠤᠶᠢᠷᠠᠳ ᠤᠨ 32 ᠨᠤᠶᠠᠳ ᠤᠨ ᠬᠦᠪᠡᠭᠦᠨ ᠲᠦᠪᠡᠳ ᠲᠤ ᠲᠤᠶᠢᠨ ᠪᠤᠯᠬᠤ ᠪᠠᠷ ᠮᠤᠷᠳᠠᠬᠤ | ᠳᠤ ᠪᠠᠶᠢᠪᠠᠭᠠᠰ 2 ᠵᠠᠭᠤᠨ ᠠᠯᠪᠠᠳᠤ ᠬᠦᠪᠡᠬᠦᠨ ᠢ ᠵᠠᠷᠤᠴᠠ ᠪᠤᠯᠭᠠᠨ ᠶᠠᠪᠤᠭᠤᠯᠪᠠ᠃ | 1602ᠣᠨ ᠳᠤ ᠪᠠᠶᠢᠪᠠᠭᠠᠰ ᠤᠨ ᠲᠡᠭᠦᠦ ᠴᠦᠭᠦᠷ᠂ ᠲᠦᠷᠪᠡᠳ ᠤᠨ ᠲᠦᠷᠦᠬᠦᠦ ᠲᠠᠯᠠᠢ᠂ ᠲᠤᠷᠭᠤᠳ ᠤᠨ | ᠲᠦᠷᠦᠬᠦᠦ ᠬᠤᠤ ᠦᠷᠯᠦᠭ ᠵᠡᠷᠭᠡ ᠬᠦᠮᠦᠰ ᠤᠷᠤᠰ ᠤᠨ ᠬᠢᠯᠢ ᠳᠤ ᠴᠦᠮᠦᠷᠡᠨ ᠤᠷᠤᠭᠠᠳ ᠶᠡᠬᠡᠪᠡᠷ ᠤᠤᠯᠭᠠᠯᠠᠨ | ᠪᠤᠴᠠᠭᠰᠠᠨ ᠳᠤ ᠴᠠᠭᠠᠨ ᠬᠠᠭᠠᠨ ᠡᠯᠴᠢ ᠲᠤᠮᠢᠯᠠᠨ ᠢᠷᠡᠭᠦᠯᠵᠤ ᠤᠯᠵᠠᠯᠠᠭᠳᠠᠭᠰᠠᠨ ᠬᠦᠮᠦᠰ ᠪᠠ ᠬᠦᠷᠦᠩᠭᠡ ᠮᠠᠯ ᠢᠶᠠᠨ | ᠪᠤᠴᠠᠭᠠᠵᠤ ᠠᠪᠠᠴᠢᠬᠤ ᠶᠢ ᠱᠠᠭᠠᠷᠳᠠᠪᠠ᠃ ᠡᠭᠦᠨ ᠳᠤ ᠪᠠᠶᠢᠪᠠᠭᠠᠰ ᠤᠷᠤᠰ ᠯᠤᠭ᠎ᠠ ᠨᠠᠶᠢᠷᠠᠮᠳᠠᠵᠤ ᠪᠤᠰᠤᠳ ᠲᠠᠯ᠎ᠠ ᠶᠢᠨ | ᠲᠠᠶᠢᠰᠦᠨ ᠢ ᠡᠰᠡᠷᠭᠦᠴᠡᠬᠦ ᠶᠢᠨ ᠲᠦᠯᠦᠬᠡ ︽ᠴᠠᠭᠠᠨ ᠬᠠᠭᠠᠨ ᠤ ᠡᠵᠡᠮᠰᠢᠯ ᠨᠤᠲᠤᠭ ᠢ ᠲᠠᠬᠢᠵᠤ ᠲᠠᠭᠠᠷᠢᠨ | ᠲᠤᠪᠳᠤᠯᠬᠤ ᠦᠭᠡᠢ᠂ ᠶᠠᠮᠠᠷ ᠴᠦ ᠮᠠᠭᠤ ᠶᠠᠪᠤᠳᠠᠯ ᠬᠢᠬᠦ ᠦᠭᠡᠢ᠂ ᠠᠩ ᠭᠦᠷᠦᠭᠡ ᠬᠢᠬᠦ ᠳᠡᠭᠡᠨ ᠪᠤᠯᠢᠶᠠᠵᠤ | ᠲᠡᠭᠡᠷᠡᠮᠳᠡᠬᠦ ᠦᠭᠡᠢ᠂ ᠤᠯᠵᠠᠯᠠᠭᠰᠠᠳ ᠢ ᠴᠦᠮ ᠪᠤᠴᠠᠭᠠᠨ᠎ᠠ︾ ᠭᠡᠵᠤ ᠡᠯᠴᠢ ᠨᠠᠷ ᠲᠤ ᠬᠡᠯᠡᠵᠤ ᠢᠯᠡᠭᠡᠪᠡ᠃ | ᠲᠡᠭᠦᠨ ᠤ ᠬᠤᠶᠢᠨ᠎ᠡ ᠪᠠᠶᠢᠪᠠᠭᠠᠰ ᠬᠠᠰᠠᠭ ᠤᠨ ᠢᠰᠢᠮ ᠬᠠᠨ ᠳᠤ ᠤᠷᠢᠳᠠᠪᠠᠷ ᠨᠠᠶᠢᠷᠠᠮᠳᠠᠯ ᠤᠨ ᠡᠯᠴᠢ ᠶᠠᠪᠤᠭᠤᠯᠵᠤ | ᠮᠡᠬᠡᠯᠡᠭᠡᠳ᠂ ᠠᠷᠤ ᠠᠴᠠ ᠨᠢ ᠴᠡᠷᠢᠭ ᠤᠷᠤᠭᠤᠯᠵᠤ ᠶᠡᠭᠡ ᠤᠷᠳᠤᠨ ᠢ ᠨᠢ ᠬᠡᠨᠡᠳᠡᠭᠦᠯᠦᠨ ᠲᠠᠭᠠᠷᠢᠪᠠ᠃ ᠭᠡᠪᠡᠴᠤ ᠡᠨᠡ | ᠤᠳᠠᠭ᠎ᠠ ᠶᠢᠨ ᠲᠠᠶᠢᠨ ᠳᠤ ᠪᠠᠶᠢᠪᠠᠭᠠᠰ ᠲᠡᠮᠡᠢ ᠠᠰᠢᠭ ᠤᠯᠤᠭᠰᠠᠨ ᠦᠭᠡᠢ ᠪᠠᠷ ᠪᠤᠴᠠᠵᠠᠢ᠃ | 1623ᠣᠨ ᠳᠤ ᠬᠠᠯᠬ᠎ᠠ ᠶᠢᠨ ᠤᠪᠠᠰᠢ ᠬᠤᠩ ᠲᠠᠶᠢᠵᠢ ︵ᠱᠤᠯᠤᠢ︶ ᠪᠤᠯᠤᠨ ᠤᠷᠢᠶᠠᠩᠬᠠᠢ ᠶᠢᠨ ᠰᠠᠶᠢᠨ | ᠮᠠᠵᠢᠭ ᠬᠤᠶᠠᠭᠤᠯᠠ 8 ᠲᠦᠮᠡᠨ ᠴᠡᠷᠢᠭ ᠠᠪᠴᠤ ᠤᠶᠢᠷᠠᠳ ᠢ ᠲᠤᠪᠳᠤᠯᠤᠷᠠ ᠢᠷᠡᠪᠡ᠃ ᠲᠡᠷᠡ ᠦᠶ᠎ᠡ ᠳᠤ | ᠪᠠᠶᠢᠪᠠᠭᠠᠰ ᠲᠦᠷᠦᠬᠦᠦ ᠲᠠᠢ ᠤᠶᠢᠷᠠᠳ ᠤᠨ ᠨᠤᠶᠠᠳ ᠡᠰᠡᠷᠬᠦᠴᠡᠯᠡᠨ ᠪᠠᠶᠢᠯᠳᠤᠭᠠᠳ ᠤᠪᠠᠰᠢ ᠬᠤᠩ ᠲᠠᠶᠢᠵᠢ ᠶᠢ | ᠠᠯᠠᠭᠰᠠᠨ ᠪᠦᠭᠡᠳ ᠬᠠᠯᠬ᠎ᠠ ᠶᠢᠨ ᠪᠦᠬᠦ ᠴᠡᠷᠢᠭ ᠢ ᠪᠤᠳᠠ ᠨᠢᠷᠭᠡᠭᠰᠡᠨ ᠤ ᠤᠯᠠᠮ ᠠᠴᠠ ᠪᠠᠶᠢᠪᠠᠭᠠᠰ ᠬᠠᠯᠬ᠎ᠠ ᠶᠢᠨ | ᠨᠤᠶᠠᠳ ᠤᠨ ᠪᠠᠷᠠᠭᠤᠨᠰᠢ ᠲᠦᠷᠢᠬᠦ ᠶᠢ ᠬᠤᠷᠢᠭᠯᠠᠨ ᠴᠢᠳᠠᠭᠰᠠᠨ ᠪᠦᠭᠡᠳ ᠤᠶᠢᠷᠠᠳ ᠤᠨ ᠤᠯᠠᠮ ᠢᠶᠠᠷ ᠬᠦᠴᠦᠷᠭᠡᠭᠵᠢᠨ | ᠮᠠᠨᠳᠤᠬᠤ ᠳᠤ ᠪᠠᠳᠤ ᠪᠠᠬᠢ ᠰᠠᠭᠤᠷᠢ ᠶᠢ ᠲᠠᠯᠪᠢᠵᠤ ᠦᠭᠭᠦᠭᠰᠡᠨ ᠶᠤᠮ᠃ | 1625ᠣᠨ ᠤ ᠬᠠᠪᠤᠷ ᠤᠨ ᠡᠬᠢᠨ ᠳᠤ ᠪᠠᠶᠢᠪᠠᠭᠠᠰ ᠤᠨ ᠲᠡᠭᠦᠦ ᠵᠠᠰᠠᠭᠳᠤ ᠴᠢᠩ ᠪᠠᠭᠠᠳᠤᠷ ᠨᠠᠰᠤ ᠪᠠᠷᠠᠪᠠ᠃ | ᠲᠡᠷᠡ ᠲᠤᠬᠠᠢ ᠪᠠᠶᠢᠪᠠᠭᠠᠰ ᠯᠤᠭ᠎ᠠ ᠡᠴᠢᠬᠡ ᠬᠤᠶᠠᠷ᠂ ᠡᠬᠡ ᠨᠢᠭᠡᠳᠡᠢ ᠴᠦᠭᠦᠷ ᠨᠢ ᠵᠠᠰᠠᠭᠳᠤ ᠴᠢᠩ ᠪᠠᠭᠠᠳᠤᠷ ᠤᠨ | ᠠᠷᠠᠳ ᠢᠷᠭᠡᠳ ᠪᠤᠯᠤᠨ ᠠᠳᠤᠭᠤ ᠮᠠᠯ ᠢ ᠭᠠᠭᠴᠠᠭᠠᠷ ᠡᠵᠡᠯᠡᠬᠡᠳ ᠠᠬ᠎ᠠ ᠪᠠᠶᠢᠪᠠᠭᠠᠰ ᠲᠠᠭᠠᠨ ᠶᠠᠭᠤ ᠴᠦ ᠦᠭᠭᠦᠭᠰᠡᠨ | ᠦᠭᠡᠢ ᠪᠠᠶᠢᠵᠠᠢ᠃ ᠡᠭᠦᠨ ᠳᠤ ᠪᠠᠶᠢᠪᠠᠭᠠᠰ ᠶᠡᠬᠡᠳᠡ ᠠᠭᠤᠷᠯᠠᠭᠠᠳ ᠵᠠᠰᠠᠭᠳᠤ ᠴᠢᠩ ᠪᠠᠭᠠᠳᠤᠷ ᠤᠨ ᠤᠯᠤᠰ ᠪᠠ | ᠮᠠᠯ ᠢ ᠴᠦᠭᠦᠷ ᠠᠴᠠ ᠲᠠᠬᠢᠨ ᠪᠤᠯᠢᠶᠠᠵᠤ ᠠᠪᠤᠪᠠ᠃ ᠡᠨᠡ ᠦᠶ᠎ᠡ ᠳᠤ ᠲᠠᠯᠠᠢ ᠲᠠᠶᠢᠵᠢ ᠮᠢᠩᠭᠠᠨ ᠴᠡᠷᠢᠭ ᠠᠪᠴᠤ | ᠠᠬ᠎ᠠ ᠲᠡᠭᠦᠦ ᠬᠤᠶᠠᠷ ᠢ ᠡᠪᠰᠡᠭᠦᠯᠦᠩᠭᠦᠲᠡ ᠪᠠᠷ ᠢᠷᠡᠭᠡᠳ ᠪᠠᠶᠢᠪᠠᠭᠠᠰ ᠠᠴᠠ ᠵᠠᠰᠠᠭᠳᠤ ᠴᠢᠩ ᠪᠠᠭᠠᠳᠤᠷ ᠤᠨ 5 | ᠵᠠᠭᠤᠨ ᠬᠦᠮᠦᠨ ᠢ ᠡᠭᠡᠭᠦᠯᠦᠨ ᠠᠪᠴᠤ ᠴᠦᠭᠦᠷ ᠲᠤ ᠪᠤᠴᠠᠭᠠᠨ ᠦᠭᠪᠡ᠃ ᠬᠡᠪᠡᠴᠤ ᠵᠠᠰᠠᠭᠳᠤ ᠴᠢᠩ ᠪᠠᠭᠠᠳᠤᠷ ᠤᠨ | ᠪᠦᠬᠦ ᠬᠦᠮᠦᠨ ᠪᠠ ᠬᠦᠷᠦᠩᠭᠡ ᠶᠢ ᠴᠦᠮ᠎ᠡ ᠭᠠᠭᠴᠠᠭᠠᠷ ᠡᠵᠡᠮᠰᠢᠬᠦ ᠰᠠᠨᠠᠭ᠎ᠠ ᠲᠠᠢ ᠪᠠᠶᠢᠭᠰᠠᠨ ᠲᠤᠯᠠ ᠴᠦᠭᠦᠷ | ᠬᠠᠯᠢᠮᠠᠭ ᠤᠨ ᠮᠡᠷᠭᠡᠨ ᠲᠠᠮᠠᠨᠠ᠂ ᠬᠦᠶᠡᠩ᠂ ᠲᠠᠪᠤᠨᠳᠠᠢ ᠵᠡᠷᠭᠡ ᠲᠠᠶᠢᠵᠢ ᠨᠠᠷ ᠲᠠᠢ ᠬᠤᠯᠪᠤᠭᠠᠯᠠᠨ᠂ 3 ᠲᠦᠮᠡᠨ | ᠴᠡᠷᠢᠭ ᠠᠪᠴᠤ ᠪᠠᠶᠢᠪᠠᠭᠠᠰ ᠢ ᠪᠠᠶᠢᠯᠳᠤᠷ᠎ᠠ ᠢᠷᠡᠭᠰᠡᠨ ᠪᠠᠶᠢᠨ᠎ᠠ᠃ ᠡᠨᠡ ᠴᠢᠮᠡᠭᠡ ᠶᠢ ᠬᠠᠷ᠎ᠠ ᠬᠤᠯᠠᠨ ᠨᠠᠷ | ᠰᠤᠨᠤᠰᠤᠭᠠᠳ᠂ ᠲᠦᠮᠡᠨ ᠴᠡᠷᠢᠭ ᠠᠪᠴᠤ ᠪᠠᠶᠢᠪᠠᠭᠠᠰ ᠢ ᠲᠤᠰᠠᠯᠠᠷ᠎ᠠ ᠢᠷᠡᠳᠡᠯ᠎ᠡ᠂ ᠴᠦᠭᠦᠷ ᠨᠢᠭᠡᠨᠳᠡ ᠪᠠᠶᠢᠪᠠᠭᠠᠰ ᠢ | ᠬᠤᠷᠤᠭᠠᠭᠠᠳ ᠬᠦᠮᠦᠨ ᠮᠠᠯ ᠢ ᠨᠢ ᠶᠡᠭᠡᠪᠡᠷ ᠤᠤᠯᠭᠠᠯᠠᠵᠤ ᠪᠠᠷᠠᠭᠤᠨᠰᠢ ᠲᠤᠳᠠᠭᠠᠨ ᠶᠠᠪᠤᠭᠰᠠᠨ ᠪᠠᠶᠢᠵᠠᠢ᠃ | ᠪᠠᠶᠢᠪᠠᠭᠠᠰ ᠨᠠᠰᠤ ᠪᠠᠷᠠᠭᠰᠠᠨ ᠤ ᠰᠡᠭᠦᠯᠡᠷ ᠲᠡᠭᠦᠨ ᠤ ᠲᠡᠭᠦᠦ ᠲᠦᠷᠦᠪᠠᠶᠢᠬᠤ ᠬᠦᠦᠰᠢ ᠬᠠᠨ ᠲᠦᠷᠪᠡᠨ | ᠤᠶᠢᠷᠠᠳ ᠤᠨ ᠴᠢᠭᠤᠯᠭᠠᠨ ᠲᠠᠷᠤᠭ᠎ᠠ ᠪᠤᠯᠪᠠ᠃ ᠬᠦᠦᠰᠢ ᠬᠠᠨ ᠨᠤᠲᠤᠭ ᠠᠴᠠ ᠪᠠᠨ ᠰᠠᠯᠤᠭᠠᠳ ᠬᠦᠬᠡᠨᠠᠭᠤᠷ᠂ | ᠲᠦᠪᠡᠳ ᠲᠤ ᠬᠤᠱᠤᠳ ᠬᠠᠨ ᠤᠷᠳᠤᠨ ᠪᠠᠶᠢᠭᠤᠯᠤᠭᠰᠠᠨ ᠤ ᠲᠠᠷᠠᠭ᠎ᠠ᠂ ᠪᠠᠶᠢᠪᠠᠭᠠᠰ ᠤᠨ ᠬᠦᠪᠡᠭᠦᠨ ᠸᠴᠢᠷᠳᠣ | ᠰᠡᠴᠡᠨ ᠬᠠᠨ ᠴᠢᠭᠤᠯᠭᠠᠨ ᠲᠠᠷᠤᠭ᠎ᠠ ᠪᠤᠯᠤᠭᠰᠠᠨ ᠶᠤᠮ᠃ ᠡᠶᠢᠮᠤ ᠠᠴᠠ ᠪᠦᠪᠠᠢ ᠮᠢᠷᠽᠠ ᠠᠴᠠ ᠸᠴᠢᠷᠳᠣ ᠰᠡᠴᠡᠨ | ᠬᠠᠨ ᠬᠦᠷᠳᠡᠯ᠎ᠡ ᠵᠠᠭᠤ ᠭᠠᠷᠤᠢ ᠵᠢᠯ ᠤᠨ ᠲᠤᠷᠰᠢ ᠲᠦᠷᠪᠡᠨ ᠣᠶᠢᠷᠠᠳ ᠤᠨ ᠴᠢᠭᠤᠯᠭᠠᠨ ᠲᠠᠷᠤᠭ᠎ᠠ ᠶᠢᠨ ᠪᠠᠶᠢᠷᠢ | ᠰᠠᠭᠤᠷᠢ ᠶᠢ ᠴᠦᠮ ᠬᠤᠱᠤᠳ ᠤᠭᠰᠠᠭ᠎ᠠ ᠶᠢᠨ ᠢᠵᠠᠭᠤᠷᠳᠠᠨ ᠠᠳᠬᠤᠵᠤ ᠪᠠᠶᠢᠭᠰᠠᠨ ᠪᠢᠯᠡ᠃ ᠡᠭᠦᠨ ᠤ ᠲᠤᠳᠤᠷ᠎ᠠ | ᠪᠠᠶᠢᠪᠠᠭᠠᠰ ᠪᠤᠯ ᠬᠠᠮᠤᠭ ᠤᠨ ᠴᠢᠬᠤᠯᠠ ᠦᠢᠯᠡᠳᠦᠯ ᠦᠵᠡᠭᠦᠯᠦᠭᠰᠡᠨ ᠬᠦᠮᠦᠨ ᠪᠤᠯᠬᠤ ᠪᠦᠭᠡᠳ ᠤᠶᠢᠷᠠᠳ ᠤᠨ | ᠬᠦᠴᠦᠷᠭᠡᠭᠵᠢᠨ ᠮᠠᠨᠳᠤᠬᠤ ᠳᠤ ᠴᠦ ᠲᠤᠩ ᠶᠡᠭᠡ ᠬᠤᠪᠢ ᠨᠡᠮᠡᠷᠢ ᠪᠠᠨ ᠦᠵᠡᠬᠦᠯᠦᠭᠰᠡᠨ ᠬᠦᠮᠦᠨ ᠮᠦᠨ᠃ | ᠢᠷᠭᠤᠢ ᠨᠠᠶᠢᠷᠠᠭᠤᠯᠪᠠ᠃ | | |