ᠡᠷᠭᠡᠬᠠᠰᠬ᠎ᠠ ᠰᠤᠮᠤ
ᠨᠡᠶᠢᠲᠡᠯᠡᠭᠰᠡᠨ ᠴᠠᠭ᠄
2019/3/1
ᠡᠷᠭᠡᠬᠠᠰᠬ᠎ᠠ ᠰᠤᠮᠤ   ᠠᠯᠠᠱᠠ ᠵᠡᠬᠦᠨ ᠬᠤᠰᠢᠭᠤᠨ ᠤ ᠪᠠᠷᠠᠭᠤᠨ ᠭᠡᠰᠡᠭ ᠲᠤ ᠪᠠᠶᠢᠷᠢᠠᠯᠵᠤ᠂ ᠬᠤᠶᠢᠰᠢ ᠪᠠᠨ ᠪᠠᠶᠠᠨᠨᠢᠷᠤᠭᠤᠨ ᠰᠤᠮᠤ ᠲᠠᠢ ᠬᠢᠯᠢ ᠵᠠᠯᠭᠠᠯᠳᠣᠨ᠂ ᠵᠡᠬᠦᠨᠰᠢ ᠵᠢᠷᠭᠠᠯᠰᠠᠶᠢᠬᠠᠨ ᠪᠠᠯᠭᠠᠰᠤ᠂ ᠲᠡᠭᠷᠢ ᠡᠯᠡᠰᠦ ᠰᠣᠮᠣ ᠲᠠᠢ ᠵᠡᠷᠭᠡᠯᠳᠡᠵᠤ᠂ ᠪᠠᠷᠠᠭᠤᠨᠰᠢ ᠭᠠᠨᠰᠤ ᠮᠤᠵᠢ ᠶᠢᠨ ᠡᠣ ᠸᠧᠢ ᠬᠤᠳᠠ᠂ ᠮᠢᠨ ᠴᠢᠨ ᠰᠢᠶᠠᠨ ᠲᠠᠢ ᠵᠠᠬ᠎ᠠ ᠨᠡᠶᠢᠯᠡᠵᠤ᠂ ᠡᠮᠤᠨᠡᠰᠢ ᠤᠨᠳᠤᠷᠤᠯᠳᠤ ᠪᠠᠯᠭᠠᠰᠣ ᠲᠠᠢ ᠬᠤᠯᠪᠤᠯᠳᠤᠨ᠂ ᠶᠡᠷᠥᠩᠭᠡᠢ ᠲᠠᠯᠠᠪᠠᠢ 8057 ᠲᠡᠭᠰᠢ ᠳᠥᠷᠪᠡᠯᠵᠢᠨ ᠺᠢᠯᠤᠮᠧᠲᠷ ᠪᠣᠢ᠃ ᠣᠳᠣ 8 ᠬᠠᠷᠢᠶᠠᠳᠤ ᠭᠠᠴᠠᠭ᠎ᠠ ᠲᠠᠢ᠂ ᠨᠡᠶᠢᠲᠠ 599 ᠡᠷᠤᠬᠡ 1757 ᠬᠥᠮᠤᠨ ᠪᠠᠶᠢᠵᠤ᠂ ᠡᠬᠦᠨ ᠳᠤ ᠮᠤᠩᠭᠤᠯ ᠥᠨᠳᠤᠰᠤᠳᠡᠨ 586 ᠬᠥᠮᠤᠨ ᠪᠣᠢ᠃ ᠭᠠᠵᠠᠷ ᠤᠨ ᠪᠠᠶᠢᠴᠠ ᠨᠢ ᠪᠠᠷᠠᠭᠤᠨ ᠲᠠᠯ᠎ᠠ ᠪᠠᠷ ᠥᠨᠳᠤᠷ᠂ ᠵᠡᠬᠦᠨ ᠲᠠᠯ᠎ᠠ ᠪᠠᠷ ᠪᠤᠭᠤᠨᠢ᠂ ᠲᠠᠯᠠᠢ ᠶᠢᠨ ᠲᠥᠪᠰᠢᠨ ᠠᠴᠠ ᠳᠤᠮᠳᠠᠴᠢ ᠪᠠᠷ 1500 ᠮᠧᠲᠷ ᠥᠨᠳᠤᠷ ᠪᠠᠶᠢᠵᠤ᠂ ᠲᠡᠭᠷᠢ ᠡᠯᠡᠰᠤ ᠪᠥᠬᠦ ᠲᠠᠯᠠᠪᠠᠢ ᠶᠢᠨ 91% ᠶᠢ ᠡᠵᠡᠯᠡᠵᠤ ᠪᠣᠢ᠂ ᠮᠠᠯᠵᠢᠬᠤ ᠪᠠᠷ ᠭᠤᠤᠯᠯᠠᠨ᠂ ᠮᠠᠩᠬ᠎ᠠ ᠬᠤᠭᠤᠷᠤᠨᠳᠤ ᠪᠠᠨ ᠲᠤᠶᠢᠯ ᠤᠨ ᠤᠯᠠᠨ ᠨᠠᠭᠤᠷ ᠰᠠᠷᠨᠢᠵᠤ᠂ ᠬᠤᠯᠤᠰᠤ᠂ ᠬᠠᠷ᠎ᠠ ᠰᠣᠯᠢ ᠡᠪᠡᠰᠤ᠂ ᠳᠡᠷᠡᠰᠤ᠂ ᠬᠤᠨᠢᠨ ᠰᠢᠪᠠᠭ᠂ ᠬᠠᠷᠮᠠᠭ ᠵᠡᠷᠭᠡ ᠤᠷᠭᠤᠮᠠᠯ ᠪᠠ ᠪᠣᠳᠠ ᠮᠤᠳᠤ ᠤᠷᠭᠤᠵᠤ᠂ ᠰᠠᠶᠢᠨ ᠨᠣᠳᠤᠭ ᠪᠡᠯᠴᠢᠭᠡᠷ ᠪᠤᠯᠤᠨ᠎ᠠ᠃ ᠮᠠᠯ ᠤᠨ ᠲᠤᠭ᠎ᠠ 50495 ᠲᠤᠯᠤᠭᠠᠢ᠂ ᠡᠬᠦᠨ ᠳᠤ ᠲᠡᠮᠡᠭᠡ 4152 ᠪᠥᠬᠦ ᠪᠣᠢ᠃ 2005 ᠣᠨ ᠤ ᠳᠤᠮᠳᠠᠴᠢ  ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 3139 ᠲᠥᠭᠦᠷᠢᠭ ᠲᠤ ᠬᠥᠷᠴᠡᠢ᠃ ᠭᠡᠷ ᠪᠥᠯᠢ ᠶᠢᠨ ᠡᠪᠡᠰᠤᠨ ᠬᠥᠷᠢᠶᠡᠨ ᠤ ᠲᠠᠯᠠᠪᠠᠢ 2188 ᠮᠣ᠋᠂ ᠪᠣᠳᠠ ᠮᠤᠳᠤ ᠪᠠᠷ ᠭᠤᠤᠯᠯᠠᠭᠰᠠᠨ ᠪᠠᠶᠢᠭᠠᠯᠢᠭ ᠣᠢ ᠶᠢᠨ ᠲᠠᠯᠠᠪᠠᠢ 17.3 ᠲᠥᠮᠡᠨ ᠮᠣ᠋ ᠪᠣᠢ᠃ ᠬᠢᠯᠢ ᠲᠤᠳᠤᠷ᠎ᠠ ᠳᠠᠪᠤᠰᠤ᠂ ᠵᠤᠭᠠᠩ ᠵᠡᠷᠭᠡ ᠡᠬᠢ ᠪᠠᠶᠠᠯᠢᠭ ᠡᠯᠪᠡᠭ ᠳᠡᠯᠪᠡᠭ᠂ ᠴᠠᠭᠠᠨᠪᠤᠯᠠᠭ ᠲᠠᠪᠤᠰᠤᠨ ᠨᠠᠭᠤᠷ ᠪᠠ ᠲᠤᠤᠯᠠᠨᠳᠠᠢ ᠶᠡᠭᠡ ᠬᠡᠯᠪᠡᠷᠢ ᠶᠢᠨ ᠵᠤᠭᠠᠩ ᠤᠨ ᠠᠭᠤᠷᠬᠠᠢ ᠲᠠᠢ᠃ᠥᠨᠡᠭᠡᠳᠤ ᠭᠠᠴᠠᠭ᠎ᠠ    ᠡᠷᠭᠡᠬᠠᠰᠬ᠎ᠠ ᠰᠣᠮᠣ ᠶᠢᠨ ᠡᠮᠤᠨᠡᠳᠤ ᠭᠡᠰᠡᠭ ᠲᠤ ᠪᠠᠶᠢᠷᠢᠯᠠᠵᠤ᠂ ᠭᠠᠨᠰᠦ ᠮᠣᠵᠢ ᠶᠢᠨ ᠭᠣ᠋ ᠯᠠᠩ ᠰᠢᠶᠠᠨ᠂ ᠣᠤ ᠸᠧᠢ ᠬᠤᠳᠠ᠂ ᠮᠢᠨ ᠴᠢᠨ ᠰᠢᠶᠠᠨ ᠲᠠᠢ ᠬᠢᠯᠢ ᠵᠠᠯᠭᠠᠯᠳᠣᠵᠣ ᠪᠣᠢ᠂ ᠶᠡᠷᠤᠩᠭᠡᠢ ᠲᠠᠯᠠᠪᠠᠢ 1454 ᠲᠡᠭᠰᠢ ᠳᠦᠷᠪᠡᠯᠵᠢᠨ ᠺᠢᠯᠤᠮᠧᠲᠷ᠂ ᠡᠭᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 654300 ᠮᠣ᠋ ᠪᠣᠢ᠃ ᠨᠡᠶᠢᠳᠠ 126 ᠡᠷᠤᠬᠡ 367 ᠬᠥᠮᠤᠨ ᠲᠠᠢ᠂ ᠮᠤᠩᠭᠤᠯ ᠥᠨᠳᠤᠰᠤᠳᠡᠨ ᠨᠢ ᠪᠥᠬᠦ ᠬᠥᠮᠤᠨ ᠠᠮᠠ ᠶᠢᠨ 9 % ᠶᠢ ᠡᠵᠡᠯᠡᠵᠤ ᠪᠣᠢ᠃ ᠴᠤᠯ ᠮᠠᠯᠵᠢᠯ ᠤᠨ ᠭᠠᠴᠠᠭ᠎ᠠ ᠪᠠᠶᠢᠵᠤ᠂ ᠴᠠᠭᠠᠨ ᠨᠣᠣᠯᠣᠷᠳᠣ ᠢᠮᠠᠭ᠎ᠠ᠂ ᠬᠤᠤᠰ ᠪᠥᠬᠦᠳᠤ ᠲᠡᠮᠡᠭᠡ᠂ ᠥᠬᠡᠷ ᠮᠠᠯᠵᠢᠬᠤ ᠪᠠᠷ ᠭᠤᠤᠯᠯᠠᠳᠠᠭ᠃ 2014 ᠣᠨ ᠤ ᠪᠥᠬᠦ ᠮᠠᠯ ᠤᠨ ᠲᠤᠭ᠎ᠠ 3046 ᠲᠤᠯᠤᠭᠠᠢ ᠪᠠᠶᠢᠵᠤ᠂ ᠡᠬᠦᠨ ᠳᠤ ᠪᠤᠭ ᠮᠠᠯ 2891 ᠲᠤᠯᠤᠭᠠᠢ ᠶᠢ ᠡᠵᠡᠯᠡᠵᠤ ᠪᠤᠢ᠃ 2014 ᠣᠨ ᠤ ᠮᠠᠯᠴᠢᠨ ᠲᠠᠷᠢᠶᠠᠴᠢᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10151 ᠲᠥᠭᠦᠷᠢᠭ  ᠲᠤ ᠬᠥᠷᠴᠡᠢ᠃ ᠤᠷᠲᠤ ᠬᠥᠯ ᠭᠠᠴᠠᠭ᠎ᠠ    ᠡᠷᠬᠡᠬᠠᠰᠬ᠎ᠠ ᠰᠤᠮᠤᠨ ᠠᠴᠠ 45 ᠺᠢᠯᠣᠮᠧᠲᠷ ᠵᠠᠶᠢᠲᠠᠢ᠂ ᠶᠡᠷᠤᠩᠭᠡᠢ ᠲᠠᠯᠠᠪᠠᠢ 1696 ᠲᠡᠭᠰᠢ ᠳᠦᠷᠪᠡᠯᠵᠢᠨ ᠺᠢᠯᠤᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠨᠣᠳᠤᠭ ᠳᠡᠪᠢᠰᠭᠡᠷ ᠤᠨ ᠲᠠᠯᠠᠪᠠᠢ 763200 ᠮᠣ᠋᠂ ᠨᠡᠶᠢᠳᠠ 140 ᠡᠷᠤᠬᠡ 369 ᠬᠥᠮᠤᠨ ᠲᠠᠢ᠂ ᠮᠤᠩᠭᠤᠯ ᠥᠨᠳᠣᠰᠣᠳᠡᠨ 72 ᠡᠷᠤᠬᠡ 172 ᠬᠥᠮᠤᠨ ᠪᠣᠢ᠃ ᠲᠤᠰ ᠭᠠᠴᠠᠭ᠎ᠠ ᠨᠢ ᠡᠷᠬᠡᠬᠠᠰᠬ᠎ᠠ  ᠰᠣᠮᠣ ᠶᠢᠨ ᠡᠵᠡᠯᠡᠬᠦ ᠲᠠᠯᠠᠪᠠᠢ ᠪᠠᠷ ᠬᠠᠮᠤᠭ ᠶᠡᠭᠡ᠂ ᠬᠥᠮᠤᠨ ᠠᠮᠠ ᠬᠠᠮᠤᠭ ᠤᠯᠠᠨ ᠭᠠᠴᠠᠭ᠎ᠠ ᠪᠤᠯᠤᠨ᠎ᠠ᠃ ᠴᠣᠯ ᠮᠠᠯᠵᠢᠯ ᠤᠨ ᠭᠠᠴᠠᠭ᠎ᠠ ᠪᠠᠶᠢᠵᠤ᠂ ᠭᠤᠤᠯᠳᠠᠭᠤ ᠴᠠᠭᠠᠨ ᠨᠤᠤᠯᠤᠷᠳᠤ ᠢᠮᠠᠭ᠎ᠠ᠂ ᠬᠤᠤᠰ ᠪᠥᠬᠦᠳᠤ ᠲᠡᠮᠡᠭᠡ᠂ ᠥᠬᠡᠷ ᠮᠠᠯᠵᠢᠬᠤ ᠪᠠᠷ ᠭᠤᠤᠯᠯᠠᠵᠤ ᠪᠠᠶᠢᠳᠠᠭ᠃ 2014 ᠣᠨ ᠤ ᠨᠡᠶᠢᠳᠠ ᠮᠠᠯ ᠤᠨ ᠲᠤᠭ᠎ᠠ 3995 ᠲᠤᠯᠤᠭᠠᠢ᠂ ᠡᠬᠦᠨ ᠳᠤ ᠪᠣᠭ ᠮᠠᠯ 2989 ᠲᠣᠯᠣᠭᠠᠢ ᠶᠢ ᠡᠵᠡᠯᠡᠵᠤ ᠪᠣᠢ᠃ 2014 ᠣᠨ ᠤ ᠮᠠᠯᠴᠢᠨ ᠲᠠᠷᠢᠶᠠᠴᠢᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10099 ᠲᠥᠭᠦᠷᠢᠭ ᠲᠤ ᠬᠥᠷᠴᠡᠢ᠃                            ᠪᠠᠶᠠᠨᠨᠠᠭᠤᠷ ᠭᠠᠴᠠᠭ᠎ᠠ    ᠡᠷᠬᠡᠬᠠᠰᠬ᠎ᠠ ᠰᠤᠮᠤᠨ ᠤ ᠵᠡᠬᠦᠨ ᠡᠮᠤᠨᠡᠳᠤ ᠭᠡᠰᠡᠭ ᠲᠤ ᠪᠠᠶᠢᠷᠢᠯᠠᠵᠤ᠂ ᠰᠤᠮᠤᠨ ᠠᠴᠠ 40 ᠺᠢᠯᠣᠮᠧᠲᠷ ᠵᠠᠶᠢᠳᠠᠢ᠂ ᠶᠡᠷᠤᠩᠭᠡᠢ ᠲᠠᠯᠠᠪᠠᠢ 1118 ᠲᠡᠭᠰᠢ ᠳᠦᠷᠪᠡᠯᠵᠢᠨ ᠺᠢᠯᠤᠮᠧᠲᠷ᠂ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 50.31 ᠲᠥᠮᠡᠨ ᠮᠣ᠋ ᠪᠣᠢ᠃ ᠡᠯᠡᠰᠤᠨ ᠴᠥᠯ ᠪᠠ ᠨᠠᠭᠤᠷ ᠴᠥᠬᠦᠷᠤᠮ ᠢᠶᠠᠷ ᠭᠤᠤᠯᠯᠠᠵᠤ᠂ ᠪᠠᠶᠢᠭᠠᠯᠢ ᠶᠢᠨ ᠥᠩᠭᠡ ᠥᠵᠡᠮᠵᠢ ᠰᠠᠶᠢᠬᠠᠨ᠂ 9 ᠴᠩᠭᠡᠭ ᠤᠰᠤᠨ ᠤ ᠨᠠᠭᠤᠷ ᠲᠠᠢ᠃ ᠭᠤᠤᠯᠳᠠᠭᠤ ᠳᠡᠷᠡᠰᠤ᠂ ᠬᠤᠯᠤᠰᠤ᠂ ᠶᠥᠷᠬᠦᠭ᠂ ᠰᠢᠬᠢᠷ ᠡᠪᠡᠰᠤ ᠵᠡᠷᠭᠡ ᠤᠷᠭᠤᠮᠠᠯ ᠲᠠᠢ᠂ ᠭᠡᠭᠡᠷ᠎ᠡ ᠶᠢᠨ ᠨᠤᠭᠤᠰᠤ᠂ ᠬᠠᠷᠬᠢᠷ᠎ᠠ᠂ ᠭᠠᠯᠠᠭᠤ᠂ ᠰᠣᠯᠥᠩᠭᠠᠨ ᠰᠢᠪᠠᠭᠤ ᠵᠡᠷᠭᠡ ᠠᠷᠪᠠ ᠭᠠᠷᠤᠢ ᠲᠥᠷᠤᠯ ᠤᠨ ᠰᠢᠪᠠᠭᠤ ᠲᠠᠢ᠂ ᠨᠠᠭᠤᠷ ᠲᠤ ᠨᠢ ᠠᠮᠤᠷ ᠵᠢᠭᠠᠰᠤ᠂ ᠮᠥᠷᠬᠦ ᠵᠢᠭᠠᠰᠤ ᠪᠠᠶᠢᠳᠠᠭ᠃ ᠭᠠᠴᠠᠭᠠᠨ ᠳᠤ ᠨᠡᠶᠢᠳᠠ 76 ᠡᠷᠤᠬᠡ 189 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 40 ᠡᠷᠤᠬᠡ 90 ᠬᠥᠮᠤᠨ ᠪᠠᠶᠢᠵᠤ᠂ ᠪᠥᠬᠦ ᠬᠥᠮᠤᠨ ᠠᠮᠠ ᠶᠢᠨ 47.6 % ᠶᠢ ᠡᠵᠡᠯᠡᠨ᠎ᠠ᠃ 2014 ᠣᠨ ᠤ 12 ᠰᠠᠷ᠎ᠠ ᠳᠤ ᠮᠠᠯ ᠤᠨ ᠨᠡᠶᠢᠳᠠ ᠲᠤᠭ᠎ᠠ 2338 ᠲᠤᠯᠤᠭᠠᠢ ᠪᠠᠶᠢᠵᠤ᠂ ᠡᠬᠦᠨ ᠳᠤ ᠪᠣᠭ ᠮᠠᠯ 1527 ᠲᠤᠯᠤᠭᠠᠢ ᠪᠣᠢ᠃ 2014 ᠣᠨ ᠤ ᠮᠠᠯᠴᠢᠳ ᠲᠠᠷᠢᠶᠠᠴᠢᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10122 ᠲᠥᠭᠦᠷᠢᠭ ᠲᠤ ᠬᠥᠷᠴᠡᠢ᠃ ᠴᠠᠭᠠᠨᠨᠠᠭᠤᠷ ᠭᠠᠴᠠᠭ᠎ᠠ    ᠶᠡᠷᠥᠩᠭᠡᠢ ᠲᠠᠯᠠᠪᠠᠢ 932.3 ᠲᠡᠭᠰᠢ ᠳᠥᠷᠪᠡᠯᠵᠢᠨ ᠺᠢᠯᠣᠮᠧᠲᠷ᠂ ᠠᠰᠢᠭᠯᠠᠵᠤ ᠪᠤᠯᠬᠤᠶᠢᠴᠠ ᠪᠡᠯᠴᠢᠭᠡᠷ 42 ᠲᠥᠮᠡᠨ ᠮᠣ᠋ ᠪᠣᠢ᠂ ᠡᠯᠡᠰᠤᠨ ᠴᠥᠯ ᠪᠠ ᠨᠠᠭᠤᠷ ᠴᠥᠬᠦᠷᠤᠮ ᠢᠶᠠᠷ ᠭᠤᠤᠯᠠᠯᠵᠤ᠂ ᠳᠡᠷᠡᠰᠣ᠂ ᠶᠥᠷᠬᠦᠭ᠂ ᠰᠢᠷ᠎ᠠ ᠰᠢᠷᠠᠯᠵᠢ᠂ ᠵᠡᠷᠭᠡ ᠠᠷᠪᠠᠨ ᠲᠥᠷᠤᠯ ᠤᠨ ᠡᠪᠡᠰᠤ ᠤᠷᠭᠤᠮᠠᠯ ᠲᠠᠢ᠃ ᠴᠤᠯ ᠮᠠᠯᠵᠢᠯ ᠤᠨ ᠭᠠᠴᠠᠭ᠎ᠠ᠂ ᠨᠡᠶᠢᠳᠠ 57 ᠡᠷᠤᠬᠡ 159 ᠬᠥᠮᠤᠨ ᠲᠠᠢ᠃ 2014 ᠣᠨ ᠤ 12 ᠰᠠᠷ᠎ᠠ ᠳᠤ ᠮᠠᠯ ᠤᠨ ᠪᠥᠬᠦ ᠲᠤᠭ᠎ᠠ 1967 ᠲᠤᠯᠤᠭᠠᠢ᠂ ᠡᠬᠦᠨ ᠳᠤ ᠪᠣᠭ ᠮᠠᠯ 1398 ᠲᠤᠯᠤᠭᠠᠢ ᠪᠣᠢ᠃ 2014 ᠣᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10115 ᠲᠥᠭᠦᠷᠢᠭ ᠲᠤ ᠬᠥᠷᠴᠡᠢ᠃ᠲᠤᠤᠯᠠᠨᠳᠠᠢ ᠭᠠᠴᠠᠭ᠎ᠠ    ᠶᠡᠷᠤᠩᠭᠡᠢ ᠲᠠᠯᠠᠪᠠᠢ 831.7 ᠲᠡᠭᠰᠢ ᠳᠥᠷᠪᠡᠯᠵᠢᠨ ᠺᠢᠯᠣᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 374265 ᠮᠣ᠋ ᠪᠣᠢ᠂ ᠡᠯᠡᠰᠤᠨ ᠴᠥᠯ ᠪᠠ ᠨᠠᠭᠤᠷ ᠴᠥᠬᠦᠷᠤᠮ ᠢᠶᠠᠷ ᠭᠤᠤᠯᠠᠯᠵᠤ᠂ ᠳᠡᠷᠡᠰᠣ᠂ ᠶᠥᠷᠬᠦᠭ᠂ ᠰᠢᠷ᠎ᠠ ᠰᠢᠷᠠᠯᠵᠢ᠂ ᠵᠡᠷᠭᠡ ᠠᠷᠪᠠᠨ ᠲᠥᠷᠤᠯ ᠤᠨ ᠡᠪᠡᠰᠤ ᠤᠷᠭᠤᠮᠠᠯ ᠲᠠᠢ᠃ ᠭᠠᠴᠠᠭᠠᠨ ᠳᠤ ᠨᠡᠶᠢᠳᠠ 39 ᠡᠷᠤᠬᠡ 118 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 21 ᠡᠷᠤᠬᠡ 46 ᠬᠥᠮᠤᠨ ᠪᠠᠶᠢᠵᠤ ᠪᠥᠬᠦ ᠬᠥᠮᠤᠨ ᠠᠮᠠ ᠶᠢᠨ 39 % ᠶᠢ ᠡᠵᠡᠯᠡᠵᠤ ᠪᠣᠢ᠃ 2014 ᠣᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10185 ᠲᠥᠭᠦᠷᠢᠭ  ᠲᠤ ᠬᠥᠷᠴᠡᠢ᠃ᠭᠡᠳᠡᠩ ᠭᠠᠴᠠᠭ᠎ᠠ    ᠶᠡᠷᠥᠩᠭᠡᠢ ᠲᠠᠯᠠᠪᠠᠢ 776.1ᠲᠡᠭᠰᠢ ᠳᠥᠷᠪᠡᠯᠵᠢᠨ ᠺᠢᠯᠣᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 349245 ᠮᠣ᠋᠂ ᠡᠯᠡᠰᠤᠨ ᠴᠥᠯ ᠪᠠ ᠨᠠᠭᠤᠷ ᠴᠥᠬᠦᠷᠤᠮ ᠢᠶᠠᠷ ᠭᠤᠤᠯᠠᠯᠵᠤ ᠪᠣᠢ᠃ ᠪᠠᠶᠢᠭᠠᠯᠢ ᠶᠢᠨ ᠥᠩᠭᠡ ᠥᠵᠡᠮᠵᠢ ᠰᠠᠶᠢᠬᠠᠨ᠂ 8 ᠴᠡᠩᠭᠡᠭ ᠨᠠᠭᠤᠷ ᠲᠠᠢ᠂ ᠭᠤᠤᠯᠳᠠᠭᠤ ᠪᠥᠭᠡᠷᠡᠭ᠂ ᠳᠡᠷᠡᠰᠤ ᠂ ᠬᠤᠯᠤᠰᠤ ᠵᠡᠷᠭᠡ ᠡᠪᠡᠰᠦ ᠤᠷᠭᠤᠮᠠᠯ ᠲᠠᠢ᠃ ᠭᠡᠭᠡᠷ᠎ᠡ ᠶᠢᠨ ᠨᠤᠭᠤᠰᠤ᠂ ᠬᠠᠷᠬᠢᠷ᠎ᠠ ᠵᠡᠷᠭᠡ ᠠᠷᠪᠠ ᠭᠠᠷᠤᠢ ᠲᠥᠷᠤᠯ ᠤᠨ ᠰᠢᠪᠠᠭᠤ ᠪᠠᠶᠢᠵᠤ᠂ ᠨᠠᠭᠤᠷ ᠲᠤ ᠨᠢ ᠠᠮᠤᠷ ᠵᠢᠭᠠᠰᠤ ᠪᠠ ᠮᠥᠷᠬᠦ ᠵᠢᠭᠠᠰᠤ ᠪᠠᠶᠢᠳᠠᠭ᠃ ᠭᠡᠳᠡᠩ  ᠭᠠᠴᠠᠭᠠᠨ ᠳᠤ ᠨᠡᠶᠢᠳᠠ 65 ᠡᠷᠤᠬᠡ 156 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 37 ᠡᠷᠤᠬᠡ 82 ᠬᠥᠮᠤᠨ ᠪᠠᠶᠢᠵᠤ ᠪᠥᠬᠦ ᠬᠥᠮᠤᠨ ᠠᠮᠠ ᠶᠢᠨ 52.6 % ᠶᠢ ᠡᠵᠡᠯᠡᠵᠤ ᠪᠣᠢ᠃ ᠴᠤᠯ ᠮᠠᠯᠵᠢᠯ ᠤᠨ ᠭᠠᠴᠠᠭ᠎ᠠ᠂ 2014 ᠣᠨ ᠤ 6 ᠰᠠᠷ᠎ᠠ ᠶᠢᠨ ᠮᠠᠯ ᠤᠨ ᠪᠥᠬᠦ ᠲᠤᠭ᠎ᠠ ᠨᠢ 5045 ᠲᠤᠯᠤᠭᠠᠢ᠂ ᠡᠬᠦᠨ ᠳᠤ ᠪᠤᠭ ᠮᠠᠯ 4193 ᠲᠤᠯᠤᠭᠠᠢ ᠪᠣᠢ᠃ 2014 ᠣᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10168 ᠲᠥᠭᠦᠷᠢᠭ ᠲᠤ ᠬᠥᠷᠴᠡᠢ᠃                            ᠪᠠᠶᠠᠨ ᠬᠥᠯ ᠭᠠᠴᠠᠭ᠎ᠠ    ᠶᠡᠷᠥᠩᠭᠡᠢ ᠲᠠᠯᠠᠪᠠᠢ 379.7 ᠲᠡᠭᠰᠢ ᠳᠦᠷᠪᠡᠯᠵᠢᠨ ᠺᠢᠯᠤᠮᠧᠲᠷ᠂ ᠠᠰᠢᠭᠯᠠᠵᠤ ᠪᠤᠯᠬᠤᠶᠢᠴᠠ ᠪᠡᠯᠴᠢᠭᠡᠷ 17.1 ᠮᠣ᠋᠂ ᠡᠯᠡᠰᠤᠨ ᠴᠥᠯ ᠪᠠ ᠨᠠᠭᠤᠷ ᠴᠥᠬᠦᠷᠤᠮ ᠢᠶᠠᠷ ᠭᠤᠤᠯᠠᠯᠵᠤ ᠪᠣᠢ᠃  ᠨᠡᠶᠢᠳᠠ 32 ᠡᠷᠤᠬᠡ 95 ᠬᠥᠮᠤᠨ ᠲᠠᠢ᠂ ᠡᠬᠦᠨ ᠳᠤ ᠮᠤᠩᠭᠤᠯ ᠥᠨᠳᠣᠰᠣᠳᠡᠨ 13 ᠡᠷᠤᠬᠡ 38 ᠬᠥᠮᠤᠨ ᠪᠠᠶᠢᠵᠤ᠂ ᠪᠥᠬᠦ ᠬᠥᠮᠤᠨ ᠠᠮᠠ ᠶᠢᠨ 40 % ᠶᠢ ᠡᠵᠡᠯᠡᠵᠤ ᠪᠣᠢ᠃ ᠴᠤᠯ ᠮᠠᠯᠵᠢᠯ ᠤᠨ ᠭᠠᠴᠠᠭ᠎ᠠ᠂ 2014 ᠣᠨ ᠤ 2 ᠰᠠᠷ᠎ᠠ ᠶᠢᠨ ᠮᠠᠯ ᠤᠨ ᠪᠥᠬᠦ ᠲᠤᠭ᠎ᠠ ᠨᠢ 1452 ᠲᠤᠯᠤᠭᠠᠢ᠂ ᠡᠬᠦᠨ ᠳᠤ ᠪᠤᠭ ᠮᠠᠯ 1061 ᠲᠤᠯᠤᠭᠠᠢ ᠪᠣᠢ᠃ 2014 ᠣᠨ ᠳᠤ  ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10098 ᠲᠥᠭᠦᠷᠢᠭ ᠲᠤ ᠬᠥᠷᠴᠡᠢ᠃                            ᠰᠢᠷ᠎ᠠ ᠬᠤᠯᠤᠰᠦ ᠭᠠᠴᠠᠭ᠎ᠠ    ᠡᠷᠭᠡᠬᠠᠰᠬ᠎ᠠ ᠰᠣᠮᠣ ᠶᠢᠨ ᠤᠮᠠᠷᠠᠳᠤ ᠬᠡᠰᠡᠭ ᠲᠤ ᠪᠠᠶᠢᠷᠢᠯᠠᠵᠤ᠂ ᠰᠤᠮᠤ ᠠᠴᠠ 65 ᠺᠢᠯᠤᠮᠧᠲᠷ ᠵᠠᠶᠢᠲᠠᠢ᠂ ᠶᠡᠷᠥᠩᠭᠡᠢ ᠲᠠᠯᠠᠪᠠᠢ 882.8 ᠲᠡᠭᠰᠢ ᠳᠦᠷᠪᠡᠯᠵᠢᠨ ᠺᠢᠯᠤᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 397260 ᠮᠣ᠋᠂ ᠡᠯᠡᠰᠤᠨ ᠴᠥᠯ ᠪᠠ ᠨᠠᠭᠤᠷ ᠴᠥᠬᠦᠷᠤᠮ ᠢᠶᠠᠷ ᠭᠤᠤᠯᠠᠯᠵᠤ ᠂ ᠪᠥᠭᠡᠷᠡᠭ᠂ ᠳᠡᠷᠡᠰᠣ᠂ ᠶᠥᠷᠬᠦᠭ᠂ ᠰᠢᠷ᠎ᠠ ᠰᠢᠷᠠᠯᠵᠢ᠂ ᠵᠡᠷᠭᠡ ᠠᠷᠪᠠᠨ ᠲᠥᠷᠤᠯ ᠤᠨ ᠡᠪᠡᠰᠤ ᠤᠷᠭᠤᠮᠠᠯ ᠲᠠᠢ᠃ ᠭᠠᠴᠠᠭᠠᠨ ᠳᠤ ᠨᠡᠶᠢᠳᠠ 72 ᠡᠷᠤᠬᠡ 205 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 25 ᠡᠷᠤᠭᠡ 61 ᠬᠥᠮᠤᠨ᠂ ᠪᠥᠬᠦ ᠬᠥᠮᠤᠨ ᠠᠮᠠ ᠶᠢᠨ 29.8 % ᠶᠢ ᠡᠵᠡᠯᠡᠵᠤ ᠪᠣᠢ᠃ ᠴᠤᠯ ᠮᠠᠯᠵᠢᠯ ᠤᠨ ᠭᠠᠴᠠᠭ᠎ᠠ᠂ 2014 ᠣᠨ ᠤ 12 ᠰᠠᠷ᠎ᠠ ᠳᠤ ᠪᠥᠷᠢᠳᠭᠡᠭᠰᠡᠨ ᠢᠶᠠᠷ ᠮᠠᠯ ᠤᠨ ᠪᠥᠬᠦ ᠲᠤᠭ᠎ᠠ 2999 ᠲᠤᠯᠤᠭᠠᠢ᠂ ᠡᠬᠦᠨ ᠳᠤ ᠪᠣᠭ ᠮᠠᠯ 2218 ᠲᠤᠯᠤᠭᠠᠢ ᠪᠣᠢ᠃ 2014 ᠣᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 10135 ᠲᠥᠭᠦᠷᠢᠭ ᠲᠤ ᠬᠥᠷᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号