ᠵᠢᠷᠠᠳᠠᠢ ᠪᠠᠯᠭᠠᠰᠤ
ᠨᠡᠶᠢᠲᠡᠯᠡᠭᠰᠡᠨ ᠴᠠᠭ᠄
2019/3/1
ᠵᠢᠷᠠᠳᠠᠢ ᠪᠠᠯᠭᠠᠰᠤ      ᠠᠯᠠᠱᠠ ᠵᠡᠬᠦᠨ ᠬᠤᠰᠢᠭᠤᠨ ᠤ ᠬᠤᠶᠢᠲᠤ ᠬᠡᠰᠡᠭ ᠲᠤ ᠪᠠᠶᠢᠷᠢᠯᠠᠵᠤ᠂ ᠶᠡᠷᠤᠩᠭᠡᠢ ᠲᠠᠯᠠᠪᠠᠢ 12411.5 ᠲᠡᠭᠰᠢ ᠳᠦᠷᠪᠡᠯᠵᠢᠨ ᠺᠢᠯᠤᠮᠧᠲᠷ᠂ 5 ᠨᠡᠶᠢᠬᠡᠮ ᠲᠤᠭᠤᠷᠢᠭ᠂ 19 ᠮᠠᠯᠵᠢᠯ ᠤᠨ ᠭᠠᠴᠠᠭ᠎ᠠ᠂ 5 ᠲᠠᠷᠢᠶᠠᠯᠠᠬᠤ ᠭᠠᠴᠠᠭ᠎ᠠ᠂ 1 ᠬᠠᠭᠠᠰ ᠮᠠᠯᠵᠢᠯ ᠬᠠᠭᠠᠰ ᠲᠠᠷᠢᠶᠠᠯᠠᠩ ᠤᠨ ᠭᠠᠴᠠᠭ᠎ᠠ ᠲᠠᠢ᠂ ᠨᠡᠶᠢᠳᠠ 7954 ᠡᠷᠤᠬᠡ 27842 ᠬᠥᠮᠤᠨ ᠠᠮᠠ ᠲᠠᠢ᠂ ᠡᠬᠦᠨ ᠳᠤ ᠮᠠᠯᠴᠢᠨ ᠲᠠᠷᠢᠶᠠᠴᠢᠨ 3406 ᠡᠷᠤᠬᠡ᠂ 9310 ᠬᠥᠮᠤᠨ ᠪᠠᠶᠢᠵᠤ᠂ ᠮᠤᠩᠭᠤᠯ ᠥᠨᠳᠤᠰᠤᠳᠡᠨ 1354 ᠡᠷᠤᠬᠡ 3229 ᠬᠥᠮᠤᠨ ᠪᠤᠢ᠃ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 9058 ᠲᠡᠭᠰᠢ ᠳᠦᠷᠪᠡᠯᠵᠢᠨ ᠺᠢᠯᠤᠮᠧᠲᠷ᠂ ᠥᠢᠳᠤ ᠭᠠᠵᠠᠷ ᠤᠨ ᠲᠠᠯᠠᠪᠠᠢ 989 ᠲᠥᠮᠡᠨ ᠮᠣ᠋᠂ ᠪᠠᠶᠢᠭᠠᠯᠢᠭ ᠵᠠᠭ ᠮᠤᠳᠤᠨ ᠤ ᠤᠢ 268 ᠲᠥᠮᠡᠨ ᠮᠣ᠋᠂ ᠲᠠᠷᠢᠶᠠᠯᠠᠩ ᠤᠨ ᠶᠡᠷᠥᠩᠭᠡᠢ ᠲᠠᠷᠢᠬᠤ ᠲᠠᠯᠠᠪᠠᠢ 4.2 ᠲᠥᠮᠡᠨ ᠮᠣ᠋ ᠪᠣᠢ᠃ ᠵᠢᠷᠠᠲᠠᠢ ᠪᠠᠯᠭᠠᠰᠣ ᠪᠣᠯ ᠠᠯᠠᠱᠠ ᠵᠡᠬᠦᠨ ᠬᠤᠰᠢᠭᠤᠨ ᠳᠤ ᠲᠡᠮᠡᠭᠡᠨ ᠤ ᠲᠤᠭ᠎ᠠ ᠪᠠᠷ ᠬᠠᠮᠤᠭ ᠣᠯᠠᠨ ᠰᠤᠮᠤ ᠪᠠᠯᠭᠠᠰᠤ ᠪᠤᠯᠤᠨ᠎ᠠ᠂ ᠬᠢᠯᠢ ᠶᠢᠨ ᠲᠤᠳᠤᠷ᠎ᠠ ᠳᠠᠪᠤᠰᠦ᠂ ᠵᠤᠭᠠᠩ᠂ ᠵᠡᠰ᠂ ᠲᠡᠮᠤᠷ᠂ ᠰᠢᠷ᠎ᠠ ᠠᠯᠳᠠ ᠵᠡᠷᠭᠡ ᠠᠭᠤᠷᠬᠠᠢ ᠶᠢᠨ ᠡᠬᠢ ᠪᠠᠶᠠᠯᠢᠭ ᠲᠠᠢ᠂ ᠲᠠᠷᠪᠣᠰ᠂ ᠰᠢᠯᠢᠳᠡᠭ ᠨᠤᠤᠯᠤᠷ ᠤᠨ ᠴᠠᠭᠠᠨ ᠢᠮᠠᠭ᠎ᠠ᠂ ᠲᠡᠮᠡᠭᠡᠨ ᠨᠤᠤᠯᠤᠷ᠂ ᠴᠠᠭᠠᠨ ᠭᠤᠶᠤᠤ ᠵᠡᠷᠭᠡ ᠳᠠᠪᠠᠭᠤᠯᠢᠭ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠥᠳᠥᠭᠡᠭᠳᠡᠬᠦᠨ ᠲᠠᠢ᠃ ᠠᠯᠠᠱᠠ ᠶᠢᠨ ᠴᠠᠭᠠᠨ ᠢᠮᠠᠭᠠᠨ ᠤ ᠨᠤᠤᠯᠤᠷ ᠨᠢ ᠲᠤᠮᠳᠠᠳᠤ ᠤᠯᠤᠰ ᠤᠨ ᠬᠤᠶᠠᠳᠤᠭᠠᠷ ᠬᠤᠭᠤᠴᠠᠭᠠᠨ ᠤ ᠲᠠᠷᠢᠶᠠᠯᠠᠩ ᠤᠨ ᠥᠵᠡᠰᠬᠦᠯᠡᠩ ᠤᠨ ᠴᠤᠭᠯᠠᠭᠠᠨ ᠳᠤ ᠠᠯᠲᠠᠨ ᠱᠠᠩᠨᠠᠯ ᠪᠠ ᠢᠲ᠋ᠠᠯᠢ ᠶᠢᠨ ᠤᠯᠠᠨ ᠤᠯᠤᠰ ᠤᠨ ᠢᠮᠠᠭᠠᠨ ᠨᠤᠤᠯᠤᠷ ᠤᠨ《 ᠴᠠᠢ ᠭᠧ ᠨᠠ》 ᠱᠠᠩᠨᠠᠯ ᠢ ᠬᠥᠷᠳᠡᠵᠤ᠂《 ᠰᠢᠷᠬᠡᠭᠯᠢᠭ ᠠᠯᠮᠠᠰ》 ᠢᠶᠠᠷ ᠨᠡᠷ᠎ᠡ ᠠᠯᠳᠠᠷᠢᠰᠢᠵᠤ᠂ ᠤᠯᠠᠨ ᠤᠯᠤᠰ ᠤᠨ ᠢᠮᠠᠭᠠᠨ ᠨᠤᠤᠯᠤᠷ ᠤᠨ ᠨᠡᠭᠡᠮᠡᠯ ᠤᠨ ᠬᠢᠨ ᠳᠤ ᠳᠡᠭᠡᠳᠤ ᠳᠡᠰ ᠤᠨ ᠥᠢᠯᠡᠳᠬᠦᠨ ᠢ ᠪᠤᠯᠪᠠᠰᠤᠷᠠᠭᠤᠯᠬᠤ ᠠᠵᠤ ᠠᠬᠤᠶᠢᠯᠠᠯ ᠤᠨ ᠲᠠᠭᠠᠰᠢᠶᠠᠭᠳᠠᠬᠤ ᠲᠥᠬᠦᠭᠡᠢ ᠡᠳ᠋ ᠪᠣᠯᠣᠨ᠎ᠠ᠃《 ᠡᠯᠡᠰᠤᠨ ᠴᠥᠯ ᠤᠨ ᠰᠤᠪᠤᠳ》 ᠬᠡᠮᠡᠨ ᠨᠡᠷᠡᠶᠢᠯᠡᠭᠳᠡᠭᠰᠡᠨ ᠵᠢᠷᠠᠲᠠᠢ ᠳᠠᠪᠤᠰᠤᠨ ᠨᠠᠭᠤᠷ ᠪᠣᠯ ᠮᠠᠨ ᠤ ᠣᠯᠣᠰ ᠤᠨ ᠳᠤᠲᠤᠷ᠎ᠠ ᠤᠷᠤᠨ ᠤ ᠲᠤᠮᠳᠠ ᠬᠡᠯᠪᠡᠷᠢ ᠶᠢᠨ ᠳᠠᠪᠤᠰᠤᠨ ᠨᠠᠭᠤᠷ ᠤᠨ ᠨᠢᠭᠡ ᠪᠤᠯᠤᠨ᠎ᠠ᠂ ᠠᠯᠠᠱᠠ ᠵᠡᠬᠦᠨ ᠬᠤᠰᠢᠭᠤᠨ ᠤ ᠤᠯᠠᠭᠠᠨᠪᠤᠬ᠎ᠠ ᠡᠯᠡᠰᠤᠨ ᠤ ᠪᠠᠷᠠᠭᠤᠨ ᠡᠮᠤᠨᠡᠳᠤ ᠵᠠᠬ᠎ᠠ ᠶᠢᠨ ᠠᠯᠠᠱᠠ ᠠᠭᠤᠯᠠ ᠪᠠ ᠪᠠᠶᠠᠨ᠋ᠠ᠋ᠭᠤᠯᠠ ᠠᠭᠤᠯᠠ ᠶᠢᠨ ᠲᠤᠮᠳᠠ ᠪᠠᠶᠢᠷᠢᠯᠠᠵᠤ᠂ ᠶᠡᠷᠥᠩᠭᠡᠢ ᠲᠠᠯᠠᠪᠠᠢ 120 ᠲᠡᠭᠰᠢ ᠳᠦᠷᠪᠡᠯᠵᠢᠨ ᠺᠢᠯᠤᠮᠧᠲᠷ᠂ ᠠᠭᠤᠷᠬᠠᠢ ᠶᠢᠨ ᠪᠤᠯᠠᠭᠳᠠᠴᠠ ᠶᠢᠨ ᠬᠡᠮᠵᠢᠶ᠎ᠡ 1.14 ᠳ᠋ᠥᠩᠰᠢᠭᠤᠷ ᠲᠤᠨ᠂ ᠨᠢᠭᠡᠨᠳᠠ ᠨᠢᠭᠡ ᠮᠢᠩᠭᠠᠨ ᠵᠢᠯ ᠤᠨ ᠨᠡᠭᠡᠭᠡᠨ ᠮᠠᠯᠳᠠᠭᠰᠠᠨ ᠲᠡᠤᠬᠡ ᠲᠠᠢ ᠶᠤᠮ᠃ ᠲᠡᠣᠬᠡᠨ ᠳᠤᠷᠠᠰᠬᠠᠯᠳᠤ ᠵᠥᠢᠯ ᠢ ᠬᠠᠮᠠᠭᠠᠯᠠᠨ᠂ ᠲᠡᠣᠭᠡ ᠶᠢ ᠳᠠᠬᠢᠨ ᠢᠯᠡᠷᠡᠬᠦᠯᠵᠤ᠂ ᠳᠠᠪᠤᠰᠤᠨ ᠰᠣᠶᠣᠯ ᠢ ᠤᠯᠠᠮ ᠰᠠᠶᠢᠨ ᠤᠯᠠᠮᠵᠢᠯᠠᠬᠤ ᠪᠠ ᠳᠡᠯᠭᠡᠷᠡᠬᠦᠯᠬᠦ ᠶᠢᠨ ᠲᠤᠯᠠᠲᠠ᠂ ᠵᠢᠷᠠᠲᠠᠢ ᠪᠠᠯᠭᠠᠰᠣ 1976 ᠣᠨ ᠳᠤ ᠡᠬᠢᠯᠡᠵᠤ ᠪᠠᠶᠢᠭᠤᠯᠤᠭᠰᠠᠨ ᠵᠢᠷᠠᠲᠠᠢ ᠶᠢᠨ ᠳᠠᠪᠣᠰᠣᠨ ᠨᠠᠭᠤᠷ ᠤᠨ ᠠᠵᠢᠯᠴᠢᠳ ᠤᠨ ᠺᠯᠤᠪ ᠢ ᠵᠠᠰᠠᠨ ᠳᠠᠪᠤᠰᠤᠨ ᠰᠤᠶᠤᠯ ᠤᠨ ᠮᠥᠽᠸᠢ ᠪᠤᠯᠭᠠᠵᠤ ᠥᠭᠡᠷᠡᠴᠢᠯᠡᠭᠡᠳ᠂ ᠵᠢᠷᠤᠭ ᠪᠠ ᠪᠣᠳᠠᠳᠣ ᠪᠡᠶ᠎ᠡ ᠶᠢᠨ ᠥᠵᠡᠬᠦᠯᠬᠡ ᠪᠠᠷ ᠳᠠᠮᠵᠢᠨ᠂ ᠵᠢᠷᠠᠳᠠᠢ ᠶᠢᠨ ᠳᠠᠪᠤᠰᠤᠨ ᠨᠠᠭᠤᠷ ᠤᠨ ᠥᠨᠢ ᠤᠳᠠᠭᠠᠨ ᠨᠡᠭᠡᠭᠡᠨ ᠮᠠᠯᠳᠠᠭᠰᠠᠨ ᠲᠡᠤᠭᠡ ᠬᠢᠭᠡᠳ ᠵᠢᠷᠠᠳᠠᠢ ᠶᠢᠨ ᠳᠠᠪᠤᠰᠤᠨ ᠨᠠᠭᠤᠷ ᠤᠨ ᠠᠷᠪᠠ ᠭᠠᠷᠤᠢ ᠵᠢᠯ ᠤᠨ ᠠᠤᠭ᠎ᠠ ᠶᠡᠭᠡ ᠬᠤᠪᠢᠷᠠᠯᠳᠠ ᠪᠠ ᠪᠦᠲᠦᠭᠡᠨ ᠪᠠᠶᠢᠭᠤᠯᠤᠯᠳᠠ ᠶᠢᠨ ᠠᠮᠵᠢᠯᠳᠠ᠂ ᠳᠠᠪᠤᠰᠣᠨ ᠥᠢᠯᠡᠳᠪᠤᠷᠢᠯᠡᠯ ᠤᠨ ᠥᠢᠯᠡᠰ ᠤᠨ ᠬᠥᠭᠵᠢᠯᠳᠠ ᠨᠢ ᠮᠠᠯᠴᠢᠨ ᠲᠠᠷᠢᠶᠠᠴᠢᠨ ᠤ ᠠᠵᠢᠯ ᠤᠯᠭᠤᠯᠳᠠ᠂ ᠤᠷᠤᠯᠭ᠎ᠠ ᠶᠢᠨ ᠨᠡᠮᠡᠭᠳᠡᠯ ᠳᠤ ᠥᠵᠡᠬᠦᠯᠤᠭ᠍ᠰᠡᠨ ᠨᠥᠯᠤᠭᠡ ᠪᠠ ᠥᠢᠯᠡᠳᠤᠯ ᠢ ᠨᠡᠩ ᠳᠥᠷᠰᠦᠯᠢᠭ ᠢᠯᠡᠷᠡᠬᠦᠯᠤᠭ᠍ᠰᠡᠨ ᠶᠤᠮ᠃ ᠵᠢᠷᠠᠳᠠᠢ ᠪᠠᠯᠭᠠᠰᠤ ᠰᠢᠨᠡᠴᠢᠯᠡᠯᠳᠠ᠂ ᠵᠤᠬᠢᠴᠠᠭᠤᠯᠤᠯᠳᠠ᠂ ᠨᠤᠭᠤᠭᠠᠷᠠᠭᠤᠯᠤᠯᠳᠠ᠂ ᠨᠡᠭᠡᠭᠡᠯᠳᠠ᠂ ᠬᠠᠮᠳᠤ ᠪᠠᠷ ᠡᠳ᠋ᠯᠡᠬᠦ ᠬᠥᠭᠵᠢᠯᠳᠠ ᠶᠢᠨ ᠥᠢᠯᠭᠠᠭᠳᠠᠬᠤᠨ ᠢ ᠪᠠᠷᠢᠮᠳᠠᠯᠠᠵᠤ᠂ ᠬᠥᠭᠵᠢᠯᠳᠠ ᠶᠢᠨ ᠴᠢᠨᠠᠷ ᠪᠠ ᠠᠰᠢᠭ ᠢ ᠳᠡᠭᠡᠭᠰᠢᠯᠡᠬᠦᠯᠬᠦ ᠪᠠᠷ ᠲᠥᠪ ᠪᠤᠯᠭᠠᠵᠤ᠂ ᠤᠯᠤᠰ ᠤᠨ ᠳᠡᠰ ᠤᠨ ᠬᠤᠵᠢᠷᠯᠢᠭ ᠠᠵᠤ ᠥᠢᠯᠡᠳᠪᠤᠷᠢ ᠶᠢᠨ ᠰᠠᠭᠤᠷᠢᠨ ᠭᠠᠵᠠᠷ᠂ ᠤᠯᠤᠰ ᠤᠨ ᠳᠡᠰ ᠤᠨ《1396》 ᠬᠡᠯᠪᠡᠷᠢ ᠶᠢᠨ ᠨᠤᠤᠯᠤᠷ ᠤᠨ ᠴᠠᠭᠠᠨ ᠢᠮᠠᠭ᠎ᠠ ᠶᠢ ᠰᠣᠩᠭᠤᠨ ᠪᠤᠶᠢᠵᠢᠭᠤᠯᠬᠤ ᠰᠠᠭᠤᠷᠢᠨ ᠭᠠᠵᠠᠷ᠂ ᠪᠠᠷᠠᠭᠤᠨ ᠤᠷᠤᠨ ᠤ ᠲᠡᠷᠢᠬᠦᠨ ᠳᠡᠰ ᠤᠨ ᠪᠤᠷᠵᠢᠨ ᠴᠢᠯᠠᠭᠤ ᠶᠢ ᠪᠤᠯᠪᠠᠰᠤᠷᠠᠭᠤᠯᠬᠤ ᠰᠠᠭᠤᠷᠢᠨ ᠭᠠᠵᠠᠷ ᠪᠠ ᠤᠯᠠᠨ ᠤᠯᠤᠰ ᠤᠨ ᠴᠢᠯᠠᠭᠤ ᠪᠤᠯᠪᠠᠰᠤᠷᠠᠭᠤᠯᠬᠤ᠂ ᠠᠷᠠᠯᠵᠢᠶ᠎ᠠ ᠶᠢ ᠲᠥᠪᠯᠡᠷᠡᠬᠦᠯᠤᠨ ᠲᠠᠷᠬᠠᠭᠠᠬᠤ ᠭᠠᠵᠠᠷ᠂ ᠥᠪᠤᠷ ᠮᠤᠩᠭᠤᠯ ᠤᠨ ᠪᠠᠷᠠᠭᠤᠨ ᠤᠷᠤᠨ ᠤ ᠠᠵᠤ ᠥᠢᠯᠡᠳᠪᠤᠷᠢᠯᠡᠯ ᠤᠨ ᠴᠢᠬᠤᠯᠠ ᠪᠠᠯᠭᠠᠰᠤ᠂ ᠥᠪᠡᠷᠲᠡᠭᠡᠨ ᠵᠠᠰᠠᠬᠤ ᠤᠷᠤᠨ ᠤ ᠴᠠᠭᠠᠨ ᠭᠤᠶᠤᠤ ᠶᠢ ᠥᠢᠯᠡᠳᠪᠤᠷᠢᠯᠡᠵᠤ ᠡᠳ᠋ᠰᠢᠬᠦᠯᠬᠦ ᠰᠣᠳᠣᠯᠣᠨ ᠨᠡᠭᠡᠭᠡᠬᠦ ᠲᠥᠪ᠂ ᠳᠠᠪᠤᠰᠤᠨ ᠨᠠᠭᠤᠷ ᠤᠨ ᠵᠢᠭᠤᠴᠢᠯᠠᠯ ᠢᠶᠠᠷ ᠭᠤᠤᠯᠯᠠᠭᠰᠠᠨ ᠠᠷᠤ ᠭᠠᠵᠠᠷ ᠤᠨ ᠭᠤᠶᠤ ᠪᠠᠯᠭᠠᠰᠤ ᠪᠠ ᠳᠠᠪᠤᠰᠤᠨ ᠰᠤᠶᠤᠯ ᠤᠨ ᠲᠥᠪ ᠢ ᠡᠷᠴᠢᠮᠳᠠᠢ ᠪᠠᠶᠢᠭᠤᠯᠵᠤ᠂ ᠠᠵᠤ ᠠᠬᠤᠢ ᠶᠢᠨ ᠪᠥᠳᠥᠭᠡᠨ ᠪᠠᠶᠢᠭᠤᠯᠤᠯᠳᠠ᠂ ᠤᠯᠤᠰ ᠲᠥᠷᠤ ᠶᠢᠨ ᠪᠥᠳᠤᠭᠡᠨ ᠪᠠᠶᠢᠭᠤᠯᠤᠯᠳᠠ᠂ ᠰᠣᠶᠣᠯ ᠤᠨ ᠪᠥᠳᠤᠭᠡᠨ ᠪᠠᠶᠢᠭᠤᠯᠤᠯᠳᠠ᠂ ᠨᠡᠶᠢᠭᠡᠮ ᠤᠨ ᠪᠥᠳᠥᠭᠡᠨ ᠪᠠᠶᠢᠭᠤᠯᠤᠯᠳᠠ᠂ ᠠᠮᠢ ᠠᠬᠤᠢ ᠶᠢᠨ ᠪᠥᠳᠥᠭᠡᠨ ᠪᠠᠶᠢᠭᠤᠯᠤᠯᠳᠠ ᠪᠠ ᠨᠠᠮ ᠤᠨ ᠪᠥᠳᠥᠭᠡᠨ ᠪᠠᠶᠢᠭᠤᠯᠤᠯᠳᠠ ᠶᠢ ᠨᠢᠭᠡᠳᠤᠯᠳᠠᠢ ᠲᠥᠯᠤᠪᠯᠡᠨ ᠠᠬᠢᠭᠤᠯᠵᠤ᠂ ᠪᠥᠬᠦ ᠲᠠᠯ᠎ᠠ ᠪᠠᠷ ᠴᠢᠨᠡᠭᠡᠯᠢᠭ᠂ ᠠᠷᠠᠳᠴᠢᠯᠠᠯ ᠲᠠᠢ᠂ ᠪᠤᠯᠪᠠᠰᠤᠨ᠂ ᠡᠶ᠎ᠡ ᠨᠠᠶᠢᠷᠠᠮᠳᠠᠭᠤ ᠵᠢᠷᠠᠲᠠᠢ ᠶᠢ ᠪᠥᠳᠤᠭᠡᠨ ᠪᠠᠶᠢᠭᠤᠯᠤᠨ᠎ᠠ᠃ᠬᠠᠲᠠᠭᠤ ᠬᠤᠤᠳᠤᠭ ᠭᠠᠴᠠᠭ᠎ᠠ   ᠭᠠᠴᠠᠭᠠᠨ ᠤ ᠶᠡᠷᠥᠩᠭᠡᠢ ᠲᠠᠯᠠᠪᠠᠢ 667 ᠲᠡᠭᠰᠢ ᠳᠦᠷᠪᠡᠯᠵᠢᠨ ᠺᠢᠯᠤᠮᠧᠲᠷ᠂ ᠨᠡᠶᠢᠲᠠ ᠬᠥᠮᠤᠨ ᠠᠮᠠ111 ᠡᠷᠤᠬᠡ 254 ᠬᠥᠮᠤᠨ ᠪᠠᠶᠢᠵᠤ᠂ ᠪᠠᠶᠢᠩᠭᠤ  ᠰᠠᠭᠤᠭ᠎ᠠ 16 ᠡᠷᠤᠬᠡ 32 ᠬᠥᠮᠤᠨ ᠪᠣᠢ᠃ ᠪᠡᠯᠴᠢᠭᠡᠷ ᠤᠨ ᠶᠡᠷᠥᠩᠭᠡᠢ ᠲᠠᠯᠠᠪᠠᠢ 102 ᠲᠥᠮᠡᠨ ᠮᠣ᠋᠂ ᠮᠠᠯ ᠤᠨ ᠲᠤᠭ᠎ᠠ 1918 ᠲᠤᠯᠤᠭᠠᠢ᠂ 2015 ᠣᠨ ᠳᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11844 ᠲᠥᠭᠦᠷᠢᠭ ᠲᠤ ᠬᠥᠷᠴᠡᠢ᠃  ᠥᠢᠷ᠎ᠠ ᠶᠢᠨ ᠵᠢᠯ ᠳᠤ᠂  ᠲᠤᠰ ᠭᠠᠴᠠᠭ᠎ᠠ ᠥᠪᠡᠷ ᠪᠡᠶ᠎ᠡ ᠶᠢᠨ ᠳᠠᠪᠠᠭᠤᠯᠢᠭ ᠲᠠᠯ᠎ᠠ ᠪᠠᠨ ᠲᠥᠰᠢᠭᠯᠡᠵᠤ᠂ ᠡᠯᠡᠰᠤᠨ ᠠᠵᠤ ᠥᠢᠯᠡᠰ ᠢ ᠡᠷᠴᠢᠮᠳᠠᠢ ᠬᠥᠭᠵᠢᠬᠦᠯᠵᠤ᠂ ᠠᠯᠠᠱᠠ ᠶᠢᠨ SEE ᠠᠮᠢ ᠠᠬᠤᠢ ᠶᠢᠨ ᠨᠡᠶᠢᠭᠡᠮᠯᠢᠭ ᠲᠠᠢ ᠬᠠᠮᠳᠤᠷᠠᠨ ᠠᠵᠢᠯᠯᠠᠬᠤ ᠪᠠᠷ ᠳᠠᠮᠵᠢᠨ᠂ 5000 ᠭᠠᠷᠤᠢ ᠮᠣ᠋ ᠵᠠᠭ᠂ 1500 ᠮᠣ᠋ ᠤᠯᠠᠭᠠᠨ ᠰᠣᠬᠠᠢ ᠶᠢ ᠲᠠᠷᠢᠵᠤ᠂14 ᠲᠥᠮᠡᠨ ᠪᠠᠯᠴᠢᠷ ᠴᠠᠭᠠᠨ ᠭᠤᠶᠤᠤ ᠶᠢ ᠵᠠᠯᠭᠠᠵᠡᠢ᠃  ᠮᠥᠸ᠋ ᠰᠢᠨ᠂ ᠳᠠᠶᠠᠭᠠᠷ ᠲᠠᠷᠢᠶᠠᠴᠢᠳ ᠤᠨ ᠴᠠᠭᠠᠨ ᠭᠤᠶᠤᠤ ᠶᠢᠨ ᠲᠠᠷᠢᠮᠠᠯ ᠤᠨ 9 ᠰᠠᠭᠤᠷᠢ ᠮᠠᠯᠴᠢᠨ ᠲᠠᠷᠢᠶᠠᠴᠢᠨ ᠤ ᠲᠤᠰᠬᠠᠢ ᠬᠤᠷᠰᠢᠶᠠᠵᠢᠯ ᠢ ᠪᠠᠶᠢᠭᠤᠯᠵᠤ᠂ ᠮᠢᠬᠠᠨ ᠤ ᠥᠢᠯᠡᠳᠬᠦᠨ᠂ ᠴᠠᠭᠠᠨ ᠢᠳᠡᠭᠡᠨ ᠤ ᠥᠢᠯᠡᠳᠬᠦᠨ᠂ ᠵᠠᠭ ᠪᠠ ᠴᠠᠭᠠᠨ ᠭᠤᠶᠤᠤ ᠶᠢᠨ ᠲᠠᠷᠢᠮᠠᠯ ᠵᠡᠷᠭᠡ ᠨᠢ ᠠᠯᠬᠤᠮ ᠠᠯᠬᠤᠮ ᠢᠶᠠᠷ ᠲᠥᠷᠢᠮᠵᠢᠭᠰᠡᠨ᠂ ᠠᠵᠤ ᠥᠢᠯᠡᠰᠵᠢᠭᠰᠡᠨ ᠬᠥᠭᠵᠢᠯᠳᠠ ᠶᠢᠨ ᠵᠠᠮ ᠳᠤ ᠠᠯᠬᠤᠨ ᠤᠷᠤᠵᠡᠢ᠃ᠠᠭᠤᠳᠠᠮ ᠲᠠᠯ᠎ᠠ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 4.13 ᠲᠡᠭᠰᠢ ᠳᠦᠷᠪᠡᠯᠵᠢᠨ ᠺᠢᠯᠤᠮᠧᠲᠷ᠂ ᠨᠠᠶᠢᠳᠠ ᠬᠥᠮᠤᠨ ᠠᠮᠠ 204 ᠡᠷᠤᠬᠡ 714 ᠬᠥᠮᠤᠨ ᠪᠠᠶᠢᠵᠤ᠂ ᠪᠠᠶᠢᠩᠭᠤ ᠰᠠᠭᠤᠭ᠎ᠠ 192 ᠡᠷᠤᠬᠡ 688 ᠬᠥᠮᠤᠨ ᠪᠤᠢ᠃  ᠲᠠᠷᠢᠶᠠᠨ ᠭᠠᠵᠠᠷ 6140 ᠮᠣ᠋᠂ ᠮᠠᠯ ᠤᠨ ᠲᠤᠭ᠎ᠠ 3010 ᠲᠤᠯᠤᠭᠠᠢ᠂ ᠭᠤᠤᠯᠳᠠᠭᠤ ᠡᠷᠳᠡᠨᠢ ᠰᠢᠰᠢ᠂ ᠲᠠᠷᠪᠣᠰ᠂ ᠬᠥᠪᠤᠩ᠂ ᠨᠠᠷᠠᠨ ᠬᠤᠸᠠᠷ᠂ ᠯᠠᠵᠤᠤ ᠲᠠᠷᠢᠬᠤ ᠪᠠ ᠬᠠᠰᠢᠶᠠᠯᠠᠨ ᠲᠡᠵᠢᠬᠡᠨ ᠥᠷᠡᠵᠢᠬᠦᠯᠬᠦ ᠪᠠᠷ ᠭᠤᠤᠯᠯᠠᠳᠠᠭ᠃ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12337 ᠲᠥᠭᠦᠷᠢᠭ ᠲᠤ ᠬᠥᠷᠴᠡᠢ᠃ ᠪᠤᠷᠭᠠᠰᠣᠲᠠᠢ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 379 ᠲᠡᠭᠰᠢ ᠳᠦᠷᠪᠡᠯᠵᠢᠨ ᠺᠢᠯᠤᠮᠧᠲᠷ᠂  ᠨᠡᠶᠢᠳᠠ ᠬᠥᠮᠤᠨ ᠠᠮᠠ 76 ᠡᠷᠤᠬᠡ 266 ᠬᠥᠮᠤᠨ ᠪᠠᠶᠢᠵᠤ᠂ ᠪᠠᠶᠢᠩᠭᠤ ᠰᠠᠭᠤᠭ᠎ᠠ 49 ᠡᠷᠤᠬᠡ199 ᠬᠥᠮᠤᠨ ᠪᠣᠢ᠃ ᠪᠡᠯᠴᠢᠭᠡᠷ ᠤᠨ ᠶᠡᠷᠥᠩᠭᠡᠢ ᠲᠠᠯᠠᠪᠠᠢ 46.9 ᠲᠥᠮᠡᠨ ᠮᠣ᠋᠂ ᠮᠠᠯ ᠤᠨ ᠲᠤᠭ᠎ᠠ 1.9 ᠲᠥᠮᠡᠨ ᠲᠤᠯᠤᠭᠠᠢ᠂ ᠭᠤᠤᠯᠳᠠᠭᠤ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 15749 ᠲᠥᠭᠦᠷᠢᠭ ᠲᠤ ᠬᠥᠷᠴᠡᠢ᠃ ᠡᠤ ᠰᠢᠷᠢᠬᠢ ᠭᠠᠴᠠᠭ᠎ᠠ   ᠭᠠᠴᠠᠭᠠᠨ ᠤ ᠶᠡᠷᠥᠩᠭᠡᠢ ᠲᠠᠯᠠᠪᠠᠢ 490 ᠲᠡᠭᠰᠢ ᠳᠦᠷᠪᠡᠯᠵᠢᠨ ᠺᠢᠯᠤᠮᠧᠲᠷ᠂  ᠨᠡᠶᠢᠳᠠ ᠬᠥᠮᠤᠨ ᠠᠮᠠ 89 ᠡᠷᠤᠬᠡ 190 ᠬᠥᠮᠤᠨ ᠪᠠᠶᠢᠵᠤ᠂ ᠪᠠᠶᠢᠩᠭᠤ ᠰᠠᠭᠤᠭ᠎ᠠ 76 ᠡᠷᠤᠬᠡ162 ᠬᠥᠮᠤᠨ ᠪᠣᠢ᠃ ᠪᠡᠯᠴᠢᠭᠡᠷ ᠤᠨ ᠶᠡᠷᠥᠩᠭᠡᠢ ᠲᠠᠯᠠᠪᠠᠢ 59 ᠲᠥᠮᠡᠨ ᠮᠣ᠋᠂ ᠮᠠᠯ ᠤᠨ ᠲᠤᠭ᠎ᠠ 12280 ᠲᠤᠯᠤᠭᠠᠢ᠂ ᠭᠤᠤᠯᠳᠠᠭᠤ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 14137 ᠲᠥᠭᠦᠷᠢᠭ ᠲᠤ ᠬᠥᠷᠴᠡᠢ᠃ ᠰᠣᠯᠢᠳᠣ ᠭᠠᠴᠠᠭ᠎ᠠ    ᠵᠢᠷᠠᠳᠠᠢ ᠪᠠᠯᠭᠠᠰᠤᠨ ᠤ ᠪᠠᠷᠠᠭᠤᠨ ᠬᠡᠰᠡᠭ ᠲᠤ ᠪᠠᠶᠢᠷᠢᠠᠯᠵᠤ᠂ ᠶᠡᠷᠥᠩᠭᠡᠢ ᠲᠠᠯᠠᠪᠠᠢ 770 ᠲᠡᠭᠰᠢ ᠳᠥᠷᠪᠡᠯᠵᠢᠨ ᠺᠢᠯᠤᠮᠧᠲᠷ᠂ ᠨᠡᠶᠢᠳᠠ 100 ᠡᠷᠤᠬᠡ 280 ᠬᠥᠮᠤᠨ ᠲᠠᠢ᠃ ᠮᠠᠯᠵᠢᠬᠤ ᠪᠠᠷ ᠭᠤᠤᠯᠯᠠᠵᠤ᠂ ᠮᠠᠯ ᠤᠨ ᠲᠤᠭ᠎ᠠ 8031 ᠲᠤᠯᠤᠭᠠᠢ᠂ ᠡᠬᠦᠨ ᠳᠤ ᠲᠡᠮᠡᠭᠡ 142 ᠪᠥᠬᠦ᠂ ᠪᠢᠳᠡᠬᠦᠮᠵᠢᠯᠡᠨ ᠥᠢᠵᠢᠭᠤᠯᠤᠭᠰᠠᠨ ᠨᠣᠳᠤᠭ ᠪᠡᠯᠴᠢᠭᠡᠷ 96100 ᠮᠣ᠋ ᠪᠣᠢ᠃ 2005 ᠣᠨ ᠤ ᠪᠥᠬᠦ ᠵᠢᠯ ᠤᠨ ᠤᠷᠤᠯᠭ᠎ᠠ 185 ᠲᠥᠮᠡᠨ ᠲᠥᠭᠦᠷᠢᠭ ᠂ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 3727 ᠲᠥᠭᠦᠷᠢᠭ ᠲᠤ ᠬᠥᠷᠴᠡᠢ᠃ ᠬᠠᠳᠠᠭᠤ ᠲᠤᠯᠤᠭᠠᠢ ᠭᠠᠴᠠᠭ᠎ᠠ    ᠵᠢᠷᠠᠲᠠᠢ ᠪᠠᠯᠭᠠᠰᠤᠨ ᠤ ᠵᠡᠬᠦᠨ ᠡᠮᠤᠨᠡᠳᠤ ᠬᠡᠰᠡᠭ ᠲᠤ ᠪᠠᠶᠢᠷᠢᠯᠠᠵᠤ᠂ ᠶᠡᠷᠥᠩᠭᠡᠢ ᠲᠠᠯᠠᠪᠠᠢ 11.3 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 222 ᠡᠷᠤᠬᠡ 578 ᠬᠥᠮᠤᠨ ᠪᠠᠶᠢᠵᠤ᠂ ᠪᠠᠶᠢᠩᠭᠤ ᠰᠠᠭᠤᠭ᠎ᠠ 178 ᠡᠷᠤᠬᠡ 486 ᠬᠥᠮᠤᠨ ᠪᠣᠢ᠂ ᠲᠠᠷᠢᠶᠠᠨ ᠭᠠᠵᠠᠷ 9718 ᠮᠣ᠋᠂ ᠥᠢᠳᠣ ᠭᠠᠵᠠᠷ 5298 ᠮᠣ᠋᠂ ᠮᠠᠯ ᠤᠨ ᠲᠤᠭ᠎ᠠ 3430 ᠲᠤᠯᠤᠭᠠᠢ᠂ ᠭᠤᠤᠯᠳᠠᠭᠤ ᠠᠵᠤ ᠠᠬᠤᠢ ᠶᠢᠨ ᠲᠠᠷᠢᠮᠠᠯ ᠲᠠᠷᠢᠬᠤ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 14616 ᠲᠥᠭᠦᠷᠢᠭ ᠲᠤ ᠬᠥᠷᠴᠡᠢ᠃ ᠨᠤᠭᠤᠭᠠᠨ ᠪᠥᠭᠡᠷᠡᠭ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 12 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 213 ᠡᠷᠤᠬᠡ 604 ᠬᠥᠮᠤᠨ ᠪᠠᠶᠢᠵᠤ᠂ ᠪᠠᠶᠢᠩᠭᠤ ᠰᠠᠭᠤᠭ᠎ᠠ 154 ᠡᠷᠤᠬᠡ 488 ᠬᠥᠮᠤᠨ ᠪᠣᠢ᠃ ᠲᠠᠷᠢᠶᠠᠨ ᠭᠠᠵᠠᠷ 5800 ᠮᠣ᠋᠂ ᠮᠠᠯ ᠤᠨ ᠲᠤᠭ᠎ᠠ 4780 ᠲᠤᠯᠤᠭᠠᠢ᠂ ᠭᠤᠤᠯᠳᠠᠭᠤ ᠠᠵᠤ ᠠᠬᠤᠢ ᠶᠢᠨ ᠲᠠᠷᠢᠮᠠᠯ ᠲᠠᠷᠢᠬᠤ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ  ᠭᠠᠴᠠᠭᠠᠨ ᠤ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12446 ᠲᠥᠭᠦᠷᠢᠭ ᠲᠤ ᠬᠥᠷᠴᠡᠢ᠃ ᠪᠠᠭᠠᠳᠤᠷ ᠪᠤᠯᠠᠭ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 844 ᠲᠡᠭᠰᠢ ᠳᠦᠷᠪᠡᠯᠵᠢᠨ ᠺᠢᠯᠤᠮᠧᠲᠷ᠂  ᠨᠡᠶᠢᠳᠠ 89 ᠡᠷᠤᠬᠡ 328 ᠬᠥᠮᠤᠨ ᠲᠠᠢ᠂ ᠪᠠᠶᠢᠩᠭᠤ ᠰᠠᠭᠤᠭ᠎ᠠ 79 ᠡᠷᠤᠬᠡ 285 ᠬᠥᠮᠤᠨ ᠪᠣᠢ᠃ ᠲᠠᠷᠢᠶᠠᠨ ᠭᠠᠵᠠᠷ 126.6 ᠲᠥᠮᠡᠨ ᠮᠣ᠋᠂ ᠲᠠᠷᠢᠮᠠᠯ ᠤᠨ ᠶᠡᠷᠤᠩᠭᠡᠢ ᠲᠠᠯᠠᠪᠠᠢ 385 ᠮᠣ᠋᠂ ᠮᠠᠯ ᠤᠨ ᠨᠡᠶᠢᠳᠠ ᠲᠤᠭ᠎ᠠ 10220 ᠲᠤᠯᠤᠭᠠᠢ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 13121 ᠲᠥᠭᠦᠷᠢᠭ ᠲᠤ ᠬᠥᠷᠴᠡᠢ᠃ ᠴᠠᠬᠠᠷ ᠱᠠᠯᠠ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 5.27 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ192 ᠡᠷᠤᠬᠡ 532 ᠬᠥᠮᠤᠨ ᠪᠠᠶᠢᠵᠤ᠂ ᠪᠠᠶᠢᠩᠭᠤ ᠰᠠᠭᠤᠭ᠎ᠠ 90 ᠡᠷᠤᠬᠡ 267 ᠬᠥᠮᠤᠨ ᠪᠣᠢ᠃ ᠲᠠᠷᠢᠶᠠᠨ ᠭᠠᠵᠠᠷ 3800 ᠮᠣ᠋᠂ ᠥᠢᠳᠣ ᠭᠠᠵᠠᠷ 470 ᠮᠣ᠋᠂ ᠮᠠᠯ ᠤᠨ ᠲᠤᠭ᠎ᠠ 4600 ᠲᠤᠯᠤᠭᠠᠢ᠂ ᠭᠤᠤᠯᠳᠠᠭᠤ ᠠᠵᠤ ᠠᠬᠤᠢ ᠶᠢᠨ ᠲᠠᠷᠢᠮᠠᠯ ᠲᠠᠷᠢᠬᠤ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12898 ᠲᠥᠭᠦᠷᠢᠭ ᠲᠤ ᠬᠥᠷᠴᠡᠢ᠃ ᠵᠠᠬᠠᠪᠤᠯᠠᠭ ᠭᠠᠴᠠᠭ᠎ᠠ     ᠭᠠᠴᠠᠭᠠᠨ ᠤ ᠶᠡᠷᠥᠩᠭᠡᠢ ᠲᠠᠯᠠᠪᠠᠢ 473 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 121ᠡᠷᠤᠬᠡ 302 ᠬᠥᠮᠤᠨ ᠪᠠᠶᠢᠵᠤ᠂ ᠪᠠᠶᠢᠩᠭᠤ ᠰᠠᠭᠤᠭ᠎ᠠ 96 ᠡᠷᠤᠬᠡ 280 ᠬᠥᠮᠤᠨ ᠪᠣᠢ᠃ ᠪᠡᠯᠴᠢᠭᠡᠷ 70.3 ᠲᠥᠮᠡᠨ ᠮᠣ᠋᠂ ᠲᠠᠷᠢᠶᠠᠨ ᠭᠠᠵᠠᠷ 3150 ᠮᠣ᠋᠂ ᠮᠠᠯ ᠤᠨ ᠲᠤᠭ᠎ᠠ 2806 ᠲᠤᠯᠤᠭᠠᠢ᠂ ᠭᠤᠤᠯᠳᠠᠭᠤ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 13140 ᠲᠥᠭᠦᠷᠢᠭ ᠲᠤ ᠬᠥᠷᠴᠡᠢ᠃ ᠴᠠᠭᠠᠨ ᠤᠨᠳᠤᠷᠭ᠎ᠠ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 908 ᠲᠡᠭᠰᠢ ᠳᠦᠷᠪᠡᠯᠵᠢᠨ ᠺᠢᠯᠤᠮᠧᠲᠷ᠂ ᠨᠡᠶᠢᠳᠠ 83 ᠡᠷᠤᠬᠡ 205 ᠬᠥᠮᠤᠨ ᠲᠠᠢ᠂ ᠪᠠᠶᠢᠩᠭᠤ ᠰᠠᠭᠤᠭ᠎ᠠ 53 ᠡᠷᠤᠬᠡ 134 ᠬᠥᠮᠤᠨ ᠪᠣᠢ᠃ ᠪᠡᠯᠴᠢᠭᠡᠷ 136.3 ᠲᠥᠮᠡᠨ ᠮᠣ᠋᠂ ᠮᠠᠯ ᠤᠨ ᠲᠤᠭ᠎ᠠ 6300 ᠲᠤᠯᠤᠭᠠᠢ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11802 ᠲᠥᠭᠦᠷᠢᠭ ᠲᠤ ᠬᠥᠷᠴᠡᠢ᠃ ᠴᠩᠭᠡᠯᠳᠤ ᠭᠠᠴᠠᠭ᠎ᠠ     ᠭᠠᠴᠠᠭᠠᠨ ᠤ ᠶᠡᠷᠥᠩᠭᠡᠢ ᠲᠠᠯᠠᠪᠠᠢ 831 ᠲᠡᠭᠰᠢ ᠳᠦᠷᠪᠡᠯᠵᠢᠨ ᠺᠢᠯᠤᠮᠧᠲᠷ  ᠬᠥᠮᠤᠨ ᠠᠮᠠ 146ᠡᠷᠤᠬᠡ 398 ᠬᠥᠮᠤᠨ ᠪᠠᠶᠢᠵᠤ  ᠂ ᠪᠠᠶᠢᠩᠭᠤ ᠰᠠᠭᠤᠭ᠎ᠠ 94 ᠡᠷᠤᠬᠡ 300 ᠬᠥᠮᠤᠨ ᠪᠣᠢ᠃ ᠪᠡᠯᠴᠢᠭᠡᠷ 65.65 ᠲᠥᠮᠡᠨ ᠮᠣ᠋᠂ ᠮᠠᠯ ᠤᠨ ᠲᠤᠭ᠎ᠠ 2.7 ᠲᠥᠮᠡᠨ ᠲᠤᠯᠤᠭᠠᠢ᠂ ᠭᠤᠤᠯᠳᠠᠭᠤ ᠡᠯᠡᠰᠣᠨ ᠠᠵᠤ ᠥᠢᠯᠡᠰ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 15813 ᠲᠥᠭᠦᠷᠢᠭ ᠲᠤ ᠬᠥᠷᠴᠡᠢ᠃ ᠪᠠᠶᠠᠨ ᠬᠤᠩᠭᠤᠷ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 794 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 81 ᠡᠷᠤᠬᠡ 229 ᠬᠥᠮᠤᠨ ᠪᠠᠶᠢᠵᠤ᠂ ᠪᠠᠶᠢᠩᠭᠤ ᠰᠠᠭᠤᠭ᠎ᠠ 50 ᠡᠷᠤᠬᠡ 149 ᠬᠥᠮᠤᠨ ᠪᠣᠢ᠃ ᠪᠡᠯᠴᠢᠭᠡᠷ 44 ᠲᠥᠮᠡᠨ ᠮᠣ᠋᠂ ᠮᠠᠯ ᠤᠨ ᠲᠤᠭ᠎ᠠ 11267 ᠲᠤᠯᠤᠭᠠᠢ᠂ ᠭᠤᠤᠯᠳᠠᠭᠤ ᠡᠯᠡᠰᠣᠨ ᠠᠵᠤ ᠥᠢᠯᠡᠰ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 16114 ᠲᠥᠭᠦᠷᠢᠭ ᠲᠤ ᠬᠥᠷᠴᠡᠢ᠃ ᠤᠷᠭᠢᠬᠤ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 437 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 115 ᠡᠷᠤᠬᠡ 309 ᠬᠥᠮᠤᠨ ᠪᠠᠶᠢᠵᠤ᠂ ᠪᠠᠶᠢᠩᠭᠤ ᠰᠠᠭᠤᠭ᠎ᠠ 94 ᠡᠷᠤᠬᠡ 246 ᠬᠥᠮᠤᠨ ᠪᠣᠢ᠃ ᠪᠡᠯᠴᠢᠭᠡᠷ 54 ᠲᠥᠮᠡᠨ ᠮᠣ᠋᠂ ᠮᠠᠯ ᠤᠨ ᠲᠤᠭ᠎ᠠ 18600 ᠲᠤᠯᠤᠭᠠᠢ᠂ ᠭᠤᠤᠯᠳᠠᠭᠤ ᠲᠡᠵᠢᠭᠡᠨ ᠥᠷᠡᠵᠢᠬᠦᠯᠬᠦ ᠥᠢᠯᠡᠰ ᠢᠶᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ  ᠨᠢ 14713 ᠲᠥᠭᠦᠷᠢᠭ ᠲᠤ ᠬᠥᠷᠴᠡᠢ᠃ ᠳᠡᠷᠡᠳᠤ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 600 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 132 ᠡᠷᠤᠬᠡ 297 ᠬᠥᠮᠤᠨ ᠪᠠᠶᠢᠵᠤ᠂ ᠪᠠᠶᠢᠩᠭᠤ ᠰᠠᠭᠤᠭ᠎ᠠ 87 ᠡᠷᠤᠬᠡ 226 ᠬᠥᠮᠤᠨ ᠪᠣᠢ᠃ ᠪᠡᠯᠴᠢᠭᠡᠷ 68.9 ᠲᠥᠮᠡᠨ ᠮᠣ᠋᠂ ᠮᠠᠯ ᠤᠨ ᠲᠤᠭ᠎ᠠ 11248 ᠲᠤᠯᠤᠭᠠᠢ᠂ ᠭᠤᠤᠯᠳᠠᠭᠤ ᠬᠠᠰᠢᠶᠠᠯᠠᠨ ᠲᠡᠵᠢᠭᠡᠨ ᠥᠷᠡᠵᠢᠬᠦᠯᠬᠦ  ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 15869 ᠲᠥᠭᠦᠷᠢᠭ ᠲᠤ ᠬᠥᠷᠴᠡᠢ᠃ ᠲᠤᠭᠯᠢ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 543 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 92ᠡᠷᠤᠬᠡ 221 ᠬᠥᠮᠤᠨ ᠪᠠᠶᠢᠵᠤ᠂ ᠪᠠᠶᠢᠩᠭᠤ ᠰᠠᠭᠤᠭ᠎ᠠ 57 ᠡᠷᠤᠬᠡ 128 ᠬᠥᠮᠤᠨ ᠪᠣᠢ᠃ ᠪᠡᠯᠴᠢᠭᠡᠷ 77 ᠲᠥᠮᠡᠨ ᠮᠣ᠋᠂ ᠮᠠᠯ ᠤᠨ ᠲᠤᠭ᠎ᠠ 1148 ᠲᠤᠯᠤᠭᠠᠢ᠂ ᠭᠤᠤᠯᠳᠠᠭᠤ ᠡᠯᠡᠰᠣᠨ ᠠᠵᠤ ᠥᠢᠯᠡᠰ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12409 ᠲᠥᠭᠦᠷᠢᠭ ᠲᠤ ᠬᠥᠷᠴᠡᠢ᠃ ᠪᠠᠶᠠᠨ᠋ᠠ᠋ᠭᠤᠯᠠ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 809 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ164 ᠡᠷᠤᠬᠡ 454  ᠬᠥᠮᠤᠨ ᠪᠠᠶᠢᠵᠤ᠂ ᠪᠠᠶᠢᠩᠭᠤ ᠰᠠᠭᠤᠭ᠎ᠠ 51 ᠡᠷᠤᠬᠡ 153 ᠬᠥᠮᠤᠨ ᠪᠣᠢ᠃ ᠪᠡᠯᠴᠢᠭᠡᠷ 121.35 ᠲᠥᠮᠡᠨ ᠮᠣ᠋᠂ ᠮᠠᠯ ᠤᠨ ᠲᠤᠭ᠎ᠠ 2990 ᠲᠤᠯᠤᠭᠠᠢ᠂ ᠭᠤᠤᠯᠳᠠᠭᠤ ᠡᠯᠡᠰᠣᠨ ᠠᠵᠤ ᠥᠢᠯᠡᠰ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 13365 ᠲᠥᠭᠦᠷᠢᠭ ᠲᠤ ᠬᠥᠷᠴᠡᠢ᠃ ᠵᠤᠭᠤᠰ ᠲᠤᠯᠤᠭᠠᠢ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 654 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 102 ᠡᠷᠤᠬᠡ 274 ᠬᠥᠮᠤᠨ ᠪᠠᠶᠢᠵᠤ᠂ ᠪᠠᠶᠢᠩᠭᠤ ᠰᠠᠭᠤᠭ᠎ᠠ 74 ᠡᠷᠤᠬᠡ 195 ᠬᠥᠮᠤᠨ ᠪᠣᠢ᠃ ᠪᠡᠯᠴᠢᠭᠡᠷ 64.25 ᠲᠥᠮᠡᠨ ᠮᠣ᠋᠂ ᠮᠠᠯ ᠤᠨ ᠲᠤᠭ᠎ᠠ 4500 ᠲᠤᠯᠤᠭᠠᠢ᠂ ᠭᠤᠤᠯᠳᠠᠭᠤ ᠡᠯᠡᠰᠣᠨ ᠠᠵᠤ ᠥᠢᠯᠡᠰ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11932 ᠲᠥᠭᠦᠷᠢᠭ ᠲᠤ ᠬᠥᠷᠴᠡᠢ᠃ ᠬᠥᠬᠡ ᠥᠨᠳᠣᠷ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 840 ᠲᠡᠭᠰᠢ ᠳᠦᠷᠪᠡᠯᠵᠢᠨ ᠺᠢᠯᠤᠮᠧᠲᠷ᠂ ᠨᠡᠶᠢᠳᠠ ᠬᠥᠮᠤᠨ ᠠᠮᠠ 84 ᠡᠷᠤᠬᠡ 266 ᠬᠥᠮᠤᠨ ᠪᠠᠶᠢᠵᠤ᠂ ᠪᠠᠶᠢᠩᠭᠤ ᠰᠠᠭᠤᠭ᠎ᠠ 49 ᠡᠷᠤᠬᠡ 161 ᠬᠥᠮᠤᠨ ᠪᠣᠢ᠃ ᠪᠡᠯᠴᠢᠭᠡᠷ 104 ᠲᠥᠮᠡᠨ ᠮᠣ᠋᠂ ᠮᠠᠯ ᠤᠨ ᠲᠤᠭ᠎ᠠ 5100 ᠲᠤᠯᠤᠭᠠᠢ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 13534 ᠲᠥᠭᠦᠷᠢᠭ ᠲᠤ ᠬᠥᠷᠴᠡᠢ᠃ ᠨᠤᠭᠤᠭᠠᠨ ᠲᠤᠯᠢ ᠭᠠᠴᠠᠭ᠎ᠠ     ᠲᠡᠭᠷᠢ ᠡᠯᠡᠰᠣᠨ ᠤ ᠵᠠᠬ᠎ᠠ ᠪᠠᠷ᠂ ᠵᠢᠷᠠᠳᠠᠢ ᠪᠠᠯᠭᠠᠰᠣᠨ ᠤ ᠵᠠᠰᠠᠭ ᠤᠨ ᠤᠷᠳᠤᠨ ᠠᠴᠠ 53 ᠺᠢᠯᠤᠮᠧᠲᠷ ᠵᠠᠶᠢᠲᠠᠢ ᠳᠤ ᠪᠠᠶᠢᠷᠢᠯᠠᠵᠤ᠂ ᠶᠡᠷᠥᠩᠭᠡᠢ ᠲᠠᠯᠠᠪᠠᠢ 583 ᠲᠡᠭᠰᠢ ᠳᠦᠷᠪᠡᠯᠵᠢᠨ ᠺᠢᠯᠤᠮᠧᠲᠷ᠃ ᠭᠠᠴᠠᠭᠠᠨ ᠳᠤ ᠨᠡᠶᠢᠳᠠ117 ᠡᠷᠤᠬᠡ 387 ᠬᠥᠮᠤᠨ ᠲᠠᠢ᠂ ᠡᠬᠦᠨ ᠳᠤ ᠶᠠᠳᠠᠭᠤ ᠬᠥᠴᠢᠷᠳᠡᠯᠳᠠᠢ ᠡᠷᠤᠬᠡ ᠶᠢᠨ ᠺᠠᠷᠲ ᠪᠠᠶᠢᠭᠤᠯᠵᠤ ᠳᠠᠩᠰᠠᠯᠠᠭᠰᠠᠨ ᠨᠢ 27 ᠡᠷᠤᠬᠡ 48 ᠬᠥᠮᠤᠨ ᠪᠣᠢ᠃ ᠪᠡᠯᠴᠢᠭᠡᠷ 84.6 ᠲᠥᠮᠡᠨ ᠮᠣ᠋᠂ ᠲᠠᠷᠢᠶᠠᠨ ᠭᠠᠵᠠᠷ 3750 ᠮᠣ᠋᠂ ᠮᠠᠯ ᠤᠨ ᠲᠤᠭ᠎ᠠ 5000 ᠲᠤᠯᠤᠭᠠᠢ᠂ ᠬᠠᠭᠠᠰ ᠲᠠᠷᠢᠶᠠᠯᠠᠩ ᠬᠠᠭᠠᠰ ᠮᠠᠯᠵᠢᠬᠤ ᠭᠠᠴᠠᠭ᠎ᠠ ᠪᠣᠯᠣᠨ᠎ᠠ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 13175ᠲᠥᠭᠦᠷᠢᠭ ᠲᠤ ᠬᠥᠷᠴᠡᠢ᠃ ᠡᠷᠢᠶᠡᠨ ᠲᠤᠯᠤᠭᠠᠢ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 473 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 74 ᠡᠷᠤᠬᠡ 263 ᠬᠥᠮᠤᠨ ᠪᠠᠶᠢᠵᠤ᠂ ᠪᠠᠶᠢᠩᠭᠤ ᠰᠠᠭᠤᠭ᠎ᠠ 54 ᠡᠷᠤᠬᠡ 214 ᠬᠥᠮᠤᠨ ᠪᠣᠢ᠃ ᠪᠡᠯᠴᠢᠭᠡᠷ 43.74 ᠲᠥᠮᠡᠨ ᠮᠣ᠋᠂ ᠮᠠᠯ ᠤᠨ ᠲᠤᠭ᠎ᠠ 16729 ᠲᠤᠯᠤᠭᠠᠢ᠂ ᠭᠤᠤᠯᠳᠠᠭᠤ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 15824 ᠲᠥᠭᠦᠷᠢᠭ ᠲᠤ ᠬᠥᠷᠴᠡᠢ᠃ ᠬᠥᠬᠡ ᠲᠤᠯᠤᠭᠠᠢ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 4 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 234 ᠡᠷᠤᠬᠡ 540 ᠬᠥᠮᠤᠨ ᠪᠠᠶᠢᠵᠤ᠂ ᠪᠠᠶᠢᠩᠭᠤ ᠰᠠᠭᠤᠭ᠎ᠠ 90 ᠡᠷᠤᠬᠡ 264 ᠬᠥᠮᠤᠨ ᠪᠣᠢ᠃ ᠲᠠᠷᠢᠶᠠᠨ ᠭᠠᠵᠠᠷ 3650 ᠮᠣ᠋᠂ ᠮᠠᠯ ᠤᠨ ᠲᠤᠭ᠎ᠠ 3450 ᠲᠤᠯᠤᠭᠠᠢ᠂ ᠭᠤᠤᠯᠳᠠᠭᠤ ᠠᠵᠤ ᠠᠬᠤᠢ ᠶᠢᠨ ᠲᠠᠷᠢᠮᠠᠯ ᠲᠠᠷᠢᠬᠤ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12898 ᠲᠥᠭᠦᠷᠢᠭ ᠲᠤ ᠬᠥᠷᠴᠡᠢ᠃ᠰᠢᠪᠡᠭᠡᠳᠤ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 266.88 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 123 ᠡᠷᠤᠬᠡ 255 ᠬᠥᠮᠤᠨ ᠪᠠᠶᠢᠵᠤ᠂ ᠪᠠᠶᠢᠩᠭᠤ ᠰᠠᠭᠤᠭ᠎ᠠ 3 ᠡᠷᠤᠬᠡ 10 ᠬᠥᠮᠤᠨ ᠪᠣᠢ᠃ ᠲᠠᠷᠢᠶᠠᠨ ᠭᠠᠵᠠᠷ 208 ᠮᠣ᠋᠂ ᠪᠡᠯᠴᠢᠭᠡᠷ 40.03 ᠲᠥᠮᠡᠨ ᠮᠣ᠋᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12741 ᠲᠥᠭᠦᠷᠢᠭ ᠲᠤ ᠬᠥᠷᠴᠡᠢ᠃ᠰᠢᠷᠠᠪᠤᠷᠢᠳᠤ ᠭᠠᠴᠠᠭ᠎ᠠ    ᠭᠠᠴᠠᠭᠠᠨ ᠤ ᠶᠡᠷᠥᠩᠭᠡᠢ ᠲᠠᠯᠠᠪᠠᠢ 531 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 316 ᠡᠷᠤᠬᠡ 763 ᠬᠥᠮᠤᠨ ᠪᠠᠶᠢᠵᠤ᠂ ᠪᠠᠶᠢᠩᠭᠤ ᠰᠠᠭᠤᠭ᠎ᠠ 158 ᠡᠷᠤᠬᠡ 474 ᠬᠥᠮᠤᠨ ᠪᠣᠢ᠃ ᠪᠡᠯᠴᠢᠭᠡᠷ 78.8 ᠲᠥᠮᠡᠨ ᠮᠣ᠋᠂ ᠲᠠᠷᠢᠶᠠᠨ ᠭᠠᠵᠠᠷ 10599 ᠮᠣ᠋᠂ ᠮᠠᠯ ᠤᠨ ᠲᠤᠭ᠎ᠠ 9700 ᠲᠤᠯᠤᠭᠠᠢ᠂ ᠭᠤᠤᠯᠳᠠᠭᠤ ᠠᠵᠤ ᠠᠬᠤᠢ ᠶᠢᠨ ᠲᠠᠷᠢᠮᠠᠯ ᠲᠠᠷᠢᠬᠤ ᠪᠠ ᠬᠠᠰᠢᠶᠠᠯᠠᠨ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 13152 ᠲᠥᠭᠦᠷᠢᠭ ᠲᠤ ᠬᠥᠷᠴᠡᠢ᠃ᠰᠢᠨ᠎ᠠ ᠬᠤᠤᠳᠤᠭ ᠭᠠᠴᠠᠭ᠎ᠠ   ᠭᠠᠴᠠᠭᠠᠨ ᠤ ᠶᠡᠷᠥᠩᠭᠡᠢ ᠲᠠᠯᠠᠪᠠᠢ 421 ᠲᠡᠭᠰᠢ ᠳᠦᠷᠪᠡᠯᠵᠢᠨ ᠺᠢᠯᠤᠮᠧᠲᠷ᠂ ᠬᠥᠮᠤᠨ ᠠᠮᠠ 120 ᠡᠷᠤᠬᠡ 257 ᠬᠥᠮᠤᠨ ᠪᠠᠶᠢᠵᠤ᠂ ᠪᠠᠶᠢᠩᠭᠤ ᠰᠠᠭᠤᠭ᠎ᠠ 67 ᠡᠷᠤᠬᠡ 162 ᠬᠥᠮᠤᠨ ᠪᠣᠢ᠃ ᠪᠡᠯᠴᠢᠭᠡᠷ 30.2 ᠲᠥᠮᠡᠨ ᠮᠣ᠋᠂ ᠲᠠᠷᠢᠶᠠᠨ ᠭᠠᠵᠠᠷ 4578 ᠮᠣ᠋᠂ ᠣᠢ ᠰᠢᠭᠤᠢ ᠶᠢᠨ ᠨᠢᠰᠭᠡᠯ ᠢᠶᠠᠷ ᠲᠠᠷᠢᠭᠰᠠᠨ ᠲᠥᠷᠤᠯ ᠵᠥᠢᠯ ᠤᠨ ᠤᠷᠤᠨ 24.31 ᠲᠥᠮᠡᠨ ᠮᠣ᠋᠂ ᠮᠠᠯ ᠤᠨ ᠲᠤᠭ᠎ᠠ 6172 ᠲᠤᠯᠤᠭᠠᠢ᠂ ᠭᠤᠤᠯᠳᠠᠭᠤ ᠡᠮ ᠤᠨ ᠮᠠᠲ᠋ᠧᠷᠢᠶᠠᠯ ᠲᠠᠷᠢᠬᠤ ᠪᠠ ᠲᠡᠵᠢᠭᠡᠨ ᠥᠷᠡᠵᠢᠬᠦᠯᠬᠦ ᠪᠠᠷ ᠭᠤᠤᠯᠯᠠᠵᠤ᠂ 2015 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12948 ᠲᠥᠭᠦᠷᠢᠭ ᠲᠤ ᠬᠥᠷᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号