ᠢᠩᠭᠡᠨ ᠰᠤᠮᠤ
ᠨᠡᠶᠢᠲᠡᠯᠡᠭᠰᠡᠨ ᠴᠠᠭ᠄
2019/3/1
ᠢᠩᠭᠡᠨ ᠰᠤᠮᠤ     ᠢᠩᠭᠡᠨ ᠰᠣᠮᠣ ᠠᠯᠠᠱᠠ ᠵᠡᠬᠦᠨ ᠬᠤᠰᠢᠭᠤᠨ ᠤ ᠬᠤᠶᠢᠳᠤ ᠭᠡᠰᠡᠭ ᠲᠤ ᠪᠠᠶᠢᠷᠢᠯᠠᠵᠤ᠂ ᠵᠡᠬᠦᠨᠰᠢ  ᠪᠠᠨ ᠪᠠᠶᠠᠨᠨᠠᠭᠤᠷ ᠬᠤᠳᠠ ᠲᠠᠢ ᠬᠦᠷᠰᠢᠯᠡᠵᠤ᠂ ᠤᠷᠤᠭᠰᠢ ᠪᠠᠨ ᠵᠢᠷᠠᠳᠠᠢ ᠪᠠᠯᠭᠠᠰᠣ ᠲᠠᠢ᠂ ᠪᠠᠷᠠᠭᠤᠨᠰᠢ ᠪᠠᠨ ᠥᠯᠵᠡᠢ ᠰᠤᠮᠤ ᠲᠠᠢ ᠵᠠᠯᠭᠠᠯᠳᠤᠵᠤ᠂ ᠬᠤᠶᠢᠰᠢ ᠪᠠᠨ ᠮᠤᠩᠭᠤᠯ ᠤᠯᠤᠰ ᠤᠨ ᠡᠮᠦᠨᠡᠭᠤᠪᠢ ᠠᠶᠢᠮᠠᠭ ᠲᠠᠢ ᠬᠢᠯᠢᠯᠢᠵᠤ ᠪᠣᠢ᠂ ᠬᠢᠯᠢ ᠶᠢᠨ ᠱᠣᠭᠤᠮ ᠤᠨ ᠤᠷᠳᠤ 103.129 ᠺᠢᠯᠣᠮᠧᠲᠷ ᠪᠠᠶᠢᠵᠤ᠂ ᠨᠤᠲᠤᠭ ᠳᠡᠪᠢᠰᠬᠡᠷ ᠤᠨ ᠶᠡᠷᠤᠩᠭᠡᠢ ᠲᠠᠯᠠᠪᠠᠢ  ᠨᠢ 6573 ᠲᠡᠭᠰᠢ ᠳᠦᠷᠪᠡᠯᠵᠢᠨ ᠺᠢᠯᠤᠮᠧᠲᠷ᠃ ᠴᠢᠯᠤᠭᠡᠯᠡᠭᠳᠡᠬᠦ ᠠᠴᠠ ᠡᠮᠤᠨ᠎ᠠ ᠲᠤᠰ ᠰᠣᠮᠣ ᠲᠥᠬᠦᠮ ᠪᠠᠭ ᠲᠤ ᠬᠠᠷᠢᠶᠠᠯᠠᠭᠳᠠᠵᠤ᠂ ᠴᠢᠯᠥᠭᠡᠯᠡᠭᠳᠡᠭᠰᠡᠨ ᠤ ᠳᠠᠷᠠᠭ᠎ᠠ ᠬᠤᠩᠭᠤᠷᠠᠥᠯᠦ᠋ᠩ ᠭᠦᠩᠱᠧ ᠲᠤ ᠬᠠᠷᠢᠶᠠᠯᠠᠭᠳᠠᠪᠠ᠃ 1983 ᠣᠨ ᠳᠤ ᠢᠩᠭᠡᠨ ᠭᠦᠩᠱᠧ ᠢ ᠰᠤᠮᠤ ᠪᠠᠷ ᠥᠭᠡᠷᠡᠴᠢᠯᠡᠵᠡᠢ᠃ 2006 ᠣᠨ ᠳᠤ ᠰᠣᠮᠣ ᠶᠢ ᠦᠬᠡᠶᠢᠰᠬᠢᠵᠤ᠂ ᠬᠠᠷᠢᠶᠠᠯᠠᠭᠳᠠᠵᠤ ᠪᠠᠶᠢᠭ᠎ᠠ 3 ᠭᠠᠴᠠᠭ᠎ᠠ ᠨᠢ ᠥᠯᠵᠡᠢ ᠰᠣᠮᠣᠨ ᠳᠤ ᠬᠠᠷᠢᠶᠠᠯᠠᠭᠳᠠᠪᠠ᠃ 2012 ᠣᠨ ᠳᠤ ᠠᠰᠢᠭᠯᠠᠵᠤ ᠪᠤᠯᠬᠤᠶᠢᠴᠠ ᠨᠣᠳᠤᠭ ᠳᠡᠪᠢᠰᠭᠡᠷ ᠨᠢ 673 ᠲᠥᠮᠡᠨ ᠮᠣ᠋᠂ ᠪᠠᠶᠢᠭᠠᠯᠢ ᠶᠢᠨ ᠤᠷᠴᠢᠨ ᠲᠤᠭᠤᠷᠢᠨ ᠤ ᠨᠥᠬᠦᠴᠡᠯ ᠮᠠᠭᠤ᠂ ᠭᠠᠩ ᠬᠠᠭᠤᠷᠠᠢ ᠬᠤᠷ᠎ᠠ ᠲᠤᠨᠳᠠᠰᠤ ᠴᠥᠭᠡᠨ ᠪᠠᠶᠢᠵᠤ᠂ ᠡᠯᠡᠰᠣ᠂ ᠪᠡᠰᠡᠷᠡᠭ ᠠᠭᠤᠯᠠ᠂ ᠳᠤᠪᠤ ᠲᠤᠯᠤᠭᠠᠢ᠂ ᠭᠤᠪᠢ ᠵᠡᠷᠭᠡ ᠭᠠᠵᠠᠷ ᠤᠨ ᠪᠠᠶᠢᠴᠠ ᠲᠠᠢ᠃ ᠬᠠᠴᠢᠨ ᠴᠢᠯᠠᠭᠤᠨ ᠤ ᠡᠬᠢ ᠪᠠᠶᠠᠯᠢᠭ ᠡᠯᠪᠡᠭ ᠲᠡᠯᠪᠡᠭ᠂ ᠠᠯᠠᠱᠠᠨ ᠤ ᠮᠠᠨᠤ ᠴᠢᠯᠠᠭᠤ᠂ ᠭᠤᠪᠢ ᠴᠢᠯᠠᠭᠤ᠂ ᠥᠩᠭᠡᠳᠤ ᠬᠠᠰ ᠵᠡᠷᠭᠡ ᠴᠢᠯᠠᠭᠤᠨ ᠤ ᠭᠤᠤᠯ ᠭᠠᠷᠤᠯᠳᠠ ᠶᠢᠨ ᠭᠠᠵᠠᠷ ᠮᠥᠨ᠃ ᠠᠭᠤᠷᠬᠠᠢ ᠶᠢᠨ ᠡᠬᠢ ᠪᠠᠶᠠᠯᠢᠭ ᠲᠤ ᠠᠯᠳᠠ᠂ ᠵᠡᠰ᠂ ᠪᠤᠷᠵᠢᠨ ᠴᠢᠯᠠᠭᠤ ᠵᠡᠷᠭᠡ ᠪᠠᠶᠢᠵᠤ᠂ ᠤᠷᠭᠤᠮᠠᠯ ᠤᠨ ᠲᠥᠷᠤᠯ ᠵᠥᠢᠯ ᠳᠤ ᠭᠤᠤᠯᠳᠠᠭᠤ ᠴᠠᠭᠠᠨ ᠭᠤᠶᠤᠤ᠂ ᠤᠯᠠᠭᠠᠨ ᠭᠤᠶᠤᠤ᠂ ᠵᠠᠭ ᠮᠣᠳᠣ᠂ ᠬᠠᠷᠮᠠᠭ ᠵᠡᠷᠭᠡ ᠲᠥᠷᠤᠯ ᠵᠥᠢᠯ ᠪᠠᠶᠢᠳᠠᠭ᠃ ᠨᠡᠶᠢᠳᠠ 329 ᠡᠷᠤᠬᠡ 941 ᠬᠥᠮᠤᠨ ᠲᠠᠢ᠂ 2017 ᠣᠨ ᠤ ᠡᠴᠤᠰ ᠲᠤ ᠮᠠᠯᠴᠢᠨ ᠲᠠᠷᠢᠶᠠᠴᠢᠨ ᠤ ᠲᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 18120 ᠲᠥᠭᠦᠷᠢᠭ ᠲᠤ ᠬᠥᠷᠴᠡᠢ᠃ᠴᠠᠭᠠᠭᠵᠠᠳᠠᠭᠠᠢ ᠭᠠᠴᠠᠭ᠎ᠠ   ᠢᠩᠭᠡᠨ ᠰᠣᠮᠣᠨ ᠠᠴᠠ ᠬᠤᠶᠢᠰᠢ 20 ᠺᠢᠯᠣᠮᠧᠲᠷ ᠵᠠᠶᠢᠲᠠᠢ ᠪᠠᠶᠢᠷᠢᠯᠠᠵᠤ᠂ ᠶᠡᠷᠤᠩᠭᠡᠢ ᠲᠠᠯᠠᠪᠠᠢ 3271 ᠲᠡᠭᠰᠢ ᠳᠦᠷᠪᠡᠯᠵᠢᠨ ᠺᠢᠯᠤᠮᠧᠲᠷ ᠪᠣᠢ᠃ ᠭᠠᠴᠠᠭᠠᠨ ᠳᠤ ᠨᠡᠶᠢᠳᠠ 101ᠡᠷᠤᠬᠡ 302 ᠬᠥᠮᠤᠨ ᠠᠮᠠ ᠲᠠᠢ᠂ ᠲᠤᠰ ᠭᠠᠴᠠᠭ᠎ᠠ ᠴᠤᠯ ᠮᠠᠯᠵᠢᠬᠤ ᠪᠠᠷ ᠭᠤᠤᠯᠯᠠᠵᠤ᠂ ᠨᠤᠤᠯᠤᠷ ᠤᠨ ᠴᠠᠭᠠᠨ ᠢᠮᠠᠭ᠎ᠠ ᠲᠡᠵᠢᠭᠡᠨ ᠥᠷᠡᠵᠢᠬᠦᠯᠬᠦ ᠪᠠ ᠴᠠᠭᠠᠨ ᠭᠤᠶᠤᠤ ᠶᠢ ᠲᠠᠷᠢᠵᠤ᠂ ᠤᠨᠴᠠᠯᠢᠭᠳᠤ ᠵᠢᠭᠤᠯᠴᠢᠯᠠᠯ ᠤᠨ ᠥᠢᠯᠡᠰ ᠢᠶᠠᠷ ᠴᠢᠬᠤᠯᠠ ᠬᠥᠭᠵᠢᠯᠳᠠ ᠶᠢᠨ ᠬᠠᠨᠳᠣᠰᠢ ᠪᠠᠨ ᠪᠤᠯᠭᠠᠳᠠᠭ᠃2015 ᠣᠨ ᠳᠤ ᠮᠠᠯ ᠤᠨ ᠪᠥᠬᠦ ᠲᠤᠭ᠎ᠠ 1.5 ᠲᠥᠮᠡᠨ ᠲᠤᠯᠤᠭᠠᠢ  ᠳᠤ ᠬᠥᠷᠴᠤ᠂ ᠡᠬᠦᠨ ᠳᠤ ᠲᠡᠮᠡᠭᠡ 1551 ᠪᠥᠬᠦ᠂ ᠢᠮᠠᠭ᠎ᠠ 1.2 ᠲᠥᠮᠡ᠂ ᠬᠤᠨᠢ 1453 ᠲᠤᠯᠤᠭᠠᠢ ᠶᠢ ᠡᠵᠡᠯᠡᠵᠤ ᠪᠤᠢ᠃ 2015 ᠣᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11891ᠲᠥᠭᠦᠷᠢᠭ   ᠲᠤ ᠬᠥᠷᠴᠡᠢ᠃ᠳᠠᠯᠠᠨᠲᠦ᠋ᠷᠤᠭᠦᠤ ᠭᠠᠴᠠᠭ᠎ᠠ   ᠢᠩᠭᠡᠨ ᠰᠤᠮᠤᠨ ᠤ ᠵᠠᠰᠠᠭ ᠤᠨ ᠤᠷᠳᠤᠨ ᠤ ᠰᠠᠭᠤᠷᠢᠨ ᠭᠠᠵᠠᠷ ᠪᠣᠯᠣᠨ᠎ᠠ᠂ ᠶᠡᠷᠤᠩᠭᠡᠢ ᠲᠠᠯᠠᠪᠠᠢ 1440 ᠲᠡᠭᠰᠢ ᠳᠦᠷᠪᠡᠯᠵᠢᠨ ᠺᠢᠯᠤᠮᠧᠲᠷ ᠪᠣᠢ᠃ ᠭᠠᠴᠠᠭᠠᠨ ᠳᠤ ᠨᠡᠶᠢᠳᠠ 105 ᠡᠷᠤᠬᠡ 295 ᠬᠥᠮᠤᠨ ᠠᠮᠠ ᠲᠠᠢ᠂ ᠬᠤᠷᠢᠵᠤ ᠪᠢᠳᠡᠬᠦᠮᠵᠢᠯᠡᠭᠰᠡᠨ ᠪᠡᠯᠴᠢᠭᠡᠷ 10.31 ᠲᠥᠮᠡᠨ ᠮᠣ᠋᠂ ᠴᠤᠯ ᠮᠠᠯᠵᠢᠬᠤ ᠪᠠᠷ ᠭᠤᠤᠯᠯᠠᠭᠰᠠᠨ ᠭᠠᠴᠠᠭ᠎ᠠ ᠪᠠᠶᠢᠵᠤ᠂ ᠮᠠᠯ ᠤᠨ ᠨᠡᠶᠢᠲᠠ ᠲᠤᠭ᠎ᠠ 13300 ᠲᠤᠯᠤᠭᠠᠢ᠂ 2014 ᠣᠨ ᠤ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11116 ᠲᠥᠭᠦᠷᠢᠭ ᠲᠤ ᠭᠥᠷᠴᠡᠢ᠃ᠬᠥᠪᠡᠭᠡ ᠭᠠᠴᠠᠭ᠎ᠠ   ᠢᠩᠭᠡᠨ ᠰᠤᠮᠤᠨ ᠠᠴᠠ ᠪᠠᠷᠠᠭᠤᠨ ᠬᠤᠶᠢᠰᠢ 18 ᠺᠢᠯᠣᠮᠧᠲᠷ ᠵᠠᠶᠢᠲᠠᠢ ᠪᠠᠶᠢᠷᠢᠯᠠᠵᠤ᠂ ᠶᠡᠷᠤᠩᠭᠡᠢ ᠲᠠᠯᠠᠪᠠᠢ 1872 ᠲᠡᠭᠰᠢ ᠳᠦᠷᠪᠡᠯᠵᠢᠨ ᠺᠢᠯᠤᠮᠧᠲᠷ᠂ ᠭᠠᠴᠠᠭᠠᠨ ᠳᠤ ᠨᠡᠶᠢᠳᠠ 91 ᠡᠷᠤᠬᠡ 259ᠬᠥᠮᠤᠨ ᠠᠮᠠ ᠲᠠᠢ᠂ ᠬᠤᠷᠢᠵᠤ ᠪᠢᠳᠡᠬᠦᠮᠵᠢᠯᠡᠭᠰᠡᠨ ᠪᠡᠯᠴᠢᠭᠡᠷ 90817 ᠮᠣ᠋᠂ ᠴᠤᠯ ᠮᠠᠯᠵᠢᠬᠤ ᠪᠠᠷ ᠭᠤᠤᠯᠯᠠᠭᠰᠠᠨ ᠭᠠᠴᠠᠭ᠎ᠠ ᠪᠠᠶᠢᠵᠤ᠂ ᠮᠠᠯ ᠤᠨ ᠨᠡᠶᠢᠲᠠ ᠲᠤᠭ᠎ᠠ 9656 ᠲᠤᠯᠤᠭᠠᠢ᠂  2014 ᠣᠨ ᠤ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11064 ᠲᠥᠭᠦᠷᠢᠭ ᠲᠤ ᠬᠥᠷᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号