ᠪᠠᠶᠠᠨᠬᠤᠳᠠ ᠪᠠᠯᠭᠠᠰᠣ
ᠨᠡᠶᠢᠲᠡᠯᠡᠭᠰᠡᠨ ᠴᠠᠭ᠄
2019/3/1
ᠪᠠᠶᠠᠨᠬᠤᠳᠠ ᠪᠠᠯᠭᠠᠰᠣᠪᠠᠶᠠᠨᠬᠤᠳᠠ ᠪᠠᠯᠭᠠᠰᠤ   ᠠᠯᠠᠱᠠ ᠵᠡᠬᠦᠨ ᠬᠤᠰᠢᠭᠤᠨ ᠤ ᠵᠡᠬᠦᠨ ᠬᠤᠶᠢᠳᠤ ᠬᠡᠰᠡᠭ ᠲᠤ ᠪᠠᠶᠢᠷᠢᠯᠠᠵᠤ᠂ ᠲᠡᠭᠷᠢ ᠡᠯᠡᠰᠣ ᠶᠢᠨ ᠵᠡᠬᠦᠨ ᠵᠠᠬ᠎ᠠ᠂ ᠠᠯᠠᠱᠠ ᠠᠭᠤᠯᠠ ᠶᠢᠨ ᠪᠠᠷᠠᠭᠤᠨ ᠬᠤᠷᠮᠤᠢ ᠳᠤ ᠪᠠᠶᠢᠷᠢᠯᠠᠵᠤ᠂ ᠵᠡᠬᠦᠨᠰᠢ ᠪᠠᠨ ᠨᠢᠩᠰᠢᠶᠠ ᠶᠢᠨ ᠥᠪᠡᠷᠲᠡᠭᠡᠨ ᠵᠠᠰᠠᠬᠤ ᠤᠷᠤᠨ ᠲᠠᠢ ᠬᠢᠯᠢᠯᠡᠵᠤ᠂ ᠤᠷᠤᠭᠰᠢ ᠪᠠᠨ ᠪᠠᠷᠠᠭᠤᠨ ᠪᠡᠯ ᠪᠠᠯᠭᠠᠰᠣ᠂ ᠵᠢᠷᠭᠠᠯᠰᠠᠶᠢᠬᠠᠨ ᠪᠠᠯᠭᠠᠰᠤ ᠲᠠᠢ᠂ ᠪᠠᠷᠠᠭᠤᠨᠰᠢ ᠪᠠᠨ ᠵᠢᠷᠭᠠᠯᠰᠠᠶᠢᠬᠠᠨ ᠪᠠᠯᠭᠠᠰᠤᠨ ᠤ ᠴᠠᠭᠠᠨᠪᠦᠯᠠᠭ ᠭᠠᠴᠠᠭ᠎ᠠ ᠲᠠᠢ ᠵᠠᠯᠭᠠᠯᠳᠤᠵᠤ᠂ ᠬᠤᠶᠢᠰᠢ ᠪᠠᠨ ᠵᠢᠷᠠᠳᠠᠢ ᠪᠠᠯᠭᠠᠰᠣ᠂ ᠵᠡᠬᠦᠨ ᠪᠡᠯ ᠪᠠᠯᠭᠠᠰᠤ ᠲᠠᠢ ᠵᠠᠬ᠎ᠠ ᠨᠡᠶᠢᠯᠡᠵᠤ ᠪᠣᠢ᠃ ᠪᠠᠶᠠᠨᠬᠤᠳᠠ ᠪᠣᠯ ᠠᠯᠠᠱᠠ ᠠᠶᠢᠮᠠᠭ ᠤᠨ ᠤᠯᠤᠰ ᠲᠥᠷᠤ᠂ ᠠᠵᠤ ᠠᠬᠤᠢ᠂ ᠰᠣᠶᠣᠯ᠂ ᠵᠠᠮ ᠬᠠᠷᠢᠯᠴᠠᠭ᠎ᠠ᠂ ᠴᠢᠮᠡᠭᠡ ᠨᠡᠪᠳᠡᠷᠡᠬᠦᠯᠬᠡ ᠶᠢᠨ ᠲᠥᠪ ᠪᠤᠯᠣᠨ᠎ᠠ᠃ ᠶᠡᠷᠤᠩᠭᠡᠢ ᠲᠠᠯᠠᠪᠠᠢ ᠨᠢ 5524 ᠲᠡᠭᠰᠢ ᠳᠦᠷᠪᠡᠯᠵᠢᠨ ᠺᠢᠯᠤᠮᠧᠲᠷ᠂ ᠬᠠᠷᠢᠶᠠᠨ ᠳᠠᠭᠠᠨ 24 ᠭᠠᠴᠠᠭ᠎ᠠ ︵ᠲᠤᠰᠬᠤᠨ︶   ᠲᠠᠢ᠂ ᠡᠬᠦᠨ ᠳᠤ 15 ᠴᠤᠯ ᠮᠠᠯᠵᠢᠬᠤ ᠭᠠᠴᠠᠭ᠎ᠠ᠂ 6 ᠴᠤᠯ ᠲᠠᠷᠢᠶᠠᠯᠠᠬᠤ ᠭᠠᠴᠠᠭ᠎ᠠ ᠲᠤᠰᠬᠤᠨ ᠲᠠᠢ ᠪᠠᠶᠢᠵᠤ᠂ ᠬᠠᠭᠠᠰ ᠲᠠᠷᠢᠶᠠᠯᠠᠵᠤ ᠬᠠᠭᠠᠰ ᠮᠠᠯᠵᠢᠬᠤ ᠭᠠᠴᠠᠭ᠎ᠠ 3 ᠪᠤᠢ᠃ 4 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ 16 ᠨᠡᠶᠢᠬᠡᠮ ᠲᠤᠭᠤᠷᠢᠭ ᠤᠨ ᠰᠠᠭᠤᠭᠠᠯᠢ ᠠᠷᠠᠳ ᠤᠨ ᠵᠥᠪᠯᠡᠯ  ᠲᠠᠢ᠃ ᠨᠡᠶᠢᠳᠠ 27869 ᠡᠷᠤᠬᠡ 79000 ᠬᠥᠮᠤᠨ ᠠᠮᠠ ᠲᠠᠢ︔ ᠡᠭᠦᠨ ᠳᠤ ᠮᠠᠯᠴᠢᠨ ᠲᠠᠷᠢᠶᠠᠴᠢᠨ 1976 ᠡᠷᠤᠬᠡ 6559 ᠬᠥᠮᠤᠨ ᠢ ᠡᠵᠡᠯᠡᠵᠤ ᠪᠣᠢ᠃ ᠪᠠᠶᠠᠨᠬᠤᠳᠠ ᠪᠠᠯᠭᠠᠰᠣᠨ ᠳᠤ ᠮᠤᠩᠭᠤᠯ᠂ ᠬᠢᠲᠠᠳ᠂ ᠬᠤᠳᠤᠩ᠂ ᠲᠥᠪᠡᠳ ᠵᠡᠷᠭᠡ 14 ᠥᠨᠳᠤᠰᠤᠳᠡᠨ᠂ 7.2 ᠲᠥᠮᠡᠨ ᠬᠥᠮᠤᠨ ᠠᠮᠠ ᠰᠠᠭᠤᠷᠢᠰᠢᠵᠤ ᠪᠠᠶᠢᠨ᠎ᠠ᠃ ᠲᠠᠷᠢᠶᠠᠨ ᠭᠠᠵᠠᠷ ᠤᠨ ᠶᠡᠷᠥᠩᠭᠡᠢ ᠲᠠᠯᠠᠪᠠᠢ 15156 ᠮᠣ᠋᠂ ᠮᠠᠯ ᠤᠨ ᠨᠡᠶᠢᠳᠠ ᠲᠤᠭ᠎ᠠ ᠲᠤᠯᠤᠭᠠᠢ 38438 ᠳᠤ ᠬᠦᠷᠴᠡᠢ︔ ᠡᠬᠦᠨ ᠳᠤ ᠬᠤᠤᠰ ᠪᠥᠬᠦᠳᠤ ᠲᠡᠮᠡᠭᠡ 808 ᠶᠢ ᠡᠵᠡᠯᠡᠵᠤ ᠪᠣᠢ᠃ ᠡᠳ᠋ ᠶᠢᠨ ᠵᠠᠰᠠᠭ ᠤᠨ ᠤᠷᠤᠯᠭ᠎ᠠ 7626.7 ᠲᠥᠮᠡᠨ ᠲᠥᠭᠦᠷᠢᠭ᠂ ᠬᠤᠳᠠ ᠪᠠᠯᠭᠠᠰᠣᠨ ᠤ ᠰᠠᠭᠤᠭᠠᠯᠢ ᠠᠷᠠᠳ ᠤᠨ ᠡᠵᠡᠮᠳᠡᠵᠤ ᠪᠤᠯᠬᠤ ᠣᠷᠣᠯᠭ᠎ᠠ 8343 ᠲᠥᠭᠦᠷᠢᠭ᠂ ᠮᠠᠯᠴᠢᠨ ᠲᠠᠷᠢᠶᠠᠴᠢᠨ ᠤ ᠬᠥᠮᠤᠨ ᠪᠥᠷᠢ ᠳᠤ ᠳᠡᠭᠰᠢᠳᠭᠡᠭᠰᠡᠨ ᠤᠷᠤᠯᠭ᠎ᠠ 3453 ᠲᠥᠭᠦᠷᠢᠭ ᠲᠤ ᠬᠥᠷᠴᠡᠢ᠃ ᠠᠯᠠᠱᠠ ᠵᠡᠬᠦᠨ ᠬᠤᠰᠢᠭᠤ ᠪᠣᠯ ᠶᠡᠷᠦ ᠠᠴᠠ ᠪᠠᠨ《 ᠲᠡᠮᠡᠭᠡᠳᠣ ᠨᠣᠳᠤᠭ》 ᠭᠡᠭᠰᠡᠨ ᠴᠤᠯᠠ ᠲᠠᠢ᠂ ᠪᠠᠶᠠᠨᠬᠤᠳᠠ ᠴᠤ ᠪᠠᠰᠠ《 ᠲᠡᠮᠡᠭᠡᠳᠤ ᠬᠤᠳᠠ》 ᠭᠡᠵᠤ ᠠᠯᠳᠠᠷᠰᠢᠭᠰᠠᠨ ᠶᠤᠮ᠃ ᠪᠠᠶᠠᠨ ᠬᠥᠳᠡᠭᠡ ᠭᠠᠴᠠᠭ᠎ᠠ    ᠪᠠᠶᠠᠨᠬᠤᠳᠠ ᠪᠠᠯᠭᠠᠰᠤᠨ ᠤ ᠡᠮᠤᠨ᠎ᠠ ᠭᠡᠰᠡᠭ ᠲᠤ ᠪᠠᠶᠢᠷᠢᠯᠠᠵᠤ᠂ ᠪᠠᠯᠭᠠᠰᠣ ᠠᠴᠠ 1.5 ᠺᠢᠯᠤᠮᠧᠲᠷ ᠵᠠᠶᠢᠲᠠᠢ᠂ ᠲᠠᠷᠢᠶᠠᠯᠠᠩ ᠮᠠᠯ ᠠᠵᠤ ᠠᠬᠤᠢ ᠶᠢᠨ ᠥᠢᠯᠡᠰᠵᠢᠭᠰᠡᠨ ᠬᠥᠭᠵᠢᠯᠳᠠ ᠨᠢ ᠨᠡᠶᠢᠳᠡᠯᠢᠭ ᠳᠠᠶᠢᠴᠢᠯᠠᠬᠤ ᠥᠢᠯᠡᠳᠤᠯ ᠲᠠᠢ ᠰᠢᠨ᠎ᠠ ᠪᠠᠷ ᠮᠠᠨᠳᠤᠭᠰᠠᠨ ᠭᠠᠴᠠᠭ᠎ᠠ ᠪᠤᠯᠤᠨ᠎ᠠ᠃ ᠲᠡᠵᠢᠬᠡᠪᠤᠷᠢ ᠶᠢᠨ ᠥᠢᠯᠡᠰ᠂ ᠲᠠᠷᠢᠮᠠᠯ ᠤᠨ ᠥᠢᠯᠡᠰ ᠢᠶᠠᠷ ᠭᠤᠤᠯᠯᠠᠵᠤ᠂ ᠤᠯᠠᠨ ᠲᠥᠷᠤᠯ ᠢ ᠡᠵᠡᠩᠨᠡᠵᠤ᠂ ᠮᠠᠯ ᠤᠨ ᠲᠤᠭ᠎ᠠ 1686 ᠲᠤᠯᠤᠭᠠᠢ᠂ ᠡᠬᠦᠨ ᠳᠤ ᠲᠡᠮᠡᠭᠡ159 ᠪᠥᠬᠦ᠂ ᠲᠠᠷᠢᠶᠠᠨ ᠭᠠᠵᠠᠷ 1937 ᠮᠣ᠋ ᠪᠣᠢ᠃ ᠭᠠᠴᠠᠭᠠᠨ ᠳᠤ ᠣᠳᠣ ᠪᠠᠶᠢᠭ᠎ᠠ ᠮᠠᠯᠴᠢᠨ ᠲᠠᠷᠢᠶᠠᠴᠢᠨ 141 ᠡᠷᠤᠬᠡ 325 ᠬᠥᠮᠤᠨ᠂ 2012 ᠣᠨ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 14000 ᠲᠥᠭᠦᠷᠢᠭ ᠲᠤ ᠬᠥᠷᠴᠡᠢ᠃ᠢᠩᠭᠡᠳᠣ ᠭᠠᠴᠠᠭ᠎ᠠ   ᠪᠠᠶᠠᠨᠬᠤᠳᠠ ᠪᠠᠯᠭᠠᠰᠤᠨ ᠤ ᠪᠠᠷᠠᠭᠤᠨ ᠭᠡᠰᠡᠭ ᠲᠤ ᠪᠠᠶᠢᠷᠢᠯᠠᠵᠤ᠂ ᠶᠡᠷᠥᠩᠭᠡᠢ ᠲᠠᠯᠠᠪᠠᠢ 1962.8 ᠲᠡᠭᠰᠢ ᠳᠦᠷᠪᠡᠯᠵᠢᠨ ᠺᠢᠯᠤᠮᠧᠲᠷ᠂ ᠠᠰᠢᠭᠯᠠᠵᠤ ᠪᠤᠯᠬᠤᠶᠢᠴᠠ ᠲᠠᠯᠠᠪᠠᠢ 13.5 ᠲᠥᠮᠡᠨ ᠮᠣ᠋ ᠪᠣᠢ᠃ ᠭᠠᠴᠠᠭᠠᠨ  ᠳᠤ ᠣᠳᠣ ᠪᠠᠶᠢᠭ᠎ᠠ ᠬᠥᠮᠤᠨ ᠠᠮᠠ 72 ᠡᠷᠤᠬᠡ197 ᠬᠥᠮᠤᠨv ᠪᠠᠶᠢᠵᠤ᠂ ᠮᠤᠩᠭᠤᠯ ᠥᠨᠳᠤᠰᠤᠳᠡᠨ 90 % ᠠᠴᠠ ᠳᠡᠭᠡᠭᠰᠢᠬᠢ ᠶᠢ ᠡᠵᠡᠯᠡᠵᠤ ᠪᠣᠢ᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠮᠠᠯ ᠤᠨ ᠲᠤᠭ᠎ᠠ 3530 ᠲᠤᠯᠤᠭᠠᠢ᠂ ᠡᠬᠦᠨ ᠳᠤ ᠲᠡᠮᠡᠭᠡ 509 ᠪᠥᠬᠦ ᠪᠣᠢ᠃ ᠬᠤᠷᠰᠢᠭᠰᠠᠨ ᠡᠮᠨᠡᠯᠭᠡ ᠶᠢᠨ ᠪᠥᠷᠬᠦᠴᠠ ᠶᠢᠨ ᠨᠤᠷᠮ᠎ᠠ 100 % ᠪᠠᠶᠢᠵᠤ᠂ 2013 ᠣᠨ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 9558 ᠲᠥᠭᠦᠷᠢᠭ ᠲᠤ ᠬᠥᠷᠴᠡᠢ᠃ᠢᠭᠡᠷ᠎ᠡ ᠭᠠᠴᠠᠭ᠎ᠠ     ᠪᠠᠶᠠᠨᠬᠤᠳᠠ ᠪᠠᠯᠭᠠᠰᠤᠨ ᠠᠴᠠ ᠵᠡᠬᠦᠨ ᠬᠤᠶᠢᠰᠢ 30 ᠺᠢᠯᠤᠮᠧᠲᠷ ᠵᠠᠶᠢᠲᠠᠢ ᠳᠤ ᠪᠠᠶᠢᠷᠢᠯᠠᠵᠤ᠂ ᠶᠡᠷᠤᠩᠭᠡᠢ ᠲᠠᠯᠠᠪᠠᠢ 126 ᠲᠡᠭᠰᠢ ᠳᠦᠷᠪᠡᠯᠵᠢᠨ ᠺᠢᠯᠤᠮᠧᠲᠷ᠂ ᠪᠡᠯᠴᠢᠭᠡᠷ ᠤᠨ ᠲᠠᠯᠠᠪᠠᠢ 16 ᠲᠥᠮᠡᠨ ᠮᠣ᠋᠂ ᠲᠠᠷᠢᠶᠠᠨ ᠭᠠᠵᠠᠷ ᠤᠨ ᠲᠠᠯᠠᠪᠠᠢ 360 ᠮᠣ᠋᠂ ᠮᠠᠯᠵᠢᠯ ᠢᠶᠠᠷ ᠭᠤᠤᠯᠯᠠᠨ ᠲᠠᠷᠢᠶᠠᠯᠠᠩ ᠢ ᠬᠠᠪᠰᠤᠷᠭᠠᠵᠤ᠂ ᠮᠠᠯ ᠤᠨ ᠲᠤᠭ᠎ᠠ 6229 ᠲᠤᠯᠤᠭᠠᠢ ᠪᠣᠢ᠃ ᠭᠠᠴᠠᠭᠠᠨ ᠤ ᠨᠡᠶᠢᠳᠠ ᠬᠥᠮᠤᠨ ᠠᠮᠠ 141 ᠡᠷᠤᠬᠡ 411 ᠬᠥᠮᠤᠨ ᠪᠠᠶᠢᠵᠤ᠂ ᠡᠬᠦᠨ ᠳᠤ ᠮᠤᠩᠭᠤᠯ ᠥᠨᠳᠤᠰᠤᠳᠡᠨ 147 ᠬᠥᠮᠤᠨ ᠪᠣᠢ᠃ 2013 ᠣᠨ ᠳᠤ ᠭᠠᠴᠠᠭᠠᠨ ᠤ ᠮᠠᠯᠴᠢᠨ ᠲᠠᠶᠢᠷᠶᠠᠴᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11636 ᠲᠥᠭᠦᠷᠢᠭ ᠲᠤ ᠬᠥᠷᠴᠡᠢ᠃ᠪᠤᠭᠤᠳᠤ ᠭᠠᠴᠠᠭ᠎ᠠ    ᠪᠠᠶᠠᠨᠬᠤᠳᠠ ᠪᠠᠯᠭᠠᠰᠤ ᠠᠴᠠ ᠵᠡᠬᠦᠨᠰᠢᠬᠢ ᠬᠤᠳᠠ ᠬᠥᠳᠡᠭᠡ ᠤᠶᠠᠯᠳᠤᠭᠰᠠᠨ ᠬᠡᠰᠡᠭ ᠲᠤ ᠪᠠᠶᠢᠷᠢᠯᠠᠵᠤ᠂ ᠶᠡᠷᠥᠩᠭᠡᠢ ᠲᠠᠯᠠᠪᠠᠢ 123.4 ᠲᠡᠭᠰᠢ ᠳᠦᠷᠪᠡᠯᠵᠢᠨ ᠺᠢᠯᠤᠮᠧᠲᠷ᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠭᠠᠴᠠᠭᠠᠨ ᠤ ᠮᠠᠯᠴᠢᠨ ᠨᠡᠶᠢᠳᠠ 102 ᠡᠷᠤᠬᠡ 295 ᠬᠥᠮᠤᠨ ᠪᠠᠶᠢᠵᠤ᠂ ᠡᠬᠦᠨ ᠳᠤ ᠮᠤᠩᠭᠤᠯ ᠥᠨᠳᠤᠰᠤᠳᠡᠨ 135 ᠬᠥᠮᠤᠨ᠂ 45% ᠶᠢ ᠡᠵᠡᠯᠡᠵᠤ ᠪᠣᠢ᠃ 2012 ᠣᠨ ᠳᠤ  ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 10085 ᠲᠥᠭᠦᠷᠢᠭ ᠲᠤ ᠬᠥᠷᠴᠡᠢ᠃ᠲᠤᠩᠭᠠᠯᠠᠭ ᠨᠠᠭᠤᠷ ᠭᠠᠴᠠᠭ᠎ᠠ     ᠪᠠᠶᠠᠨᠬᠤᠳᠠ ᠪᠠᠯᠭᠠᠰᠤᠨ ᠤ ᠬᠤᠲᠠ ᠶᠢᠨ ᠲᠤᠭᠤᠷᠢᠭ ᠠᠴᠠ 27 ᠺᠢᠯᠤᠮᠧᠲᠷ ᠵᠠᠶᠢᠳᠠᠢ᠂ ᠶᠡᠷᠥᠩᠭᠡᠢ ᠲᠠᠯᠠᠪᠠᠢ 754 ᠲᠡᠭᠰᠢ ᠳᠦᠷᠪᠡᠯᠵᠢᠨ ᠺᠢᠯᠤᠮᠧᠲᠷ᠂ ᠶᠡᠭᠡᠩᠬᠢ ᠬᠡᠰᠡᠭ ᠭᠠᠵᠠᠷ ᠨᠢ ᠲᠡᠭᠷᠢ ᠡᠯᠡᠰᠤᠨ ᠤ ᠲᠤᠳᠤᠷ᠎ᠠ ᠭᠡᠰᠡᠭ ᠢᠶᠠᠷ ᠪᠠᠶᠢᠷᠢᠯᠠᠵᠤ ᠪᠣᠢ᠃ ᠭᠠᠴᠠᠭᠠᠨ ᠳᠤ 57 ᠡᠷᠤᠬᠡ 152 ᠬᠥᠮᠤᠨ ᠲᠠᠢ᠂ ᠬᠢᠯᠢ ᠶᠢᠨ ᠲᠤᠳᠤᠷ᠎ᠠ ᠶᠡᠭᠡ ᠪᠠᠭ᠎ᠠ 26 ᠨᠠᠭᠤᠷ ᠲᠠᠢ᠂ ᠴᠤᠯ ᠮᠠᠯᠵᠢᠯ ᠤᠨ ᠭᠠᠴᠠᠭ᠎ᠠ ᠪᠠᠶᠢᠵᠤ᠂ ᠮᠠᠯ ᠤᠨ ᠲᠤᠭ᠎ᠠ 3653 ᠲᠤᠯᠤᠭᠠᠢ᠂ ᠡᠬᠦᠨ ᠳᠤ ᠲᠡᠮᠡᠭᠡ 100 ᠪᠥᠬᠦ ᠪᠣᠢ᠃ 2012 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 9000 ᠲᠥᠭᠦᠷᠢᠭ ᠲᠤ ᠬᠥᠷᠴᠡᠢ᠃ᠯᠢᠣ ᠱᠣ᠋ ᠭᠸᠣ ᠭᠠᠴᠠᠭ᠎ᠠ     ᠪᠠᠶᠠᠨᠬᠤᠳᠠ ᠪᠠᠯᠭᠠᠰᠤᠨ ᠤ ᠬᠤᠶᠢᠳᠤ ᠭᠡᠰᠡᠭ᠂ ᠬᠤᠶᠢᠳᠤ ᠲᠤᠭᠤᠶᠢᠯᠲᠠ ᠶᠢᠨ ᠵᠠᠮ ᠤᠨ ᠬᠤᠶᠠᠷ ᠲᠠᠯ᠎ᠠ ᠳᠤ ᠪᠠᠶᠢᠷᠢᠯᠠᠵᠤ᠂ ᠲᠠᠷᠢᠶᠠᠯᠠᠩ ᠢᠶᠠᠷ ᠭᠤᠤᠯᠯᠠᠵᠤ᠂ ᠲᠠᠷᠢᠶᠠᠯᠠᠩ ᠮᠠᠯᠵᠢᠯ ᠢ ᠤᠶᠠᠯᠳᠤᠭᠤᠯᠤᠭᠰᠠᠨ ᠬᠤᠳᠠ ᠶᠢᠨ ᠵᠠᠬ᠎ᠠ ᠳᠠᠬᠢ ᠲᠤᠰᠬᠤᠨ ᠪᠤᠯᠤᠨ᠎ᠠ᠂ ᠨᠡᠶᠢᠳᠠ ᠬᠥᠮᠤᠨ ᠠᠮᠠ 109 ᠡᠷᠤᠬᠡ 257 ᠬᠥᠮᠤᠨ ᠪᠠᠶᠢᠵᠤ᠂ ᠲᠠᠷᠢᠶᠠᠨ ᠭᠠᠵᠠᠷ 300 ᠮᠣ᠋᠂ ᠮᠠᠯ ᠤᠨ ᠲᠤᠭ᠎ᠠ 604 ᠲᠤᠯᠤᠭᠠᠢ ᠪᠣᠢ᠃ 2012 ᠣᠨ ᠳᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 7983 ᠲᠥᠭᠦᠷᠢᠭ ᠲᠤ ᠬᠥᠷᠴᠡᠢ᠃ᠰᠢᠨ᠎ᠠ ᠲᠤᠬᠤᠢ ᠭᠠᠴᠠᠭ᠎ᠠ     ᠪᠠᠶᠠᠨᠬᠤᠳᠠ ᠪᠠᠯᠭᠠᠰᠤ ᠠᠴᠠ ᠪᠠᠷᠠᠭᠤᠨᠰᠢ 30 ᠺᠢᠯᠤᠮᠧᠲᠷ ᠵᠠᠶᠢᠲᠠᠢ᠂ ᠶᠡᠷᠥᠩᠭᠡᠢ ᠲᠠᠯᠠᠪᠠᠢ 10.8 ᠲᠡᠭᠰᠢ ᠳᠦᠷᠪᠡᠯᠵᠢᠨ ᠺᠢᠯᠤᠮᠧᠲᠷ᠂ ᠲᠠᠷᠢᠶᠠᠨ ᠭᠠᠵᠠᠷ 2300 ᠭᠠᠷᠤᠢ ᠮᠣ᠋᠂ ᠭᠠᠴᠠᠭᠠᠨ ᠳᠤ ᠣᠳᠣ ᠪᠠᠶᠢᠭ᠎ᠠ ᠮᠠᠯᠴᠢᠨ 71 ᠡᠷᠤᠬᠡ177 ᠬᠥᠮᠤᠨ ᠪᠤᠢ᠂ ᠬᠥᠯᠡᠮᠵᠢ ᠶᠢᠨ ᠲᠠᠷᠢᠮᠠᠯ ᠢᠶᠠᠷ ᠭᠤᠤᠯ ᠠᠵᠤ ᠥᠢᠯᠡᠰ ᠪᠤᠯᠭᠠᠵᠤ᠂ ᠲᠠᠷᠢᠶᠠᠯᠠᠬᠤ ᠤᠷᠤᠨ ᠳᠤ ᠬᠠᠰᠢᠶᠠᠯᠠᠨ ᠲᠡᠵᠢᠬᠡᠵᠤ ᠥᠷᠡᠵᠢᠬᠦᠯᠬᠦ ᠥᠢᠯᠡᠰ ᠢ ᠬᠠᠪᠰᠤᠷᠭᠠᠭᠰᠠᠨ ᠲᠠᠷᠢᠶᠠᠯᠠᠩ ᠤᠨ ᠭᠠᠴᠠᠭ᠎ᠠ ᠪᠤᠯᠤᠨ᠎ᠠ᠃ 2012 ᠣᠨ ᠳᠤ ᠭᠠᠴᠠᠭᠠᠨ ᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10050 ᠲᠥᠭᠦᠷᠢᠭ ᠲᠤ ᠬᠥᠷᠴᠡᠢ᠃ ᠪᠠᠶᠠᠨᠳᠠᠯ᠎ᠠ ᠭᠠᠴᠠᠭ᠎ᠠ     ᠶᠡᠭᠡ ᠬᠤᠳᠳᠤᠭ ᠭᠠᠴᠠᠭ᠎ᠠ ᠠᠴᠠ ᠬᠤᠶᠢᠰᠢ᠂ ᠢᠭᠡᠷ᠎ᠡ ᠭᠠᠴᠠᠭ᠎ᠠ ᠠᠴᠠ ᠡᠮᠤᠨᠡᠰᠢ᠂ ᠪᠠᠶᠠᠨᠬᠤᠳᠠ ᠪᠠᠯᠭᠠᠰᠤ ᠠᠴᠠ ᠪᠠᠷᠤᠭ 32 ᠺᠢᠯᠤᠮᠧᠲᠷ ᠵᠠᠶᠢᠲᠠᠢ ᠳᠤ ᠪᠠᠶᠢᠷᠢᠯᠠᠵᠤ᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠭᠠᠴᠠᠭᠠᠨ ᠤ ᠶᠡᠷᠥᠩᠭᠡᠢ ᠲᠠᠯᠠᠪᠠᠢ 198 ᠲᠡᠭᠰᠢ ᠳᠦᠷᠪᠡᠯᠵᠢᠨ ᠺᠢᠯᠤᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 165 ᠲᠡᠭᠰᠢ ᠳᠦᠷᠪᠡᠯᠵᠢᠨ ᠺᠢᠯᠤᠮᠧᠲᠷ᠂ ᠡᠪᠡᠰᠤᠨ ᠬᠥᠷᠢᠶ᠎ᠡ 1875 ᠮᠣ᠋᠂ ᠲᠡᠵᠢᠭᠡᠯ ᠡᠪᠡᠰᠤᠨ ᠤ ᠭᠠᠵᠠᠷ 200 ᠮᠣ᠋ ᠪᠠᠶᠢᠵᠤ᠂ ᠭᠠᠵᠠᠷ ᠵᠥᠢ ᠶᠢᠨ ᠪᠠᠶᠢᠷᠢᠰᠢᠯ ᠳᠠᠪᠠᠭᠤᠯᠢᠭ᠂ ᠤᠰᠤ᠂ ᠴᠠᠬᠢᠯᠭᠠᠨ᠂ ᠵᠠᠮ᠂ ᠴᠢᠮᠡᠭᠡ ᠨᠡᠪᠲᠡᠷᠡᠯᠭᠡ ᠵᠡᠷᠭᠡ ᠰᠠᠭᠤᠷᠢ ᠲᠥᠬᠦᠭᠡᠷᠤᠮᠵᠢ ᠪᠥᠷᠢᠨ ᠳᠡᠬᠦᠯᠳᠡᠷ ᠶᠤᠮ᠃ ᠭᠠᠴᠠᠭᠠᠨ  ᠳᠤ ᠨᠡᠶᠢᠳᠠ 81 ᠡᠷᠤᠬᠡ 216 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 67 ᠡᠷᠤᠭᠡ 180 ᠬᠥᠮᠤᠨ ᠪᠤᠢ᠃ 2013ᠣᠨ ᠳᠤ ᠭᠠᠴᠠᠭᠠᠨ ᠤ  ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 9378 ᠲᠥᠭᠦᠷᠢᠭ ᠲᠤ ᠬᠥᠷᠴᠡᠢ᠃ ᠬᠤᠩ ᠱᠢ ᠲᠸᠤ ᠭᠠᠴᠠᠭ᠎ᠠ    ᠪᠠᠶᠠᠨᠬᠤᠳᠠ ᠪᠠᠯᠭᠠᠰᠤᠨ ᠤ ᠪᠠᠷᠠᠭᠤᠨ ᠡᠮᠤᠨ᠎ᠠ ᠬᠡᠰᠡᠭ ᠲᠤ ᠪᠠᠶᠢᠷᠢᠯᠠᠵᠤ᠂ ᠪᠠᠯᠭᠠᠰᠣ ᠠᠴᠠ 20 ᠺᠢᠯᠤᠮᠧᠲᠷ ᠵᠠᠶᠢᠲᠠᠢ᠂ ᠡᠵᠡᠯᠡᠬᠦ ᠲᠠᠯᠠᠪᠠᠢ 4.25 ᠲᠡᠭᠰᠢ ᠳᠦᠷᠪᠡᠯᠵᠢᠨ ᠺᠢᠯᠤᠮᠧᠲᠷ᠂ ᠲᠠᠷᠢᠶᠠᠯᠠᠩ ᠢᠶᠠᠷ ᠭᠤᠤᠯᠯᠠᠵᠤ᠂ ᠲᠠᠷᠢᠵᠤ ᠳᠡᠵᠢᠬᠡᠬᠦ ᠶᠢ ᠤᠶᠠᠯᠳᠤᠭᠤᠯᠤᠭᠰᠠᠨ ᠭᠠᠴᠠᠭ᠎ᠠ ᠪᠤᠯᠤᠨ᠎ᠠ᠃ ᠭᠠᠴᠠᠭᠠᠨ ᠳᠤ ᠨᠡᠶᠢᠳᠠ ᠬᠥᠮᠤᠨ ᠠᠮᠠ  89 ᠡᠷᠤᠬᠡ 258 ᠬᠥᠮᠤᠨ ᠪᠠᠶᠢᠵᠤ᠂ ᠲᠠᠷᠢᠶᠠᠨ ᠭᠠᠵᠠᠷ ᠤᠨ ᠲᠠᠯᠠᠪᠠᠢ 1460 ᠮᠣ᠋᠂ ᠬᠥᠯᠡᠮᠵᠢ 500 ᠰᠠᠭᠤᠷᠢ ᠪᠤᠢ᠃ 2012 ᠣᠨ ᠳᠤ ᠭᠠᠴᠠᠭᠠᠨ ᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 9323 ᠲᠥᠭᠦᠷᠢᠭ ᠲᠤ ᠬᠥᠷᠴᠡᠢ᠃ ᠰᠥᠮᠡᠳᠤ ᠭᠠᠴᠠᠭ᠎ᠠ     ᠪᠠᠶᠠᠨᠬᠤᠳᠠ ᠪᠠᠯᠭᠠᠰᠤ ᠠᠴᠠ ᠵᠡᠬᠦᠨᠰᠢ 36 ᠺᠢᠯᠤᠮᠧᠲᠷ ᠵᠠᠶᠢᠳᠠᠢ ᠳᠤ ᠪᠠᠶᠢᠷᠢᠯᠠᠵᠤ᠂ ᠶᠡᠷᠥᠩᠭᠡᠢ ᠲᠠᠯᠠᠪᠠᠢ 678.12 ᠲᠡᠭᠰᠢ ᠳᠦᠷᠪᠡᠯᠵᠢᠨ ᠺᠢᠯᠤᠮᠧᠲᠷ᠂ ᠲᠠᠷᠢᠶᠠᠨ ᠭᠠᠵᠠᠷ ᠤᠨ ᠲᠠᠯᠠᠪᠠᠢ 1200 ᠮᠣ᠋᠂ ᠭᠠᠴᠠᠭᠠᠨ ᠣᠳᠣ ᠪᠠᠶᠢᠭ᠎ᠠ ᠬᠥᠮᠤᠨ ᠠᠮᠠ 157 ᠡᠷᠤᠬᠡ 430 ᠬᠥᠮᠤᠨ ᠪᠠᠶᠢᠵᠤ᠂ ᠮᠠᠯ ᠤᠨ ᠪᠥᠬᠦ ᠲᠤᠭ᠎ᠠ 4000 ᠭᠠᠷᠤᠢ ᠲᠤᠯᠤᠭᠠᠢ᠂ 2013ᠣᠨ ᠳᠤ ᠳᠤᠮᠳᠠᠴᠢ ᠪᠠᠷ ᠬᠥᠮᠤᠨ ᠪᠥᠷᠢ ᠶᠢᠨ  ᠤᠷᠤᠯᠭ᠎ᠠ ᠨᠢ 13315 ᠲᠥᠭᠦᠷᠢᠭ ᠲᠤ ᠬᠥᠷᠴᠡᠢ᠃ ᠶᠡᠭᠡ ᠬᠤᠳᠳᠤᠭ ᠭᠠᠴᠠᠭ᠎ᠠ     ᠪᠠᠶᠠᠨᠬᠤᠳᠠ ᠪᠠᠯᠭᠠᠰᠤᠨ ᠤ ᠵᠡᠬᠦᠨ ᠬᠤᠶᠢᠳᠤ ᠭᠡᠰᠡᠭ᠂ ᠬᠤᠳᠠ ᠶᠢᠨ ᠲᠤᠭᠤᠷᠢᠭ ᠠᠴᠠ 18 ᠺᠢᠯᠤᠮᠧᠲᠷ ᠵᠠᠶᠢᠳᠠᠢ ᠳᠤ ᠪᠠᠶᠢᠷᠢᠯᠠᠵᠤ ᠪᠣᠢ᠃ ᠭᠠᠴᠠᠭᠠᠨ ᠤ ᠶᠡᠷᠥᠩᠬᠡᠢ ᠲᠠᠯᠠᠠᠪᠠᠢ 16 ᠲᠥᠮᠡᠨ ᠮᠣ᠋᠂ ᠬᠠᠮᠳᠤ ᠶᠢᠨ ᠪᠡᠯᠴᠢᠭᠡᠷ 11 ᠮᠣ᠋᠂ 5 ᠲᠥᠮᠡᠨ ᠮᠣ᠋ ᠭᠠᠵᠠᠷ ᠰᠢᠷᠤᠢ ᠶᠢ ᠤᠯᠤᠰ ᠤᠨ ᠳᠡᠰ ᠤᠨ ᠠᠯᠠᠱᠠ ᠠᠭᠤᠯᠠ ᠶᠢᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠢ ᠬᠠᠮᠢᠶᠠᠷᠴᠤ ᠬᠠᠮᠠᠭᠠᠯᠠᠬᠤ ᠤᠷᠤᠨ ᠳᠤ ᠤᠷᠤᠭᠤᠯᠵᠤ᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠭᠠᠴᠠᠭᠠᠨ ᠳᠤ ᠣᠳᠣ ᠪᠠᠶᠢᠭ᠎ᠠ ᠬᠥᠮᠤᠨ ᠠᠮᠠ 155 ᠡᠷᠤᠬᠡ 334 ᠬᠥᠮᠤᠨ ᠪᠠᠶᠢᠵᠤ᠂ 2013ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10707 ᠲᠥᠭᠦᠷᠢᠭ ᠲᠤ ᠬᠥᠷᠴᠡᠢ᠃ ᠲᠠ ᠡᠯ ᠯᠢᠩ ᠭᠠᠴᠠᠭ᠎ᠠ     ᠪᠠᠶᠠᠨᠬᠤᠳᠠ ᠪᠠᠯᠭᠠᠰᠤ ᠠᠴᠠ ᠵᠡᠬᠦᠨᠰᠢ 33 ᠺᠢᠯᠤᠮᠧᠲᠷ ᠵᠠᠶᠢᠲᠠᠢ ᠳᠤ ᠪᠠᠶᠢᠷᠢᠯᠠᠵᠤ᠂ ᠭᠠᠴᠠᠭᠠᠨ ᠤ ᠨᠡᠶᠢᠳᠠ ᠬᠥᠮᠤᠨ ᠠᠮᠠ 232 ᠡᠷᠤᠬᠡ 656 ᠬᠥᠮᠤᠨ ᠪᠣᠢ᠃ ᠭᠠᠴᠠᠭᠠᠨ ᠤ ᠶᠡᠷᠥᠩᠭᠡᠢ ᠲᠠᠯᠠᠪᠠᠢ 6.67 ᠲᠥᠮᠡᠨ ᠮᠣ᠋᠂ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 5.77 ᠲᠥᠮᠡᠨ ᠮᠣ᠋᠂ ᠲᠠᠷᠢᠶᠠᠨ ᠭᠠᠵᠠᠷ 0.17 ᠲᠥᠮᠡᠨ ᠮᠣ᠋ ᠪᠣᠢ᠃ 2013ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 7900 ᠲᠥᠭᠦᠷᠢᠭ ᠲᠤ ᠬᠥᠷᠴᠡᠢ᠃ ᠵᠠᠬ᠎ᠠ ᠤᠰᠤ ᠭᠠᠴᠠᠭ᠎ᠠ     ᠪᠠᠶᠠᠨᠬᠤᠳᠠ ᠪᠠᠯᠭᠠᠰᠣ ᠶᠢᠨ ᠬᠤᠳᠠ ᠶᠢᠨ ᠲᠤᠭᠤᠷᠢᠭ ᠤᠨ ᠬᠤᠶᠢᠳᠤ ᠲᠤᠭᠤᠷᠢᠯᠳᠠ ᠵᠠᠮ ᠠᠴᠠ ᠬᠤᠶᠢᠰᠢ 2 ᠺᠢᠯᠤᠮᠧᠲᠷ ᠵᠠᠶᠢᠲᠠᠢ ᠳᠤ ᠪᠠᠶᠢᠷᠢᠯᠠᠵᠤ᠂ ᠶᠡᠷᠥᠩᠭᠡᠢ ᠲᠠᠯᠠᠪᠠᠢ 160 ᠲᠡᠭᠰᠢ ᠳᠥᠷᠪᠡᠯᠵᠢᠨ ᠺᠢᠯᠤᠮᠧᠲᠷ᠂ ᠠᠰᠢᠭᠯᠠᠵᠤ ᠪᠤᠯᠬᠤᠶᠢᠴᠠ ᠪᠡᠯᠴᠢᠭᠡᠷ 19.8 ᠲᠥᠮᠡᠨ ᠮᠣ᠋᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠨᠡᠶᠢᠳᠠ 119 ᠡᠷᠤᠬᠡ 364 ᠬᠥᠮᠤᠨ ᠲᠠᠢ᠂ 2012 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 8899 ᠲᠥᠭᠦᠷᠢᠭ ᠲᠤ ᠬᠥᠷᠴᠡᠢ᠃ ᠪᠠᠶᠠᠨ ᠰᠥᠮᠪᠤᠷ ᠭᠠᠴᠠᠭ᠎ᠠ    ᠪᠠᠶᠠᠨᠬᠤᠳᠠ ᠪᠠᠯᠭᠠᠰᠤ ᠠᠴᠠ ᠵᠡᠬᠦᠨ ᠡᠮᠤᠨᠡᠰᠢ 18 ᠺᠢᠯᠤᠮᠧᠲᠷ ᠵᠠᠶᠢᠲᠠᠢ ᠳᠤ ᠪᠠᠶᠢᠷᠢᠯᠠᠵᠤ ᠪᠣᠢ᠂ ᠶᠡᠷᠥᠩᠭᠡᠢ ᠲᠠᠯᠠᠪᠠᠢ 79.1 ᠲᠡᠭᠰᠢ ᠳᠥᠷᠪᠡᠯᠵᠢᠨ ᠺᠢᠯᠤᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ 116323 ᠮᠣ᠋᠂ ᠲᠠᠷᠢᠶᠠᠨ ᠭᠠᠵᠠᠷ 500 ᠮᠣ᠋᠂ ᠭᠠᠴᠠᠭᠠᠨ ᠳᠤ ᠣᠳᠣ ᠪᠠᠶᠢᠭ᠎ᠠ ᠬᠥᠮᠤᠨ ᠠᠮᠠ123 ᠡᠷᠤᠬᠡ 306 ᠬᠥᠮᠥᠨ ᠪᠠᠶᠢᠵᠤ᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ 2012 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 9816 ᠲᠥᠭᠦᠷᠢᠭ ᠲᠤ ᠬᠥᠷᠴᠡᠢ᠃ ᠬᠦᠨ ᠬᠤᠳᠳᠤᠭ ᠭᠠᠴᠠᠭ᠎ᠠ     ᠪᠠᠶᠠᠨᠬᠤᠳᠠ ᠪᠠᠯᠭᠠᠰᠣ ᠠᠴᠠ ᠪᠠᠷᠠᠭᠤᠨᠰᠢ 27 ᠺᠢᠯᠤᠮᠧᠲᠷ ᠵᠠᠶᠢᠲᠠᠢ ᠳᠤ ᠪᠠᠶᠢᠷᠢᠯᠠᠵᠤ᠂ ᠡᠵᠡᠯᠡᠵᠬᠦ ᠲᠠᠯᠠᠪᠠᠢ 8 ᠲᠡᠭᠰᠢ ᠲᠥᠷᠪᠡᠯᠵᠢᠨ ᠺᠢᠯᠤᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠲᠠᠷᠢᠶᠠᠨ ᠭᠠᠵᠠᠷ ᠤᠨ ᠲᠠᠯᠠᠪᠠᠢ 1660 ᠮᠣ᠋᠂ ᠪᠡᠯᠴᠢᠭᠡᠷ ᠤᠨ ᠲᠠᠯᠠᠪᠠᠢ 11 ᠲᠥᠮᠡᠨ ᠮᠣ᠋ ᠪᠣᠢ᠃ ᠭᠠᠴᠠᠭᠠᠨ ᠳᠤ ᠨᠡᠶᠢᠳᠠ 96 ᠡᠷᠤᠬᠡ 240 ᠬᠥᠮᠤᠨ ᠲᠠᠢ᠂ ᠡᠬᠦᠨ ᠳᠤ ᠪᠠᠶᠢᠩᠭᠤ ᠰᠠᠭᠤᠭ᠎ᠠ 60 ᠡᠷᠤᠬᠡ 187 ᠬᠥᠮᠤᠨ ᠪᠣᠢ᠃ 2012 ᠣᠨ ᠳᠤ ᠭᠠᠴᠠᠭᠠᠨ ᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 9050 ᠲᠥᠭᠦᠷᠢᠭ ᠲᠤ ᠬᠥᠷᠴᠡᠢ᠃ ᠶᠥᠸᠡᠢ ᠶᠢᠨ ᠭᠠᠴᠠᠭ᠎ᠠ    ᠪᠠᠯᠭᠠᠰᠤᠨ ᠤ ᠵᠠᠰᠠᠭ ᠤᠨ ᠤᠷᠳᠤᠨ ᠠᠴᠠ 10 ᠺᠢᠯᠤᠮᠧᠲᠷ ᠵᠠᠶᠢᠲᠠᠢ᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠭᠠᠴᠠᠭᠠᠨ ᠤ ᠶᠡᠷᠥᠩᠭᠡᠢ ᠲᠠᠯᠠᠪᠠᠢ 91045 ᠮᠣ᠋᠂ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 81645 ᠮᠣ᠋᠂ ᠭᠠᠵᠠᠷ ᠵᠥᠢ ᠶᠢᠨ ᠪᠠᠶᠢᠷᠢᠰᠢᠯ ᠳᠠᠪᠠᠭᠤᠯᠢᠭ᠂ ᠤᠰᠤ᠂ ᠴᠠᠬᠢᠯᠭᠠᠨ᠂ ᠵᠠᠮ᠂ ᠴᠢᠮᠡᠭᠡ ᠨᠡᠪᠲᠡᠷᠡᠯᠭᠡ ᠵᠡᠷᠭᠡ ᠰᠠᠭᠤᠷᠢ ᠲᠥᠬᠦᠭᠡᠷᠤᠮᠵᠢ ᠨᠡᠯᠢᠶᠡᠳ ᠳᠡᠬᠦᠯᠳᠡᠷ ᠶᠤᠮ᠃ ᠭᠠᠴᠠᠭᠠᠨ ᠳᠤ ᠨᠡᠶᠢᠳᠠ 104 ᠡᠷᠤᠬᠡ 240 ᠬᠥᠮᠤᠨ ᠲᠠᠢ᠂ ᠡᠬᠦᠨ ᠳᠤ ᠪᠠᠶᠢᠩᠭᠤ ᠰᠠᠭᠤᠭ᠎ᠠ 60 ᠡᠷᠤᠬᠡ 187 ᠬᠥᠮᠤᠨ ᠪᠣᠢ᠃ 2013ᠣᠨ  ᠳᠤ ᠭᠠᠴᠠᠭᠠᠨ ᠤ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 12925 ᠲᠥᠭᠦᠷᠢᠭ ᠲᠤ ᠬᠥᠷᠴᠡᠢ᠃    ᠴᠢᠶᠠᠨ ᠶᠢᠨ ᠭᠠᠴᠠᠭ᠎ᠠ     ᠠᠯᠠᠱᠠ ᠠᠭᠤᠯᠠ ᠶᠢᠨ ᠬᠤᠷᠮᠤᠢ ᠳᠤ ᠪᠠᠶᠢᠷᠢᠯᠠᠵᠤ᠂ ᠪᠠᠯᠭᠠᠰᠣᠨ ᠤ ᠵᠠᠰᠠᠭ ᠤᠨ ᠤᠷᠳᠤᠨ  ᠤ ᠰᠠᠭᠤᠭ᠎ᠠ  ᠭᠠᠵᠠᠷ ᠠᠴᠠ15 ᠺᠢᠯᠤᠮᠧᠲᠷ ᠵᠠᠶᠢᠲᠠᠢ ᠪᠣᠢ᠂ ᠶᠡᠷᠥᠩᠭᠡᠢ ᠲᠠᠯᠠᠪᠠᠢ 14.44 ᠲᠡᠭᠰᠢ ᠲᠥᠷᠪᠡᠯᠵᠢᠨ ᠺᠢᠯᠤᠮᠧᠲᠷ᠂ ᠠᠰᠢᠭᠯᠠᠵᠤ ᠪᠤᠯᠬᠤᠶᠢᠴᠠ ᠪᠡᠯᠴᠢᠭᠡᠷ 1.88 ᠲᠥᠮᠡᠨ ᠮᠣ᠋᠂ ᠣᠳᠣ ᠪᠠᠶᠢᠭ᠎ᠠ ᠬᠥᠮᠤᠨ ᠠᠮᠠ 102 ᠡᠷᠤᠬᠡ 238 ᠬᠥᠮᠤᠨ ᠪᠠᠶᠢᠵᠤ᠂ ᠮᠠᠯ ᠤᠨ ᠲᠤᠭ᠎ᠠ 760 ᠲᠤᠯᠤᠭᠠᠢ᠂ ᠴᠣᠯ ᠮᠠᠯᠵᠢᠯ ᠤᠨ ᠭᠠᠴᠠᠭ᠎ᠠ ᠪᠤᠯᠤᠨ᠎ᠠ᠃ 2013 ᠣᠨ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 7966 ᠲᠥᠭᠦᠷᠢᠭ ᠲᠤ ᠬᠥᠷᠴᠡᠢ᠃ ᠤᠪᠤᠭᠠᠳᠤ ᠭᠠᠴᠠᠭ᠎ᠠ    ᠠᠯᠠᠱᠠ ᠠᠭᠤᠯᠠ ᠶᠢᠨ ᠬᠤᠷᠮᠤᠢ ᠳᠤ ᠪᠠᠶᠢᠷᠢᠯᠠᠵᠤ᠂ ᠪᠠᠯᠭᠠᠰᠤᠨ ᠤ ᠰᠠᠭᠤᠭ᠎ᠠ ᠭᠠᠵᠠᠷ ᠠᠴᠠ 18 ᠺᠢᠯᠤᠮᠧᠲᠷ ᠵᠠᠶᠢᠲᠠᠢ ᠪᠣᠢ᠂ ᠭᠠᠴᠠᠭᠠᠨ ᠤ ᠶᠡᠷᠥᠩᠭᠡᠢ ᠲᠠᠯᠠᠪᠠᠢ 130.67 ᠲᠡᠭᠰᠢ ᠳᠥᠷᠪᠡᠯᠵᠢᠨ ᠺᠢᠯᠤᠮᠧᠲᠷ᠂ ᠪᠡᠯᠴᠢᠭᠡᠷ ᠤᠨ ᠲᠠᠯᠠᠪᠠᠢ 19.6 ᠲᠥᠮᠡᠨ ᠮᠣ᠋᠂ ᠲᠠᠷᠢᠶᠠᠨ ᠭᠠᠵᠠᠷ 3500 ᠮᠣ᠋ ᠪᠣᠢ᠃ ᠭᠠᠴᠠᠭᠠᠨ ᠳᠤ ᠣᠳᠣ ᠪᠠᠶᠢᠭ᠎ᠠ ᠬᠥᠮᠤᠨ ᠠᠮᠠ 192 ᠡᠷᠤᠬᠡ 576 ᠬᠥᠮᠤᠨ  ᠪᠠᠶᠢᠵᠤ᠂ ᠪᠥᠬᠦᠳᠡᠭᠡᠷ ᠢᠶᠠᠨ ᠣᠯᠣᠰ ᠤᠨ ᠨᠣᠳᠤᠭ ᠪᠡᠯᠴᠢᠭᠡᠷ ᠤᠨ ᠨᠥᠬᠦᠪᠤᠷᠢ ᠱᠠᠩᠨᠠᠯ ᠤᠨ ᠲᠥᠷᠤ ᠶᠢᠨ ᠪᠣᠳᠣᠯᠭ᠎ᠠ ᠶᠢ ᠬᠥᠷᠳᠡᠵᠤ ᠪᠣᠢ᠂ 2013 ᠣᠨ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 10060 ᠲᠥᠭᠦᠷᠢᠭ ᠲᠤ ᠬᠥᠷᠴᠡᠢ᠃  ᠲᠡᠮᠡᠭᠡᠳᠤ ᠭᠠᠴᠠᠭ᠎ᠠ     ᠪᠠᠶᠠᠨᠬᠤᠳᠠ ᠪᠠᠯᠭᠠᠰᠤ ᠠᠴᠠ ᠪᠠᠷᠠᠭᠤᠨᠰᠢ 30 ᠺᠢᠯᠣᠮᠧᠲᠷ ᠵᠠᠶᠢᠲᠠᠢ ᠳᠤ ᠪᠠᠶᠢᠷᠢᠯᠠᠵᠤ ᠪᠣᠢ᠂ ᠶᠡᠷᠥᠩᠭᠡᠢ ᠲᠠᠯᠠᠪᠠᠢ 680 ᠲᠡᠭᠰᠢ ᠳᠥᠷᠪᠡᠯᠵᠢᠨ ᠺᠢᠯᠤᠮᠧᠲᠷ᠂ ᠨᠣᠳᠤᠭ ᠪᠡᠯᠴᠢᠭᠡᠷ ᠤᠨ ᠳᠠᠭᠠᠭᠠᠴᠢᠯᠠᠭᠰᠠᠨ ᠲᠠᠯᠠᠪᠠᠢ 20.3 ᠲᠥᠮᠡᠨ ᠮᠣ᠋᠂ ᠲᠠᠷᠢᠶᠠᠨ ᠭᠠᠵᠠᠷ 596 ᠮᠣ᠋᠂ ᠬᠠᠭᠠᠰ ᠲᠠᠷᠢᠶᠠᠯᠠᠩ ᠬᠠᠭᠠᠰ ᠮᠠᠯᠵᠢᠯ ᠤᠨ ᠭᠠᠴᠠᠭ᠎ᠠ ᠪᠤᠯᠤᠨ᠎ᠠ᠂ ᠣᠳᠣ ᠪᠠᠶᠢᠭ᠎ᠠ ᠬᠥᠮᠤᠨ ᠠᠮᠠ 82 ᠡᠷᠤᠬᠡ 203 ᠬᠥᠮᠤᠨ ᠪᠠᠶᠢᠵᠤ᠂ 2013 ᠣᠨ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 10768 ᠲᠥᠭᠦᠷᠢᠭ ᠲᠤ ᠬᠥᠷᠴᠡᠢ᠃ ᠨᠠᠨ ᠲᠢᠶᠠᠨ ᠲᠤᠰᠬᠤᠨ    ᠪᠠᠶᠠᠨᠬᠤᠳᠠ ᠪᠠᠯᠭᠠᠰᠣᠨ ᠤ ᠬᠤᠳᠠ ᠶᠢᠨ ᠲᠤᠭᠤᠷᠢᠭ ᠲᠤ ᠪᠠᠶᠢᠷᠢᠯᠠᠵᠤ᠂ ᠡᠮᠤᠨ᠎ᠠ ᠲᠤᠭᠤᠷᠢᠯᠳᠠ ᠶᠢᠨ ᠵᠠᠮ ᠠᠴᠠ ᠡᠮᠤᠨᠡᠰᠢ᠂ ᠵᠡᠬᠦᠨᠰᠢ ᠪᠤᠭᠤᠳᠤ ᠭᠠᠴᠠᠭ᠎ᠠ ᠲᠠᠢ ᠵᠡᠷᠭᠡᠯᠳᠡᠵᠤ᠂ ᠪᠠᠷᠠᠭᠤᠨᠰᠢ ᠪᠠᠨ ᠡᠯ ᠱᠦᠢ ᠶᠤᠸᠠᠨ ᠣᠰᠣᠨ ᠬᠥᠭᠡᠷᠭᠡ ᠬᠥᠷᠤᠨ᠎ᠠ᠂ ᠶᠡᠷᠥᠩᠭᠡᠢ ᠲᠠᠯᠠᠪᠠᠢ 38 ᠲᠡᠭᠰᠢ ᠳᠥᠷᠪᠡᠯᠵᠢᠨ ᠺᠢᠯᠤᠮᠧᠲᠷ᠂ ᠤᠳᠣ ᠪᠠᠶᠢᠭ᠎ᠠ ᠮᠠᠯᠴᠢᠨ ᠲᠠᠷᠢᠶᠠᠴᠢᠨ 153 ᠡᠷᠤᠬᠡ 387 ᠬᠥᠮᠤᠨ᠂ 2012 ᠣᠨ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 9697 ᠲᠥᠭᠦᠷᠢᠭ ᠲᠤ ᠬᠥᠷᠴᠡᠢ᠃ ᠡᠮᠤᠨ᠎ᠠ ᠰᠢ ᠬᠤᠸᠠ ᠶᠤᠸᠠᠨ ᠲᠤᠰᠬᠤᠨ     ᠪᠠᠶᠠᠨᠬᠤᠳᠠ ᠪᠠᠯᠭᠠᠰᠤ ᠠᠴᠠ ᠪᠠᠷᠠᠭᠤᠨᠰᠢ᠂ ᠮᠤᠩᠭᠤᠯ᠂ ᠬᠢᠲᠠᠳ᠂ ᠬᠤᠳᠤᠩ ᠥᠨᠳᠤᠰᠤᠳᠡᠨ ᠰᠠᠭᠤᠷᠢᠰᠢᠭᠰᠠᠨ ᠬᠤᠳᠠ ᠶᠢᠨ ᠵᠠᠬ᠎ᠠ ᠲᠠᠬᠢ ᠲᠤᠰᠬᠤᠨ ᠪᠣᠯᠣᠨ᠎ᠠ᠃ ᠨᠡᠶᠢᠳᠠ ᠬᠥᠮᠤᠨ ᠠᠮᠠ 145 ᠡᠷᠤᠬᠡ 565 ᠬᠥᠮᠤᠨ ᠪᠠᠶᠢᠵᠤ᠂ 2013 ᠣᠨ ᠳᠤ  ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 11073 ᠲᠥᠭᠦᠷᠢᠭ ᠲᠤ ᠬᠥᠷᠴᠡᠢ᠃ ᠰᠢ ᠭᠤᠸᠠᠨ ᠲᠣᠰᠬᠤᠨ     ᠪᠠᠶᠠᠨᠬᠤᠳᠠ ᠪᠠᠯᠭᠠᠰᠤᠨ ᠤ ᠪᠠᠷᠠᠭᠤᠨ ᠬᠤᠶᠢᠳᠦ ᠥᠨᠴᠤᠭ᠌ ᠲᠤ ᠪᠠᠶᠢᠷᠢᠯᠠᠵᠤ᠂ ᠲᠤᠰᠬᠤᠨ ᠤ ᠶᠡᠷᠥᠩᠭᠡᠢ ᠲᠠᠯᠠᠪᠠᠢ 2 ᠳᠡᠭᠡᠭᠰᠢ ᠳᠥᠷᠪᠡᠯᠵᠢᠨ ᠺᠢᠯᠤᠮᠧᠲᠷ ᠪᠣᠢ᠃ ᠬᠤᠲᠠ ᠲᠠᠬᠢ ᠲᠤᠰᠬᠤᠨ ᠢ ᠥᠭᠡᠷᠡᠴᠢᠯᠡᠭᠰᠡᠨ ᠠᠴᠠ ᠨᠠᠭᠠᠰᠢ᠂ ᠲᠤᠰᠬᠤᠨ ᠪᠠ ᠠᠵᠤ ᠠᠬᠤᠶᠢᠯᠠᠯ ᠤᠨ ᠬᠠᠮᠳᠤᠷᠠᠨ ᠪᠠᠶᠢᠭᠤᠯᠬᠤ ᠲᠥᠷᠤᠯ ᠵᠥᠢᠯ  ᠨᠢ 515.046 ᠮᠣ᠋ ᠭᠠᠵᠠᠷ ᠰᠢᠷᠤᠢ ᠶᠢ ᠲᠠᠲᠠᠪᠤᠷᠢᠯᠠᠵᠤ᠂ ᠰᠢ ᠭᠤᠸᠠᠨ ᠲᠤᠰᠬᠤᠨ ᠲᠠᠷᠢᠶᠠᠯᠠᠩ ᠢᠶᠠᠷ ᠭᠤᠤᠯᠯᠠᠭᠰᠠᠨ ᠢᠳᠡᠰᠢᠨ ᠨᠤᠭᠤᠭᠠᠨ ᠤ ᠲᠤᠰᠬᠤᠨ ᠪᠠᠶᠢᠭᠰᠠᠨ ᠠᠴᠠ ᠪᠠᠨ ᠲᠤᠰᠬᠤᠨ ᠠᠵᠤ ᠠᠬᠤᠶᠢᠯᠠᠯ ᠬᠠᠮᠳᠤᠷᠠᠨ ᠨᠡᠭᠡᠭᠡᠯᠳᠠ ᠬᠢᠵᠤ᠂ ᠭᠤᠤᠯᠳᠠᠭᠤ ᠭᠤᠷᠪᠠᠳᠤᠭᠠᠷ ᠠᠵᠤ ᠥᠢᠯᠡᠰ ᠢ ᠡᠷᠬᠢᠯᠡᠭᠰᠡᠨ ᠰᠢᠨ᠎ᠠ ᠰᠢ ᠭᠤᠸᠠᠨ ᠲᠤᠰᠬᠤᠨ ᠪᠤᠯᠵᠤ ᠥᠭᠡᠷᠡᠴᠢᠯᠡᠭᠳᠡᠪᠡ᠃ ᠲᠤᠰᠬᠤᠨ ᠤ ᠨᠡᠶᠢᠳᠠ ᠬᠥᠮᠤᠨ ᠠᠮᠠ 160 ᠡᠷᠤᠬᠡ 366 ᠬᠥᠮᠤᠨ ᠪᠠᠶᠢᠵᠤ᠂ 2013 ᠣᠨ ᠳᠤ ᠲᠤᠰᠬᠤᠨ ᠤ ᠠᠷᠠᠳ ᠤᠨ ᠳᠤᠮᠳᠠᠴᠢ ᠪᠠᠷ ᠬᠥᠮᠤᠨ ᠪᠥᠷᠢ ᠶᠢᠨ ᠤᠷᠤᠯᠭ᠎ᠠ ᠨᠢ 11787 ᠲᠥᠭᠦᠷᠢᠭ ᠲᠤ ᠬᠥᠷᠴᠡᠢ᠃ ᠳ᠋ᠥᠩ ᠭᠤᠸᠠᠨ ᠲᠤᠰᠬᠤᠨ     ᠪᠠᠶᠠᠨᠬᠤᠳᠠ ᠪᠠᠯᠭᠠᠰᠤ ᠶᠢᠨ ᠰᠢᠯᠢ ᠶᠢᠨ ᠵᠠᠮ ᠠᠴᠠ ᠡᠮᠤᠨᠡᠰᠢ᠂ ᠵᠡᠬᠦᠨ ᠲᠠᠯ᠎ᠠ  ᠪᠠᠷ ᠢᠶᠠᠨ ᠰᠢᠨ᠎ᠠ ᠡᠷᠡᠨ ᠲᠠᠯᠠᠪᠠᠷ ᠲᠠᠢ ᠵᠡᠷᠭᠡᠯᠳᠡᠵᠤ᠂ ᠬᠤᠶᠢᠰᠢ ᠠᠮᠢ ᠠᠬᠤᠢ ᠶᠢᠨ ᠴᠡᠴᠡᠷᠯᠢᠭ ᠲᠠᠢ ᠵᠠᠯᠭᠠᠯᠳᠣᠨ᠂ ᠪᠠᠷᠠᠭᠤᠨᠰᠢ ᠤᠯᠠᠨ ᠴᠢᠳᠠᠮᠵᠢᠳᠤ ᠪᠡᠶ᠎ᠡ ᠲᠠᠮᠢᠷ ᠤᠨ ᠲᠠᠯᠠᠪᠤᠷ ᠲᠠᠢ ᠬᠤᠯᠪᠤᠯᠳᠠᠵᠤ᠂ ᠪᠠᠶᠠᠨᠬᠤᠳᠠ ᠪᠠᠯᠭᠠᠰᠣᠨ ᠤ ᠨᠡᠶᠢᠲᠡᠯᠢᠭ ᠬᠤᠳᠠ ᠲᠠᠬᠢ ᠲᠤᠰᠬᠤᠨ ᠪᠤᠯᠤᠨ᠎ᠠ᠂ ᠲᠤᠰᠬᠤᠨ ᠤ  ᠨᠡᠶᠢᠳᠠ ᠬᠥᠮᠤᠨ ᠠᠮᠠ 278 ᠡᠷᠤᠬᠡ 786 ᠬᠥᠮᠤᠨ ᠪᠤᠢ᠃ 2002 ᠣᠨ ᠳᠤ ᠪᠥᠬᠦ ᠠᠶᠢᠮᠠᠭ ᠲᠤ ᠬᠠᠮᠤᠭ ᠲᠡᠷᠢᠬᠦᠨ ᠳᠤ ᠬᠤᠳᠠ ᠲᠠᠬᠢ ᠲᠤᠰᠬᠤᠨ ᠤ ᠶᠡᠷᠥᠩᠭᠡᠢ ᠥᠭᠡᠷᠡᠴᠢᠯᠡᠯᠡᠳᠠ ᠶᠢᠨ ᠲᠥᠷᠤᠯ ᠵᠥᠢᠯ ᠢ ᠬᠡᠷᠡᠭᠵᠢᠬᠦᠯᠵᠤ᠂ ᠤᠳᠤᠬᠢ ᠲᠠᠷᠢᠶᠠᠨ ᠭᠠᠵᠠᠷ 801 ᠮᠣ᠋ ᠪᠣᠢ᠃ 2013 ᠣᠨ ᠳᠤ  ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12692 ᠲᠥᠭᠦᠷᠢᠭ ᠲᠤ ᠬᠥᠷᠴᠡᠢ᠃ ᠬᠤᠶᠢᠳᠣ ᠰᠢ ᠬᠤᠸᠠ ᠶᠤᠸᠠᠨ ᠲᠤᠰᠬᠤᠨ     ᠪᠠᠶᠠᠨᠬᠤᠳᠠ ᠪᠠᠯᠭᠠᠰᠣᠨ ᠤ ᠪᠠᠷᠠᠭᠤᠨ ᠬᠡᠰᠡᠭ ᠲᠤ ᠪᠠᠶᠢᠷᠢᠯᠠᠵᠤ ᠪᠣᠢ᠂ ᠣᠣᠯ ᠳᠠᠭᠠᠨ《ᠬᠤᠩ ᠸᠧᠢ ᠪᠠᠷᠢᠭᠠᠳᠠ》 ᠬᠡᠮᠡᠨ ᠨᠡᠷᠡᠯᠡᠭᠳᠡᠵᠤ᠂ ᠳᠡᠭᠡᠳᠦ ᠵᠠᠭᠤᠨ ᠤ ᠨᠠᠶᠠᠭᠠᠳ ᠣᠨ ᠳᠤ᠂《 ᠪᠠᠷᠢᠭᠠᠳᠠ》 ᠶᠢ《 ᠲᠤᠰᠬᠤᠨ》 ᠬᠡᠵᠤ ᠥᠭᠡᠷᠡᠴᠢᠯᠡᠭᠡᠳ ᠬᠤᠶᠢᠳᠣ ᠰᠢ ᠬᠤᠸᠠ ᠶᠤᠸᠠᠨ ᠲᠤᠰᠬᠤᠨ ᠬᠡᠮᠡᠨ ᠨᠡᠷᠡᠯᠡᠭᠳᠡᠪᠡ᠃ ᠲᠤᠰᠬᠤᠨ ᠤ ᠡᠵᠡᠯᠡᠬᠦ ᠲᠠᠯᠠᠪᠠᠢ 2 ᠲᠡᠭᠰᠢ ᠲᠥᠷᠪᠡᠯᠵᠢᠨ ᠺᠢᠯᠤᠮᠧᠲᠷ᠂ ᠲᠠᠷᠢᠶᠠᠨ ᠭᠠᠵᠠᠷ ᠤᠨ ᠲᠠᠯᠠᠪᠠᠢ 643 ᠮᠣ᠋ ᠪᠣᠢ᠃ 2010 ᠣᠨ ᠳᠤ ᠬᠤᠶᠢᠲᠤ ᠰᠢ ᠬᠤᠸᠠ ᠲᠤᠰᠬᠤᠨ ᠨᠢ《 ᠬᠤᠲᠠ ᠲᠠᠬᠢ ᠲᠤᠰᠬᠤᠨ》 ᠤ ᠥᠭᠡᠷᠡᠴᠢᠯᠡᠯᠳᠠ ᠶᠢᠨ ᠡᠩᠨᠡᠭᠡᠨ ᠳᠤ ᠤᠷᠤᠵᠤ᠂ ᠭᠤᠷᠪᠠᠨ ᠵᠢᠯ ᠤᠨ ᠰᠢᠨᠵᠢᠯᠡᠬᠦ ᠤᠬᠠᠭᠠᠨᠴᠢ ᠪᠥᠭᠡᠳ ᠵᠥᠢ ᠵᠤᠬᠢᠰᠳᠠᠢ ᠥᠭᠡᠷᠡᠴᠢᠯᠡᠯᠳᠠ ᠪᠠᠷ ᠳᠠᠮᠵᠢᠨ᠂ ᠶᠡᠬᠡᠩᠬᠢ ᠲᠤᠰᠬᠤᠨ ᠤ ᠠᠷᠠᠳ ᠰᠠᠭᠤᠷᠢ ᠲᠥᠬᠦᠭᠡᠷᠤᠮᠵᠢ ᠪᠥᠷᠢᠨ ᠳᠡᠭᠦᠯᠳᠡᠷ᠂ ᠪᠡᠶ᠎ᠡ ᠴᠢᠬᠢᠷᠠᠭᠵᠢᠭᠤᠯᠬᠤ ᠪᠠᠭᠠᠵᠢ ᠭᠡᠷᠡᠭᠰᠡᠯ ᠤᠯᠠᠨ ᠶᠠᠩᠵᠤᠳᠤ᠂ ᠤᠷᠴᠢᠨ ᠲᠤᠭᠤᠷᠢᠨ ᠴᠡᠪᠡᠷ ᠴᠡᠮᠴᠡᠭᠡᠷ ᠰᠢ ᠬᠤᠸᠠ ᠶᠤᠸᠠᠨ ᠲᠤᠭᠤᠷᠢᠭ ᠲᠤ ᠨᠡᠬᠦᠵᠤ᠂ ᠲᠤᠰᠬᠤᠨ ᠤ ᠤᠷᠤᠰᠢᠨ ᠰᠠᠭᠤᠬᠤ ᠤᠷᠴᠢᠨ ᠲᠤᠭᠤᠷᠢᠨ  ᠨᠢ ᠴᠣ ᠰᠢᠨ᠎ᠠ ᠪᠠᠶᠢᠳᠠᠯ ᠲᠠᠢ ᠪᠣᠯᠪᠠ᠃ ᠣᠳᠣ ᠲᠤᠰᠬᠤᠨ ᠳᠤ ᠨᠡᠶᠢᠳᠠ 63 ᠡᠷᠤᠬᠡ 276 ᠬᠥᠮᠤᠨ ᠲᠠᠢ᠂ ᠡᠬᠦᠨ  ᠳᠤ ᠴᠥᠭᠡᠨ ᠲᠤᠭᠠᠳᠤ ᠥᠨᠳᠤᠰᠤᠳᠡᠨ 7.2% ᠢ ᠡᠵᠡᠯᠡᠵᠤ ᠪᠤᠢ᠃ 2013 ᠣᠨ ᠳᠤ ᠲᠤᠰᠬᠤᠨ ᠤ ᠠᠷᠠᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10124 ᠲᠥᠭᠦᠷᠢᠭ ᠲᠤ ᠬᠥᠷᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号