ᠠᠯᠠᠱᠠ ᠠᠮᠠᠨ ᠠᠶᠠᠯᠭᠤ ᠳᠤ ᠣᠳᠤ ᠪᠤᠯᠳᠠᠯ᠎ᠠ ᠬᠠᠳᠠᠭᠠᠯᠠᠭᠳᠠᠵᠤ ᠪᠠᠶᠢᠭ᠎ᠠ ᠦᠭᠡᠰ
ᠨᠡᠶᠢᠲᠡᠯᠡᠭᠰᠡᠨ ᠴᠠᠭ᠄
2019/4/28
ᠳ᠋᠊᠂ ᠰᠡᠷᠭᠦᠯᠡᠩ          ᠠᠯᠠᠱᠠ ᠠᠮᠠᠨ ᠠᠶᠠᠯᠭᠤ ᠳᠤ ᠣᠳᠤ ᠪᠤᠯᠳᠠᠯ᠎ᠠ ᠬᠠᠳᠠᠭᠠᠯᠠᠭᠳᠠᠵᠤ ᠪᠠᠶᠢᠭ᠎ᠠ ᠦᠭᠡᠰ   ᠮᠣᠩᠭᠤᠯᠴᠣᠳ   ᠨᠢ ᠣᠷᠣᠰᠢᠨ ᠰᠠᠭᠤᠷᠢᠰᠢᠭᠰᠡᠨ ᠦᠷᠭᠡᠨ ᠠᠭᠤᠳᠠᠮ ᠨᠣᠳᠤᠭ ᠳᠡᠪᠢᠰᠭᠡᠷ ᠲᠤ ᠪᠠᠨ ᠦᠪᠡᠷ ᠦᠪᠡᠷ ᠤᠨ ᠦᠩᠭᠡ ᠠᠶᠠᠰ᠂ ᠵᠠᠩ ᠦᠢᠯᠡ᠂ ᠣᠷᠴᠢᠨ ᠲᠣᠭᠤᠷᠢᠨ ᠬᠢᠭᠡᠳ ᠣᠯᠠᠨ ᠠᠷᠪᠢᠨ ᠲᠡᠤᠬᠡ ᠶᠢᠨ ᠰᠢᠯᠳᠠᠭᠠᠨ ᠠᠴᠠ ᠪᠤᠯᠵᠤ ᠠᠳᠠᠯᠢ ᠪᠣᠰᠤ ᠶᠢᠨ ᠣᠯᠠᠨ ᠠᠮᠠᠨ ᠠᠶᠠᠯᠭᠤ ᠡᠭᠦᠰᠦᠨ ᠪᠦᠷᠢᠯᠳᠦᠭᠰᠡᠨ ᠪᠠᠶᠢᠳᠠᠭ᠃ ᠲᠡᠭᠦᠨ  ᠤ ᠳᠣᠳᠣᠷ᠎ᠠ ᠦᠢᠷᠠᠳ ᠮᠣᠩᠭᠤᠯ ᠤᠨ ᠠᠯᠳᠠᠨ ᠶᠠᠰᠣᠨ ᠤ ᠬᠡᠯᠬᠢᠶ᠎ᠡ᠂ ᠠᠯᠠᠭ ᠮᠢᠬᠠᠨ ᠤ ᠲᠠᠰᠣᠷᠬᠠᠢ ᠪᠤᠯᠤᠭᠰᠠᠨ ᠠᠯᠠᠱᠠ ᠮᠣᠩᠭᠤᠯᠴᠣᠳ ᠤᠨ ᠠᠮᠠᠨ ᠶᠠᠷᠢᠶ᠎ᠠ ᠨᠢ ᠦᠪᠡᠷ ᠤᠨ ᠭᠡᠰᠡᠨ ᠣᠨᠴᠠᠯᠢᠭ ᠲᠠᠢ ᠪᠠᠶᠢᠵᠤ ᠦᠨᠤ ᠪᠤᠯᠳᠠᠯ᠎ᠠ ᠬᠠᠳᠠᠭᠠᠯᠭᠰᠠᠭᠠᠷ ᠪᠠᠶᠢᠨ᠎ᠠ᠃ ᠦᠢᠷᠠᠳ ᠮᠣᠩᠭᠤᠯ ᠤᠨ ᠠᠮᠠᠨ ᠠᠶᠠᠯᠭᠤᠨ ᠳᠤ ᠡᠷᠳᠡᠨ ᠤ ᠨᠣᠮ ᠪᠢᠴᠢᠭ ᠲᠤ ᠢᠯᠡᠷᠡᠬᠦ   ᠬᠠᠯᠢᠶᠠᠬᠤ — ᠬᠠᠷᠠᠬᠤ᠂ ᠦᠵᠡᠬᠦ᠃ ᠠᠰᠬᠠᠨ — ᠪᠦᠷᠦᠢ᠂ ᠣᠷᠤᠢ᠃ ᠦᠷᠦᠨ — ᠦᠷᠯᠦᠭᠡ ᠭᠡᠬᠦ ᠮᠡᠳᠣ ᠦᠭᠡᠰ ᠨᠢ ᠠᠯᠠᠱᠠ ᠠᠮᠠᠨ ᠠᠶᠠᠯᠭᠤ ᠳᠤ ᠣᠳᠤ ᠪᠤᠯᠳᠠᠯ᠎ᠠ ᠶᠠᠷᠢᠭᠰᠠᠭᠠᠷ ᠪᠤᠢ᠃     ᠣᠳᠣ ᠪᠠᠶᠢᠭ᠎ᠠ ᠠᠯᠱᠠ ᠠᠮᠠᠨ ᠠᠶᠠᠯᠭᠤᠨ ᠳᠠᠬᠢ ᠶᠠᠷᠢᠶᠠᠨ ᠤ ᠬᠡᠯᠡ ᠠᠴᠠ ᠬᠡᠰᠡᠭ ᠪᠣᠰᠠᠭ ᠢ ᠰᠡᠶᠢᠷᠡᠭᠦᠯᠦᠶ᠎ᠡ᠄    ᠮᠠᠩᠭᠠᠳᠣᠷ — ᠮᠠᠷᠭᠠᠰᠢ    ᠬᠠᠷᠠᠩᠭᠠᠯᠠᠬᠤ — ᠦᠯᠦᠰᠬᠦ    ᠪᠤᠭᠤᠷᠰᠤᠭ — ᠪᠤᠤᠪᠤ    ᠬᠠᠯᠢᠶᠠᠬᠤ — ᠬᠠᠷᠠᠬᠤ    ᠴᠠᠩᠭᠠᠬᠤ — ᠣᠮᠳᠠᠭᠠᠰᠬᠤ    ᠠᠷᠭᠠᠰᠤ᠂ ᠬᠤᠷᠭᠤᠰᠤ — ᠠᠷᠭᠠᠯ    ᠬᠠᠯᠢᠪ — ᠬᠠᠪᠬᠠᠭᠠᠰᠣ    ᠲᠠᠯᠵᠢᠭ — ᠬᠤᠰᠤᠭᠤᠷ    ᠰᠠᠷᠠᠪᠴᠢ — ᠨᠢᠳᠤᠨ ᠰᠢᠯ    ᠰᠣᠯᠢᠬᠢᠷ — ᠴᠣᠯᠢᠬᠢᠷ    ᠱᠣᠮᠳᠠᠢ — ᠭᠤᠶᠤ ᠰᠠᠶᠢᠬᠠᠨ᠂ ᠶᠠᠩᠵᠤ ᠨᠢ ᠰᠠᠶᠢᠬᠠᠨ᠃ ᠱᠣᠮᠳᠠᠢ ᠲᠡᠮᠡᠭᠡ᠃    ᠱᠣᠮ ᠲᠠᠳᠠᠭᠠᠳ — ᠮᠠᠶ᠋ᠢᠭᠯᠠᠭᠠᠳ᠂ ᠳᠡᠭᠡᠭᠦᠷ ᠬᠠᠷᠠᠵᠤ ᠶᠠᠩᠵᠤ ᠭᠠᠷᠬᠤ᠂ ᠦᠭᠡ ᠲᠣᠣᠭᠠᠷᠬᠤ ᠦᠭᠡᠢ ᠪᠠᠶᠢᠳᠠᠯ ᠢ ᠵᠢᠭᠠᠨ᠎ᠠ᠃    ᠲᠦᠷᠢᠬᠦ —  ᠣᠭᠤᠳᠠ ᠰᠠᠪᠠᠨ ᠳᠤ ᠶᠠᠭᠤᠮ᠎ᠠ ᠬᠢᠬᠦ᠃    ᠵᠣᠣᠬᠠᠨ — ᠪᠠᠭ᠎ᠠ᠂ ᠵᠢᠭᠠᠬᠠᠨ᠃    ᠰᠠᠪᠠ ︵ᠣᠷᠳᠣᠳᠬᠠᠵᠤ︶ ᠦᠭᠡᠢ — ᠬᠢᠷᠢ ᠪᠠᠨ ᠮᠡᠳᠡᠬᠦ ᠦᠭᠡᠢ᠃    ᠬᠤᠨᠵᠢᠩ ᠱᠠᠭᠠᠨ᠎ᠠ —  ᠬᠤᠨᠵᠢᠨ᠎ᠠ ᠭᠡᠬᠦ ᠣᠳᠬ᠎ᠠ᠃    ᠰᠦᠢ ︵sooi) — ᠰᠦᠨᠢ    ᠰᠠᠭᠰᠠᠢ — ᠠᠭᠰᠢᠭᠠᠭᠰᠠᠨ ᠳᠣᠳᠣᠷᠭᠠᠨ ᠪᠣᠳᠠᠭ᠎ᠠ ᠪᠤᠶᠤ ᠭᠤᠯᠢᠷ ᠪᠤᠳᠠᠭ᠎ᠠ    ᠣᠳᠠ ᠪᠣᠳᠠᠭ᠎ᠠ — ᠬᠠᠭᠤᠷᠠᠭᠰᠠᠨ ᠠᠮᠤ    ᠲᠦᠯᠳᠡᠷ — ᠡᠮᠦᠨ᠎ᠡ ᠬᠡᠳᠦᠨ ᠡᠳᠦᠷ᠃    ᠰᠢᠷᠪᠢᠬᠦ — ᠲᠤᠭᠠᠨ ᠠᠴᠠ ᠭᠠᠷᠭᠠᠬᠤ᠂ ᠭᠤᠤᠯᠳᠠᠭᠤ ᠬᠦᠴᠤ ᠮᠠᠭᠤ ᠮᠠᠯ ᠢ ᠬᠤᠳᠠᠯᠳᠣᠬᠤ ᠶᠢ ᠬᠡᠯᠡᠨ᠎ᠡ᠃    ᠦᠮᠦᠳᠤᠨ ᠤ ᠦᠯᠦᠬᠦ — ᠦᠮᠦᠳᠤᠨ ᠲᠡᠯᠡᠢ    ᠳᠡᠷᠡᠰᠤ ︵ᠪᠣᠳᠠ︶ — ᠲᠦᠩᠭᠦ᠃    ᠵᠢᠷᠡᠶᠢᠭᠡᠳ — ᠬᠤᠷᠳᠤᠨ ᠭᠦᠶᠦᠬᠦ᠃    ᠭᠡᠶᠢᠴᠢ — ᠭᠡᠶᠢᠴᠢᠨ    ᠠᠮᠠ ᠮᠦᠯᠴᠡ — ᠴᠠᠭ ᠲᠤᠨᠢ ᠨᠢ ᠠᠮᠵᠢᠭᠤᠯᠬᠤ    ᠶᠡᠯᠳᠡᠩ — ᠠᠯᠢᠶ᠎ᠠ ᠲᠡᠭᠵᠢᠨ᠃ ᠶᠡᠯᠳᠡᠩ ᠬᠡᠤᠬᠡᠳ    ᠠᠮᠠᠳᠠᠭᠳ ᠠᠪᠬᠤ — ᠲᠣᠰᠤᠭᠠᠳ ᠠᠪᠬᠤ᠃    ᠬᠢᠵᠢᠶᠠᠷ — ᠪᠦᠰ ᠤᠨ ᠦᠭᠡᠳᠡᠰᠤ    ᠲᠣᠰᠤᠨ ᠤ ᠬᠠᠰᠢᠩ — ᠲᠣᠰᠤᠨ ᠤ ᠬᠠᠯᠢᠮᠠᠭ᠂ ᠰᠢᠷᠠᠯᠠᠭᠤᠯᠤᠭᠰᠠᠨ ᠲᠣᠰᠤᠨ ᠤ ᠰᠢᠭᠠᠷᠠᠤ᠃    ᠬᠤᠢ — ᠬᠤᠨᠢ    ᠲᠡᠷᠭᠢᠭᠡᠳ — ᠣᠯᠠᠨ ᠠᠮᠢᠳᠠᠨ ᠬᠦᠶᠦᠯᠳᠦᠬᠦ᠃    ᠬᠠᠩᠭᠠᠳᠠᠭᠠᠳ — ᠠᠷᠭ᠎ᠠ ᠠᠭᠠᠰᠢ ᠪᠠᠨ ᠪᠠᠷᠠᠵᠤ᠂ ᠬᠢᠳᠡᠯ ᠠᠯᠳᠠᠨ ᠨᠠᠰᠢ ᠴᠠᠰᠢ ᠶᠠᠪᠤᠬᠤ᠃ ᠣᠶᠠᠭ᠎ᠠ ᠲᠠᠢ ᠲᠡᠮᠡᠭᠡ ᠮᠠᠯ ᠣᠶᠠᠭᠠᠨ ᠲᠡᠭᠡᠷ᠎ᠡ ᠪᠠᠨ ᠨᠠᠰᠢ ᠴᠠᠰᠢ ᠡᠷᠭᠢᠬᠦ᠃    ᠰᠣᠮᠠᠯᠢ — ᠨᠤᠤᠰᠤᠨ ᠣᠳᠠᠰᠤ ᠪᠠᠷ ᠨᠡᠬᠡᠵᠤ ᠬᠢᠭᠰᠡᠨ ᠣᠭᠤᠳᠠ᠃    ᠬᠤᠯᠬᠢᠬᠤ  — ᠬᠢᠳᠠᠯ ᠠᠯᠳᠠᠨ ᠨᠠᠰᠢ ᠴᠠᠰᠢ ᠶᠠᠪᠤᠬᠤ᠃    ᠬᠠᠪᠳᠠᠷᠠᠭᠠᠬᠤ — ᠢᠴᠢᠭᠡᠬᠦ᠃    ᠶᠠᠭᠤ ᠬᠠᠶᠢᠨ ᠳᠤ ᠦᠭᠡᠢ — ᠶᠠᠭᠠᠬᠢᠬᠤ ᠶᠢᠨ ᠵᠠᠪ ᠦᠭᠬᠦ ᠦᠭᠡᠢ᠃    ᠭᠤᠩᠳᠣᠤ  —  ᠨᠢᠮᠪᠠᠢ᠃    ᠱᠦᠭᠦᠷᠮᠡᠭ — ᠠᠭᠠᠷᠣᠣᠯ᠃    ᠬᠤᠷᠤᠰ — ᠬᠦᠮᠡᠯᠢ ᠶᠢ ᠴᠢᠭᠢᠭᠳᠡᠢ ᠪᠠᠷ ᠨᠢ ᠨᠦᠳᠦᠵᠤ ᠲᠣᠭᠤᠢ ᠪᠤᠶᠣ ᠪᠦᠭᠡᠷᠡᠩᠬᠡᠢ ᠪᠤᠯᠭᠠᠵᠤ ᠬᠢᠭᠰᠡᠨ ᠬᠠᠳᠠᠭᠠᠮᠠᠯ᠃    ᠣᠬᠢᠷᠠᠬᠤ — ᠣᠬᠢᠯᠠᠬᠤ᠃    ᠴᠠᠩᠬᠢᠶᠠᠯᠠᠬᠤ — ᠬᠡᠷᠡᠭ ᠦᠭᠡᠢ ᠶᠠᠭᠤᠮᠠᠨ ᠳᠤ ᠲᠳᠷᠠᠯᠠᠨ ᠣᠷᠤᠯᠴᠠᠬᠤ᠃    ᠬᠠᠮᠪᠠᠭᠠᠯᠠᠬᠤ — ᠶᠠᠭᠤᠮᠠᠨ ᠳᠤ ᠬᠤᠪᠳᠣᠭᠯᠠᠵᠤ ᠦᠮᠴᠢᠯᠡᠬᠦ᠃    ᠭᠠᠵᠠᠭ᠎ᠠ — ᠭᠠᠳᠠᠨ᠎ᠠ᠃    ᠭᠠᠵᠠᠭᠠᠯᠠᠬᠤ — ᠪᠡᠶ᠎ᠡ ᠵᠠᠰᠠᠬᠤ ᠶᠢᠨ ᠬᠦᠨᠳᠦᠳᠬᠡᠯ ᠦᠭᠡ᠃    ᠠᠬᠠᠷ — ᠣᠬᠤᠷ᠃    ᠭᠠᠵᠠᠷ ᠤᠨ ᠴᠠᠭᠠᠨ ᠳᠤ ᠭᠠᠷᠬᠤ — ᠠᠮᠣᠷ ᠮᠡᠨᠳᠤ ᠲᠦᠷᠦᠬᠦ᠃    ᠲᠣᠵᠢ ᠲᠠᠭᠠᠨ — ᠦᠷᠭᠦᠯᠵᠢ ᠳᠡᠭᠡᠨ᠃    ᠡᠭᠦᠣᠷ — ᠬᠡᠵᠢᠶᠡᠳᠡ᠃    ᠶᠠᠯᠢᠩ — ᠬᠡᠵᠢᠶᠡᠳᠡ᠃    ᠬᠤᠩᠭᠤ —  ᠲᠠᠰᠢᠶ᠎ᠠ᠂ ᠰᠠᠭᠤᠷᠢ    ᠬᠦᠭ ᠲᠠᠢ — ᠱᠣᠭᠳᠠᠢ᠂ ᠰᠣᠨᠢᠨ᠃    ᠪᠠᠷᠠᠮᠬᠠᠨ — ᠬᠦᠭᠡᠷᠦᠬᠡᠨ᠂ ᠭᠤᠶᠤᠬᠠᠨ᠃    ᠦᠬᠡᠷᠬᠡᠨ — ᠬᠦᠭᠡᠷᠦᠬᠡᠨ᠃    ᠠᠭᠰᠠᠶᠢᠳᠠᠬᠤ — ᠪᠦᠳᠦᠭᠡᠨ ᠰᠢᠭ ᠶᠠᠭᠤᠮ᠎ᠠ ᠶᠢ ᠦᠢᠷ᠎ᠠ ᠵᠠᠭᠤᠷ᠎ᠠ ᠬᠠᠶᠠᠵᠤ ᠶᠠᠪᠤᠭᠤᠯᠬᠤ᠃    ᠴᠢᠯᠠᠭᠤᠳᠠᠬᠤ — ᠪᠠᠭ᠎ᠠ ᠰᠢᠭ ᠶᠠᠭᠤᠮ᠎ᠠ ᠶᠢ ᠬᠤᠯᠠ ᠬᠠᠶᠠᠵᠤ ᠶᠠᠪᠤᠭᠤᠯᠬᠤ᠃    ᠲᠠᠪᠤᠨ ᠰᠠᠯᠠᠭ᠎ᠠ ᠲᠠᠢ ᠪᠤᠭᠤᠷᠰᠤᠭ ᠢᠳᠡᠭᠦᠯᠬᠦ — ᠠᠯᠠᠭᠠᠳᠠᠭᠤᠯᠬᠤ    ᠰᠠᠪᠳᠠᠷᠭᠠᠨ —  ᠶᠠᠭᠤᠮ᠎ᠠ ᠪᠤᠯᠭᠠᠨ ᠭᠠᠷ ᠬᠦᠷᠬᠦ᠃    ᠬᠠᠯᠠᠬᠠᠢ ᠲᠦᠯᠡᠬᠡᠢ — ᠬᠠᠯᠠᠵᠤ ᠲᠦᠯᠡᠭᠳᠡᠬᠦ ᠳᠤ ᠣᠷᠭᠤᠮᠳᠠᠭᠤ ᠬᠡᠯᠡᠯᠭᠡ᠃    ᠣᠷᠭᠤᠮᠳᠠᠬᠤ —  ᠣᠣᠯᠭ᠎ᠠ ᠠᠯᠳᠠᠬᠤ ︵ᠰᠣᠴᠢᠬᠤ︶    ᠪᠦᠷᠦᠭᠦᠯ — ᠪᠦᠷᠦᠢ᠃    ᠮᠠᠩᠭᠢᠷᠰᠤ — ᠰᠠᠷᠢᠮᠰᠠᠭ᠃    ᠡᠮᠤᠷᠤ — ᠡᠮᠦᠨᠡᠰᠢ᠃    ᠬᠤᠶᠢᠷᠤ — ᠬᠤᠶᠢᠰᠢ᠃    ᠵᠡᠭᠦᠨᠡᠶᠢᠳᠡ᠂ ᠪᠠᠷᠠᠭᠤᠨᠠᠶᠢᠳᠠ — ᠵᠡᠭᠦᠨᠰᠢ᠂ ᠪᠠᠷᠠᠭᠤᠨᠰᠢ᠃    ᠲᠠᠬᠢᠶᠠᠳ —  ᠲᠠᠬᠢᠨ ᠨᠢᠭᠡ ᠣᠳᠠᠭ᠎ᠠ᠃    ᠦᠰᠦ — ᠰᠦ ᠶᠢ ᠬᠡᠯᠡᠨ᠎ᠡ᠃    ᠬᠡᠭᠡᠮᠰᠦᠭ —  ᠭᠤᠶᠤᠯᠠᠵᠤ ᠭᠠᠩᠭᠠᠯᠠᠬᠤ ᠲᠣᠷᠠᠳᠠᠢ᠃    ᠵᠣᠷᠳᠠᠶᠢᠳᠠᠢ — ᠭᠤᠶᠤᠮᠰᠤᠭ ︵ᠶᠣᠵᠣᠯᠠᠭᠰᠠᠨ ᠣᠳᠬ᠎ᠠ ᠲᠠᠢ︶    ᠠᠶᠢᠵᠤ — ᠠᠶᠤᠵᠤ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号