ᠴᠣᠭᠲᠤᠬᠦ᠋ᠷᠢᠶ᠎ᠡ ᠰᠣᠮᠣ
ᠨᠡᠶᠢᠲᠡᠯᠡᠭᠰᠡᠨ ᠴᠠᠭ᠄
2019/3/1
  ᠴᠣᠭᠲᠤᠬᠦ᠋ᠷᠢᠶ᠎ᠡ ᠰᠣᠮᠣ   ᠠᠯᠠᠱᠠ ᠵᠡᠬᠦᠨ ᠬᠤᠰᠢᠭᠤᠨ ᠤ ᠡᠮᠤᠨᠡᠳᠤ ᠭᠡᠰᠡᠭ ᠲᠤ ᠪᠠᠶᠢᠷᠢᠯᠠᠵᠤ᠂ ᠪᠠᠶᠠᠨᠬᠤᠳᠠ ᠪᠠᠯᠭᠠᠰᠤ ᠠᠴᠠ 135 ᠺᠢᠯᠣᠮᠧᠲᠷ ᠵᠠᠶᠢᠲᠠᠢ᠃ ᠶᠡᠷᠥᠩᠭᠡᠢ ᠲᠠᠯᠠᠪᠠᠢ 4287 ᠲᠡᠭᠰᠢ ᠳᠦᠷᠪᠡᠯᠵᠢᠨ ᠺᠢᠯᠤᠮᠧᠲᠷ  ᠂ 7 ᠴᠤᠯ ᠮᠠᠯᠵᠢᠯ ᠤᠨ ᠬᠠᠷᠢᠶᠠᠳᠤ ᠭᠠᠴᠠᠭ᠎ᠠ ᠲᠠᠢ᠃ ᠨᠡᠶᠢᠲᠠ 602 ᠡᠷᠤᠬᠡ 1265 ᠬᠥᠮᠤᠨ ᠠᠮᠠ ᠲᠠᠢ᠂ ᠡᠬᠦᠨ  ᠳᠤ ᠮᠤᠩᠭᠤᠯ ᠥᠨᠳᠤᠰᠤᠳᠡᠨ 829 ᠬᠥᠮᠤᠨ ᠪᠠᠶᠢᠵᠤ᠂  ᠪᠥᠬᠦ ᠬᠥᠮᠤᠨ ᠠᠮᠠ ᠶᠢᠨ 65 % ᠠᠴᠠ ᠳᠡᠭᠡᠭᠰᠢ ᠡᠵᠡᠯᠡᠵᠤ ᠪᠤᠢ᠃ ᠡᠯᠡᠰᠤᠨ ᠵᠢᠭᠤᠯᠴᠢᠯᠠᠯ ᠪᠠ ᠰᠣᠶᠣᠯ ᠵᠢᠭᠤᠯᠴᠢᠯᠠᠯ ᠤᠨ ᠡᠬᠢ ᠪᠠᠶᠠᠯᠢᠭ ᠡᠯᠪᠡᠭ ᠳᠡᠯᠪᠡᠭ᠂ ᠰᠣᠶᠣᠯ ᠢ ᠬᠡᠶᠢᠬᠦᠯᠤᠭ᠍ᠴᠢ ᠰᠥᠮ᠎ᠡ ᠪᠠ  ᠢᠷᠤᠭᠡᠯ ᠢ ᠳᠠᠭᠠᠭᠠᠭᠴᠢ ᠰᠥᠮ᠎ᠡ ᠨᠢ ᠠᠯᠠᠱᠠ ᠶᠢᠨ ᠨᠠᠢᠮᠠᠨ ᠶᠡᠭᠡ ᠰᠥᠮ᠎ᠡ ᠬᠡᠶᠢᠳ ᠤᠨ ᠨᠢᠭᠡ ᠪᠤᠯᠤᠨ᠎ᠠ᠂ ᠣᠯᠣᠰ ᠤᠨ4A ᠳᠡᠰ ᠤᠨ ᠡᠯᠡᠰᠣᠨ ᠴᠥᠯ ᠤᠨ ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠬᠠᠯᠳᠠᠷ ᠨᠠᠭᠤᠷ ᠤᠨ ᠥᠵᠡᠮᠵᠢ ᠶᠢᠨ ᠤᠷᠤᠨ ᠵᠢᠴᠢ ᠴᠤᠯ ᠠᠬᠤᠶᠢᠴᠢᠯᠠᠭᠰᠠᠨ ᠨᠠᠭᠤᠷᠳᠤ ᠨᠠᠭᠤᠷ ᠪᠠᠶᠢᠳᠠᠭ᠃ ᠠᠭᠤᠷᠬᠠᠢ ᠶᠢᠨ ᠡᠬᠢ ᠪᠠᠶᠠᠯᠢᠭ ᠲᠤ ᠳᠠᠪᠤᠰᠤ ᠠᠭᠤᠷᠯᠠᠭᠳᠠᠵᠤ᠂ ᠤᠷᠭᠤᠮᠠᠯ ᠳᠤ ᠭᠤᠤᠯᠳᠠᠭᠤ ᠴᠠᠭᠠᠨ ᠭᠤᠶᠤᠤ᠂ ᠤᠯᠠᠭᠠᠨ ᠭᠤᠶᠤᠤ᠂ ᠬᠠᠷᠮᠠᠭ ᠵᠡᠷᠭᠡ ᠲᠥᠷᠤᠯ ᠵᠥᠢᠯ ᠪᠠᠶᠢᠳᠠᠭ᠃ ᠮᠠᠯ ᠤᠨ ᠨᠡᠶᠢᠲᠠ ᠲᠤᠭ᠎ᠠ 43289 ᠲᠤᠯᠤᠭᠠᠢ᠂ 2015 ᠣᠨ ᠤ ᠮᠠᠯᠴᠢᠨ ᠲᠠᠷᠢᠶᠠᠴᠢᠨ ᠤ ᠴᠡᠪᠡᠷ ᠤᠷᠤᠯᠭ᠎ᠠ ᠨᠢ 11597 ᠲᠥᠭᠦᠷᠢᠭ   ᠲᠤ ᠬᠥᠷᠴᠡᠢ᠃ᠡᠮᠤᠨᠡᠭᠤᠤᠯ ᠭᠠᠴᠠᠭ᠎ᠠ    ᠭᠠᠴᠠᠭᠠᠨ ᠳᠤ ᠨᠡᠶᠢᠳᠠ 108 ᠡᠷᠤᠬᠡ 196 ᠬᠥᠮᠤᠨ ᠲᠠᠢ᠂ ᠡᠭᠦᠨ ᠳᠤ ᠪᠠᠶᠢᠩᠭᠤ ᠰᠠᠭᠤᠭᠠᠯᠢ ᠡᠷᠤᠬᠡ 34 ᠡᠷᠤᠬᠡ 81 ᠬᠥᠮᠤᠨ ᠪᠣᠢ᠃ ᠶᠡᠷᠤᠩᠭᠡᠢ ᠨᠣᠳᠤᠭ ᠳᠡᠪᠢᠰᠭᠡᠷ 246794.54 ᠮᠣ᠋᠂ ᠡᠬᠦᠨ ᠳᠤ ᠪᠡᠯᠴᠢᠭᠡᠷ ᠤᠨ ᠲᠠᠯᠠᠪᠠᠢ 221316.671 ᠮᠣ᠋ ᠶᠢ ᠡᠵᠡᠯᠡᠵᠤ ᠪᠣᠢ᠃ᠤᠯᠠᠭᠠᠨᠴᠤᠨᠵᠢ ᠭᠠᠴᠠᠭ᠎ᠠ    ᠲᠤᠰ ᠭᠠᠴᠠᠭᠠᠨ ᠳᠤ ᠨᠡᠶᠢᠳᠠ 118 ᠡᠷᠤᠬᠡ 220 ᠬᠥᠮᠤᠨ ᠲᠠᠢ᠂ ᠡᠬᠦᠨ ᠳᠤ ᠪᠠᠶᠢᠩᠭᠤ ᠰᠠᠭᠤᠭᠠᠯᠢ ᠡᠷᠤᠬᠡ 42 ᠡᠷᠤᠬᠡ 73 ᠬᠥᠮᠤᠨ ᠪᠠᠶᠢᠵᠤ᠂ ᠶᠡᠷᠤᠩᠭᠡᠢ ᠲᠠᠯᠠᠪᠠᠢ 671702.97 ᠮᠣ᠋᠂  ᠪᠡᠯᠴᠢᠭᠡᠷ ᠤᠨ ᠲᠠᠯᠠᠪᠠᠢ 411427.33 ᠮᠣ᠋ ᠶᠢ ᠡᠵᠡᠯᠡᠵᠤ ᠪᠠᠶᠢᠨ᠎ᠠ᠃ᠳᠤᠮᠳᠠᠭᠤᠤᠯ ᠭᠠᠴᠠᠭ᠎ᠠ    ᠲᠤᠰ ᠭᠠᠴᠠᠭᠠᠨ ᠳᠤ ᠨᠡᠶᠢᠳᠠ 91 ᠡᠷᠤᠬᠡ 184 ᠬᠥᠮᠤᠨ ᠲᠠᠢ᠂ ᠡᠬᠦᠨ ᠳᠤ ᠪᠠᠶᠢᠩᠭᠤ ᠰᠠᠭᠤᠭᠠᠯᠢ ᠡᠷᠤᠬᠡ ᠨᠢ 28 ᠡᠷᠤᠬᠡ 68 ᠬᠥᠮᠤᠨ ᠪᠠᠶᠢᠵᠤ᠂ ᠶᠡᠷᠥᠩᠭᠡᠢ ᠲᠠᠯᠠᠪᠠᠢ 1042218.17 ᠮᠣ᠋᠂ ᠪᠡᠯᠴᠢᠭᠡᠷ111250.43 ᠮᠣ᠋ ᠶᠢ ᠡᠵᠡᠯᠡᠵᠤ ᠪᠠᠶᠢᠨ᠎ᠠ᠃ ᠴᠠᠭᠠᠨᠪᠤᠯᠠᠭ ᠭᠠᠴᠠᠭ᠎ᠠ     ᠲᠤᠰ ᠭᠠᠴᠠᠭᠠᠨ ᠳᠤ ᠨᠡᠶᠢᠲᠠ 86 ᠡᠷᠤᠬᠡ 212 ᠬᠥᠮᠤᠨ ᠲᠠᠢ᠂ ᠡᠬᠦᠨ ᠳᠤ ᠪᠠᠶᠢᠩᠭᠤ ᠰᠠᠭᠤᠭᠠᠯᠢ ᠡᠷᠤᠬᠡ ᠨᠢ 22 ᠡᠷᠤᠬᠡ 67 ᠬᠥᠮᠤᠨ ᠪᠠᠶᠢᠵᠤ᠂ ᠶᠡᠷᠥᠩᠭᠡᠢ ᠲᠠᠯᠠᠪᠠᠢ 1721798.02 ᠮᠣ᠋᠂ ᠪᠡᠯᠴᠢᠭᠡᠷ 257702.52 ᠮᠣ᠋ ᠶᠢ ᠡᠵᠡᠯᠡᠵᠤ ᠪᠣᠢ᠂ ᠭᠠᠴᠠᠭᠠᠨ ᠳᠤ ᠬᠠᠷᠢᠶᠠᠯᠠᠭᠳᠠᠵᠤ ᠪᠠᠶᠢᠭ᠎ᠠ ᠠᠯᠠᠱᠠ ᠶᠢᠨ ᠴᠠᠭᠠᠨ ᠳᠠᠪᠤᠰᠤᠨ ᠤ ᠬᠢᠵᠠᠭᠠᠷᠳᠤ ᠺᠤᠮᠫᠠᠨᠢ ᠨᠢ ᠵᠢᠯ ᠳᠤ15-18 ᠲᠤᠨ ᠳᠠᠪᠤᠰᠤ ᠥᠢᠯᠡᠳᠪᠤᠷᠢᠯᠡᠳᠡᠭ᠃ᠬᠤᠶᠢᠳᠤᠭᠤᠤᠯ ᠭᠠᠴᠠᠭ᠎ᠠ    ᠲᠤᠰ ᠭᠠᠴᠠᠭᠠᠨ ᠳᠤ ᠨᠡᠶᠢᠳᠠ 57 ᠡᠷᠤᠬᠡ 127 ᠬᠥᠮᠤᠨ ᠲᠠᠢ᠂ ᠡᠬᠦᠨ ᠳᠤ ᠪᠠᠶᠢᠩᠭᠤ ᠰᠠᠭᠤᠭᠠᠯᠢ ᠡᠷᠤᠬᠡ 19 ᠡᠷᠤᠬᠡ 53 ᠬᠥᠮᠤᠨ ᠪᠠᠶᠢᠵᠤ᠂ ᠢᠷᠤᠭᠡᠯ ᠢ ᠳᠠᠭᠠᠭᠠᠭᠴᠢ ᠰᠥᠮ᠎ᠡ ᠪᠠᠶᠢᠭ᠎ᠠ ᠭᠠᠵᠠᠷ᠂ ᠲᠤᠰ ᠰᠥᠮ᠎ᠡ ᠶᠢ ᠵᠢᠷᠭᠤᠳᠤᠭᠠᠷ ᠥᠶ᠎ᠡ ᠶᠢᠨ ᠲᠠᠯᠠᠢ ᠯᠠᠮᠠ ᠽᠠᠩᠶᠠᠩᠵᠠᠮᠴᠤ ᠡᠷᠬᠢᠯᠡᠨ ᠪᠠᠶᠢᠭᠤᠯᠵᠤ᠂ ᠮᠥᠨᠴᠤ ᠲᠡᠬᠦᠨ ᠤ ᠳᠠᠭᠠᠯ ᠲᠡᠬᠦᠰᠤᠭ᠍ᠰᠡᠨ ᠭᠠᠵᠠᠷ ᠮᠥᠨ᠃ ᠶᠡᠷᠤᠩᠭᠡᠢ ᠲᠠᠯᠠᠪᠠᠢ 801221.39 ᠮᠣ᠋᠂ ᠪᠡᠯᠴᠢᠭᠡᠷ ᠤᠨ ᠲᠠᠯᠠᠪᠠᠢ 118377.1078 ᠮᠣ᠋ ᠪᠣᠢ᠃ᠵᠠᠭᠳᠣ ᠭᠠᠴᠠᠭ᠎ᠠ    ᠲᠤᠰ ᠭᠠᠴᠠᠭᠠᠨ ᠳᠤ ᠨᠡᠶᠢᠲᠠ 90 ᠡᠷᠤᠬᠡ 213 ᠬᠥᠮᠤᠨ ᠲᠠᠢ᠂ ᠡᠭᠦᠨ ᠳᠤ ᠪᠠᠶᠢᠩᠭᠤ ᠰᠠᠭᠤᠭᠠᠯᠢ ᠡᠷᠤᠬᠡ 41 ᠡᠷᠤᠬᠡ 114 ᠬᠥᠮᠤᠨ ᠪᠣᠢ᠃ ᠶᠡᠷᠤᠩᠭᠡᠢ ᠲᠠᠯᠠᠪᠠᠢ 1174254.28 ᠮᠣ᠋᠂ ᠪᠡᠯᠴᠢᠭᠡᠷ ᠤᠨ ᠲᠠᠯᠠᠪᠠᠢ ᠨᠢ 97421.33 ᠮᠣ᠋ ᠪᠣᠢ᠃ᠤᠭᠤᠨᠤᠳᠤ ᠭᠠᠴᠠᠭ᠎ᠠ    ᠲᠤᠰ ᠭᠠᠴᠠᠭᠠᠨ ᠳᠤ ᠨᠠᠶᠢᠳᠠ 52 ᠡᠷᠤᠬᠡ 113 ᠬᠥᠮᠤᠨ ᠲᠠᠢ᠂ ᠡᠬᠦᠨ ᠳᠤ ᠪᠠᠶᠢᠩᠭᠤ ᠰᠠᠭᠤᠭᠠᠯᠢ ᠡᠷᠤᠬᠡ16 ᠡᠷᠤᠬᠡ 40 ᠬᠥᠮᠤᠨ ᠪᠣᠢ᠃ ᠶᠡᠷᠤᠩᠭᠡᠢ ᠲᠠᠯᠠᠪᠠᠢ 701552.79 ᠮᠣ᠋᠂ ᠪᠡᠯᠴᠢᠭᠡᠷ 155285.148 ᠮᠣ᠋ ᠪᠣᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号