ᠠᠯᠠᠱᠠ ᠳᠤ ᠠᠩᠬ᠎ᠠ ᠨᠠᠬᠦᠷᠠᠰᠤ ᠮᠠᠯᠳᠠᠬᠰᠠᠨ ᠶᠠᠪᠤᠳᠠᠯ
ᠨᠡᠶᠢᠲᠡᠯᠡᠭᠰᠡᠨ ᠴᠠᠭ᠄
2019/5/10
1778 ᠤᠨ ︵ᠲᠡᠭᠷᠢ ᠲᠡᠳᠬᠦᠭᠴᠢ ᠶᠢᠨ ᠲᠥᠴᠢᠨ ᠭᠤᠷᠪᠠᠳᠤᠭᠠᠷ ᠤᠨ︶ ᠤ ᠵᠤᠨ ᠤ ᠢᠯᠡᠬᠦᠤ ᠰᠡᠬᠦᠯ ᠰᠠᠷ᠎ᠠ ᠶᠢᠨ ᠰᠢᠨ᠎ᠠ ᠶᠢᠨ ᠵᠢᠷᠭᠤᠭᠠᠨ ᠳᠤ ᠠᠯᠠᠱᠠ ᠬᠤᠰᠢᠭᠤ ᠠᠴᠠ ᠢᠷᠭᠠᠢ ᠶᠢᠨ ᠮᠤᠩᠭᠤᠯ ᠤᠨ ᠲᠤᠳᠤᠭᠠᠳᠤ ᠭᠠᠵᠠᠷ ᠤᠨ ᠭᠡᠷᠡᠭ ᠢ ᠰᠢᠢᠳᠭᠡᠬᠦ ᠶᠠᠮᠤᠨ ᠳᠤ ᠮᠡᠳᠡᠬᠦᠯᠥᠭᠰᠡᠨ ᠪᠢᠴᠢᠭ ᠲᠤᠷ᠄ ᠴᠠᠭᠠᠨ ᠬᠠᠳᠠ ︵ᠱᠢ ᠽᠥᠢ ᠱᠠᠨ︶ ᠶᠢᠨ ᠠᠷᠤ ᠳᠤ ᠮᠠᠨ ᠤ ᠬᠤᠰᠢᠭᠤ ᠨᠢᠭᠡᠨ ᠰᠥᠮ᠎ᠠ ᠪᠠᠷᠢᠵᠤ ᠥᠷᠬᠦᠯᠵᠢ ᠯᠠᠮᠠ ᠬᠤᠷᠠᠵᠤ ᠪᠤᠷᠬᠠᠨ ᠲᠠᠬᠢᠬᠰᠠᠭᠠᠷ ᠲᠤᠯᠠ ᠡᠳᠡ ᠨᠠᠷ ᠤᠨ ᠲᠥᠯᠡᠰᠢ ᠶᠢ ᠲᠥᠬᠦᠮ ᠪᠤᠯᠭᠠᠬᠤ ᠲᠤᠬᠠᠢ ᠪᠤᠳᠤᠯᠬᠢᠯᠠᠪᠠ᠃ ᠴᠠᠭᠠᠨ ᠬᠠᠳᠠ ᠶᠢᠨ ᠡᠮᠤᠨ᠎ᠠ ᠵᠠᠬ᠎ᠠ ᠶᠢᠨ ᠵᠠᠭᠠᠬ ᠤᠨ ᠫᠠᠶᠢᠰᠠ ᠶᠢᠨ ᠲᠤᠳᠤᠷ᠎ᠠ ᠪᠥᠬᠦᠢ ᠨᠡᠬᠦᠷᠠᠰᠤ ᠶᠢ ᠭᠡᠳᠤᠨ ᠵᠢᠯ ᠬᠢᠳᠠᠳᠴᠤᠳ ᠮᠠᠯᠳᠠᠵᠤ ᠪᠠᠶᠢᠯ᠎ᠠ ᠂ ᠤᠳᠤ ᠵᠠᠭᠠᠬ ᠤᠨ ᠭᠠᠳᠠᠨ᠎ᠠ ᠪᠤᠢ᠃ ᠮᠠᠨ ᠤ ᠮᠤᠩᠭᠤᠯ ᠭᠠᠵᠠᠷ ᠲᠤ ᠢᠷᠭᠡᠨ ᠢ ᠬᠥᠯᠥᠰᠤᠯᠠᠨ ᠭᠡᠳᠤᠨ ᠨᠥᠭᠡ ᠭᠠᠷᠭᠠᠨ ᠲᠥᠯᠡᠰᠢ ᠶᠢ ᠰᠢᠢᠳᠪᠤᠷᠢᠯᠡᠵᠤ ᠪᠤᠯᠤᠨ᠎ᠠ ᠤᠤ︖ ᠭᠡᠵᠤ ᠮᠡᠳᠡᠬᠦᠯᠥᠭᠰᠡᠨ ᠢ ᠶᠤᠰᠤᠭᠠᠷ ᠵᠥᠪᠰᠢᠶᠡᠷᠡᠭᠡᠳ ᠲᠤᠰᠬᠠᠢ ᠠᠯᠪᠠᠨ ᠪᠢᠴᠢᠭ ᠢ ᠪᠠᠭᠤᠯᠭᠠᠵᠡᠢ᠃ ᠠᠯᠪᠠᠨ ᠪᠢᠴᠢᠭ ᠢ ᠤᠯᠤᠬᠰᠠᠭᠠᠷ ᠨᠡᠬᠦᠷᠠᠰᠤ ᠶᠢ ᠡᠬᠢᠯᠡᠵᠤ ᠮᠠᠯᠳᠠᠵᠤ ᠭᠡᠷᠡᠭᠯᠡᠭᠰᠡᠨ ᠶᠤᠮ᠃ ᠮᠥᠨ ᠲᠥᠷᠤ ᠶᠢᠨ ᠲᠥᠴᠢᠨ ᠭᠤᠷᠪᠠᠳᠤᠭᠠᠷ ᠤᠨ ᠳᠤ ᠫᠢᠡᠭ ᠯᠥᠸᠧ ᠰᠢᠶᠠᠨ ᠤ ᠬᠢᠳᠠᠳᠴᠤᠳ᠂ ᠮᠤᠩᠭᠤᠯ ᠨᠤᠳᠤᠬ ᠤᠨ ᠬᠢᠯᠢ ᠶᠢ ᠲᠠᠪᠠᠵᠤ᠂ ᠳ᠋ᠠ ᠡᠤ ᠺᠸᠤ ︵大武口︶ ᠳᠤ ᠨᠠᠬᠦᠷᠠᠰᠤ ᠮᠠᠯᠳᠠᠵᠤ᠂ ᠭᠡᠳᠤᠨ ᠨᠥᠭᠡ ᠭᠠᠷᠭᠠᠬᠰᠠᠨ ᠢ ᠪᠤᠯᠠᠵᠤ ᠪᠢᠳᠠᠬᠦᠮᠵᠢᠯᠡᠪᠡ ᠭᠡᠮᠡᠨ ᠨᠢᠩᠰᠢᠶᠠ ᠶᠢᠨ ᠮᠤᠩᠭᠤᠯ ᠤᠨ ᠲᠤᠳᠤᠭᠠᠳᠤ ᠭᠡᠷᠡᠭ ᠢ ᠰᠢᠢᠳᠭᠡᠬᠦ ᠶᠠᠮᠤᠨ ᠠᠴᠠ ᠵᠠᠬᠢᠶ᠎ᠠ ᠢᠷᠡᠭᠰᠡᠨ ᠢ ᠬᠥᠯᠢᠶᠡᠨ ᠠᠪᠤᠪᠠ᠃ 1779 ᠤᠨ ︵ᠲᠡᠭᠷᠢ ᠲᠡᠳᠬᠦᠭᠴᠢ ᠶᠢᠨ ᠲᠥᠴᠢᠨ ᠲᠥᠷᠪᠡᠳᠤᠭᠡᠷ ᠤᠨ︶ ᠳᠤ ᠠᠯᠠᠱᠠ ᠬᠤᠰᠢᠭᠤᠨ ᠤ ᠠᠷᠠᠳ ᠤᠨ ᠲᠥᠯᠡᠰᠢ ᠶᠢ ᠰᠢᠢᠳᠪᠤᠷᠢᠯᠡᠬᠦ ᠶᠢᠨ ᠲᠥᠯᠥᠭᠡ ᠵᠡᠬᠦᠨ ᠪᠡᠯ ᠤᠨ ᠳ᠋ᠧᠺᠧ ᠶᠢᠨ ᠨᠡᠬᠦᠷᠠᠰᠤ ᠪᠠ ᠴᠠᠭᠠᠨ ᠲᠠᠷᠠᠰᠤᠨ ᠤ ᠨᠡᠬᠦᠷᠠᠰᠤ ᠶᠢ ᠨᠡᠭᠡᠭᠡᠬᠦ ᠪᠠᠷ ᠴᠢᠩ ᠤᠯᠤᠰ ᠤᠨ ᠶᠡᠭᠡ ᠵᠤᠷᠭᠠᠨ ᠳᠤ ᠮᠡᠳᠡᠬᠦᠯᠵᠤ ᠵᠥᠪᠰᠢᠶᠡᠷᠡᠬᠦᠯᠥᠨ ᠠᠭᠤᠷᠬᠠᠢ ᠨᠡᠭᠡᠭᠡᠵᠤ ᠠᠷᠠᠳ ᠤᠨ ᠲᠥᠯᠡᠰᠢ ᠶᠢ ᠰᠢᠢᠳᠪᠤᠷᠢᠯᠡᠵᠤ ᠥᠭᠴᠡᠢ᠃ ᠠᠯᠠᠱᠠ ᠠᠭᠤᠯᠠ ᠪᠤᠯ ᠨᠡᠬᠦᠷᠠᠰᠤ ᠶᠢᠨ ᠪᠤᠯᠠᠬᠳᠠᠴᠠ ᠪᠠᠷ ᠡᠯᠪᠡᠭ ᠲᠠᠢ ᠭᠠᠵᠠᠷ ᠶᠤᠮ᠃ ᠠᠯᠠᠱᠠ ᠬᠤᠰᠢᠭᠤ ᠪᠠᠶᠢᠭᠤᠯᠤᠬᠳᠠᠬᠰᠠᠨ ᠠᠴᠠ ᠬᠤᠶᠢᠰᠢ᠂ ᠭᠤᠤᠯᠳᠠᠭᠤ 1779 ᠤᠨ ︵ᠲᠡᠭᠷᠢ ᠲᠡᠳᠬᠦᠭᠴᠢ ᠶᠢᠨ ᠲᠥᠴᠢᠨ ᠲᠥᠷᠪᠡᠳᠤᠭᠡᠷ ᠤᠨ︶ ᠠᠴᠠ ᠡᠬᠢᠯᠡᠵᠤ᠂ ᠯᠤᠪᠰᠠᠩᠳᠤᠷᠵᠢ ᠨᠤᠶᠠᠨ ᠠᠷᠠᠳ ᠲᠥᠮᠡᠨ ᠤ ᠲᠥᠯᠡᠰᠢ ᠶᠢ ᠰᠢᠢᠳᠪᠤᠷᠢᠯᠡᠵᠤ ᠥᠭᠬᠦ ᠶᠢᠨ ᠬᠠᠮᠳᠤ᠂ ᠭᠠᠳᠠᠨ᠎ᠠ ᠤᠷᠤᠨ ᠤ ᠠᠷᠠᠳ ᠲᠤ ᠬᠤᠳᠠᠯᠳᠤᠵᠤ᠂ ᠬᠤᠰᠢᠭᠤᠨ ᠤ ᠡᠳ᠋ ᠤᠨ ᠵᠠᠰᠠᠬ ᠤᠨ ᠤᠷᠤᠯᠭ᠎ᠠ ᠳᠤ ᠨᠡᠮᠡᠷᠢ ᠪᠤᠯᠭᠠᠬᠰᠠᠨ ᠪᠠ ᠭᠠᠶᠢᠯᠢ ᠲᠠᠳᠠᠪᠤᠷᠢ ᠠᠪᠴᠤ᠂ ᠬᠤᠰᠢᠭᠤᠨ ᠤ ᠠᠯᠪᠠᠨ ᠵᠠᠷᠤᠳᠠᠯ ᠳᠤ ᠨᠡᠶᠢᠯᠡᠬᠦᠯᠵᠤ ᠪᠠᠶᠢᠪᠠ᠃ ᠨᠡᠬᠦᠷᠠᠰᠤᠨ ᠠᠭᠤᠷᠬᠠᠢ ᠶᠢ ᠠᠯᠪᠠᠨ ᠠᠴᠠ ᠡᠵᠡᠩᠨᠡᠵᠤ᠂ ᠭᠠᠳᠠᠨ᠎ᠠ ᠤᠷᠤᠨ ᠤ ᠬᠥᠯᠥᠰᠤᠨ ᠠᠵᠢᠯᠴᠢᠨ ᠢ ᠭᠡᠷᠡᠭᠯᠡᠵᠤ᠂ ᠵᠡᠬᠦᠨ ᠪᠡᠯ ᠤᠨ ᠲᠡᠨᠵᠢ ᠶᠢᠨ ᠨᠡᠬᠦᠷᠠᠰᠤ ᠬᠢᠭᠡᠳ ᠴᠠᠭᠠᠨ ᠲᠠᠷᠠᠰᠤ᠂ ᠤᠯᠠᠭᠠᠨ ᠮᠤᠳᠤ ᠵᠡᠷᠭᠡ ᠭᠠᠵᠠᠷ ᠮᠠᠯᠳᠠᠵᠤ ᠳ᠋ᠢᠩ ᠶᠤᠸᠠᠨ ᠶᠢᠩ᠂ ᠬᠠᠳᠤᠨ ᠭᠤᠤᠯ ᠲᠠᠭᠠᠤ ᠮᠠᠯᠴᠢᠨ ᠲᠠᠷᠢᠶᠠᠴᠢᠨ ᠠᠷᠠᠳ ᠲᠤ ᠲᠥᠯᠡᠰᠢ ᠬᠠᠨᠭ᠍ᠭᠠᠵᠤ᠂ ᠪᠡᠯᠴᠢᠭᠡᠷ ᠤᠨ ᠡᠪᠡᠰᠤ ᠪᠤᠳᠠ ᠶᠢ ᠬᠠᠮᠠᠭᠠᠯᠠᠬᠤ ᠳᠤ ᠮᠠᠰᠢ ᠶᠡᠭᠡ ᠤᠢᠢᠯᠡᠳᠤᠯ ᠥᠵᠡᠬᠦᠯᠵᠡᠢ᠃ ᠲᠡᠨᠵᠢ ᠶᠢᠨ ᠬᠤᠳᠳᠤᠬ ᠢ ᠬᠤᠵᠢᠮ ᠬᠢᠳᠠᠳᠴᠤᠳ ᠳ᠋ᠧᠺᠧ ᠭᠡᠵᠤ ᠲᠠᠭᠤᠳᠠᠪᠠᠢ᠃ ᠡᠳᠤᠭᠡ ᠤᠯᠠᠭᠠᠨ ᠺᠤᠸᠠᠩ ︵乌兰矿︶ ᠭᠡᠵᠤ ᠨᠡᠷᠡᠯᠡᠪᠡᠢ᠃ 1803 ᠤᠨ ︵ᠰᠠᠶᠢᠰᠢᠶᠠᠯᠳᠤ ᠢᠷᠤᠭᠡᠯᠳᠤ ᠶᠢᠨ ᠨᠠᠢᠮᠠᠳᠤᠭᠠᠷ ᠤᠨ︶ ᠳᠤ ᠤᠳᠠ ᠶᠢᠨ ᠲᠡᠨᠳᠡᠬᠢ ᠨᠢ ᠨᠢᠴᠤᠬᠦᠨ ᠤ ᠨᠡᠬᠦᠷᠠᠰᠤ ᠶᠢ ᠡᠬᠢᠯᠡᠨ ᠮᠠᠯᠳᠠᠵᠤ᠂ ᠨᠢᠩᠰᠢᠶᠠ ᠶᠢᠨ ᠫᠢᠡᠭ ᠯᠥᠸᠧ ᠰᠢᠶᠠᠨ ᠤ ᠭᠠᠵᠠᠷ ᠬᠤᠳᠠᠯᠳᠤᠵᠤ ᠪᠠᠶᠢᠵᠡᠢ᠃ 1804 ᠤᠨ ︵ᠰᠠᠶᠢᠰᠢᠶᠠᠯᠳᠤ ᠢᠷᠤᠭᠡᠯᠳᠤ ᠶᠢᠨ ᠶᠢᠰᠤᠳᠤᠭᠡᠷ ᠤᠨ︶ ᠳᠤ ᠢᠷᠭᠠᠢ ᠶᠢᠨ ᠵᠤᠷᠭᠠᠨ ᠠᠴᠠ ᠤᠯᠠᠭᠠᠨ ᠮᠤᠳᠤᠨ ᠤ ᠨᠡᠬᠦᠷᠠᠰᠤ ︵ᠤᠳᠠ᠂ ᠨᠢᠴᠤᠬᠦᠨ︶ ᠶᠢ ᠮᠠᠯᠳᠠᠬᠤ ᠶᠢ ᠵᠤᠬᠰᠤᠭᠠᠬᠰᠠᠨ ᠳᠤ ᠬᠤᠰᠢᠭᠤᠨ ᠠᠴᠠ ᠭᠤᠶᠤᠳᠠᠯ ᠭᠠᠷᠭᠠᠪᠠ᠃ ᠡᠷᠳᠡᠨ ᠠᠴᠠ ᠠᠯᠠᠱᠠ ᠨᠤᠳᠤᠬ ᠤᠨ ᠬᠠᠳᠤᠨ ᠭᠤᠤᠯ ᠤᠨ ᠬᠥᠪᠡᠭᠡ ᠲᠠᠭᠠᠤ ᠮᠤᠳᠤ ᠶᠢ ᠲᠡᠬᠦᠵᠤ ᠲᠥᠯᠡᠰᠢᠨ ᠳᠤ ᠭᠡᠷᠡᠭᠯᠡᠭᠰᠡᠭᠡᠷ ᠬᠤᠪᠤᠷᠳᠠᠬᠰᠠᠨ ᠪᠠᠶᠢᠵᠡᠢ᠃ ᠲᠡᠶᠢᠮᠤ ᠳᠤ ᠲᠡᠭᠡᠷᠡᠬᠢ ᠶᠢᠨ ᠵᠥᠪᠰᠢᠶᠡᠷᠡᠯ ᠢᠶᠠᠷ ᠨᠠᠬᠦᠷᠠᠰᠤ ᠶᠢ ᠨᠡᠭᠡᠭᠡᠬᠦ ᠪᠠᠷ ᠮᠥᠨ ᠶᠢᠰᠤᠳᠤᠭᠡᠷ ᠤᠨ ᠳᠤ ᠳ᠋ᠸᠡᠭᠺᠸᠤ ᠶᠢᠨ ᠲᠠᠷᠢᠶᠠᠴᠢᠨ ᠢᠶᠠᠷ ᠵᠡᠬᠦᠨ ᠪᠠᠯ ᠤᠨ ᠤᠯᠠᠭᠠᠨ ᠮᠤᠳᠤᠨ ᠤ ᠨᠡᠬᠦᠷᠠᠰᠤ ᠶᠢ ᠡᠬᠢᠯᠡᠨ ᠮᠠᠯᠳᠠᠭᠤᠯᠬᠤ ᠪᠠᠷ ᠱᠠᠨᠰᠢ ᠶᠢᠨ ᠬᠢᠳᠠᠳ ᠸᠠᠩ ᠶᠢᠤ ᠢᠤᠢ ︵王有玉︶ ᠭᠡᠮᠡᠬᠦ ᠬᠤᠳᠠᠯᠳᠤᠭᠠᠴᠢᠨ ᠲᠠᠢ ᠭᠡᠷ᠎ᠠ ᠪᠠᠶᠢᠭᠤᠯᠵᠤ ᠲᠤᠯᠤᠭᠠᠢᠢᠯᠠᠨ ᠮᠠᠯᠳᠠᠭᠤᠯᠵᠤ᠂ ᠳ᠋ᠸᠡᠭᠺᠸᠤ ᠶᠢᠨ ᠠᠷᠠᠳ ᠤᠨ ᠲᠥᠯᠡᠰᠢ ᠶᠢᠨ ᠠᠰᠠᠭᠤᠳᠠᠯ ᠢ ᠰᠢᠢᠳᠪᠤᠷᠢᠯᠡᠵᠤ ᠥᠭᠴᠡᠢ᠃ 1823 ᠤᠨ ︵ᠲᠥᠷᠤ ᠭᠡᠷᠡᠯᠳᠤ ᠶᠢᠨ ᠭᠤᠷᠪᠠᠳᠤᠭᠠᠷ ᠤᠨ︶ ᠳᠤ ᠵᠥᠡᠭᠸᠧᠢ ᠶᠢᠨ 20 ᠭᠠᠷᠤᠢ ᠬᠢᠳᠠᠳ ᠢᠷᠡᠵᠤ ᠂ ᠳ᠋ᠠᠳᠠᠢ ︵达待︶ ᠶᠢᠨ ᠨᠡᠬᠦᠷᠠᠰᠤ ᠶᠢ ᠲᠤᠷ᠎ᠠ ᠪᠠᠷ ᠮᠠᠯᠳᠠᠪᠠ᠃ ᠨᠤᠳᠤᠬ ᠤᠨ ᠮᠠᠯᠴᠢᠳ ᠵᠠᠭᠠᠯᠳᠤᠬᠰᠠᠨ ᠳᠤ ᠬᠤᠰᠢᠭᠤᠨ ᠠᠴᠠ ᠲᠥᠰᠢᠮᠡᠯ ᠡᠴᠢᠬᠦᠯᠵᠤ ᠮᠠᠯᠳᠠᠬᠤ ᠶᠢ ᠵᠤᠬᠰᠤᠭᠠᠪᠠ᠃ 1833 ᠤᠨ ︵ᠲᠥᠷᠤ ᠭᠡᠷᠡᠯᠳᠤ ᠶᠢᠨ ᠠᠷᠪᠠᠨ ᠭᠤᠷᠪᠠᠳᠤᠭᠠᠷ ᠤᠨ︶ ᠳᠤ ᠬᠤᠰᠢᠭᠤᠨ ᠤ ᠬᠠᠷᠢᠶᠠᠳᠤ ᠴᠠᠭᠠᠨ ᠬᠠᠳᠠ ︵ᠱᠢ ᠽᠥᠢ ᠱᠠᠨ︶ ᠶᠢᠨ ᠨᠠᠬᠦᠷᠠᠰᠤ ᠶᠢ ᠥᠯᠬᠦᠨ ᠤ ᠬᠢᠳᠠᠳ ᠲᠤᠷ᠎ᠠ ᠪᠠᠷ ᠡᠬᠢᠯᠡᠨ ᠮᠠᠯᠳᠠᠵᠡᠢ᠃ ᠬᠤᠵᠢᠮ ᠨᠢ ᠢᠷᠭᠠᠢ ᠶᠢᠨ ᠵᠤᠷᠭᠠᠨ ᠠᠴᠠ ᠠᠯᠪᠠᠨ ᠶᠤᠰᠤᠭᠠᠷ ᠵᠤᠬᠰᠤᠭᠠᠪᠠ᠃ ᠪᠠᠷᠠᠭᠤᠨ ᠪᠡᠯ ᠤᠨ ᠴᠠᠭᠠᠨ ᠴᠢᠯᠠᠭᠤᠳᠤ ᠶᠢᠨ ᠨᠡᠬᠦᠷᠠᠰᠤ ᠶᠢ ᠬᠢᠳᠠᠳᠴᠤᠳ ᠬᠤᠯᠠᠭᠠᠢᠢᠯᠠᠨ ᠮᠠᠯᠳᠠᠬᠰᠠᠨ ᠢ ᠬᠤᠰᠢᠭᠤ ᠲᠠᠮᠠᠭ᠎ᠠ ᠶᠢᠨ ᠭᠠᠵᠠᠷ ᠠᠴᠠ ᠪᠢᠳᠡᠬᠦᠮᠵᠢᠯᠡᠪᠡ᠃ 1845 ᠤᠨ ︵ᠲᠥᠷᠤ ᠭᠡᠷᠡᠯᠳᠤ ᠶᠢᠨ ᠬᠤᠷᠢᠨ ᠲᠠᠪᠤᠳᠤᠭᠠᠷ ᠤᠨ︶ ᠳᠤ ᠴᠠᠭᠠᠨ ᠭᠤᠤᠯ᠂ ᠪᠥᠷᠢᠭᠴᠢ ᠶᠢᠨ ᠭᠤᠤᠯ ᠤᠨ ᠴᠢᠯᠠᠭᠤᠨ ᠨᠡᠬᠦᠷᠠᠰᠤ ᠶᠢ ᠬᠤᠪᠢ ᠬᠥᠮᠤᠨ ᠲᠥᠰᠢᠮᠡᠯ ᠪᠤᠳᠢ᠂ ᠵᠠᠮ᠎ᠠ ᠨᠠᠷ ᠲᠠᠮᠠᠭ᠎ᠠ ᠶᠢᠨ ᠭᠠᠵᠠᠷ ᠤᠨ ᠵᠥᠪᠰᠢᠶᠡᠷᠡᠯ ᠢᠶᠠᠷ ᠡᠬᠢᠯᠡᠨ ᠮᠠᠯᠳᠠᠵᠡᠢ᠃ 1862 ᠤᠨ ︵ᠪᠥᠷᠢᠨᠳᠤ ᠵᠠᠰᠠᠬᠴᠢ ᠶᠢᠨ ᠲᠡᠷᠢᠬᠦᠨ ᠤᠨ︶ ᠳᠤ ᠶᠠᠮᠤᠨ ᠭᠡᠶᠢᠳ ᠠᠴᠠ ᠲᠠᠮᠠᠭ᠎ᠠ ᠶᠢᠨ ᠭᠠᠵᠠᠷ ᠲᠤ ᠄ ᠲᠤᠰ ᠬᠡᠶᠢᠳ ᠤᠨ ᠬᠤᠷᠠᠯ ᠢ ᠴᠠᠬ ᠲᠤᠨᠢ ᠬᠤᠷᠠᠭᠤᠯᠬᠤ ᠳᠤ ᠲᠤᠰᠠᠯᠠᠬᠤ ᠲᠤᠬᠠᠢ᠂ ᠵᠡᠬᠦᠨ ᠪᠡᠯ ᠤᠨ ᠱᠠᠳᠠᠷᠢ ᠶᠢᠨ ᠭᠤᠤᠯ ᠳᠤ ᠰᠢᠨ᠎ᠠ ᠪᠠᠷ ᠨᠡᠭᠡᠭᠡᠵᠤ ᠪᠤᠯᠬᠤ ᠪᠤᠯᠤᠯᠴᠠᠭ᠎ᠠ ᠪᠥᠬᠦᠢ ᠬᠤᠶᠠᠷ ᠭᠡᠰᠡᠭ ᠨᠡᠬᠦᠷᠠᠰᠤᠨ ᠠᠭᠤᠷᠬᠠᠢ ᠶᠢ ᠨᠡᠭᠡᠭᠡᠬᠦ ᠪᠠ ᠮᠥᠨ ᠪᠠᠬ ᠤᠨ ᠥᠴᠦ᠋ᠢᠳᠠᠢ ᠶᠢᠨ ᠭᠤᠤᠯ ᠤᠨ ᠡᠬᠢᠨ ᠤ ᠰᠢᠷ᠎ᠠ ᠮᠤᠳᠤᠨ ᠭᠡᠮᠡᠬᠦ ᠭᠠᠵᠠᠷ ᠲᠤ ᠪᠢᠴᠢᠬᠠᠨ ᠲᠠᠷᠢᠶ᠎ᠠ ᠭᠠᠷᠭᠠᠵᠤ᠂ ᠲᠤᠰ ᠭᠡᠶᠢᠳ ᠤᠨ ᠪᠤᠶᠠᠨ ᠤ ᠤᠢᠢᠯᠡᠰ ᠲᠤ ᠨᠡᠮᠡᠷᠢ ᠥᠵᠡᠬᠦᠯᠬᠦ ᠪᠤᠯᠪᠠ ᠤᠤ ᠭᠡᠰᠡᠨ ᠳᠤ ᠸᠠᠩ ᠨᠤᠶᠠᠨ ᠠᠴᠠ ᠵᠥᠪᠰᠢᠶᠡᠷᠡᠪᠡ᠃ ᠲᠠᠷᠡ ᠶᠤᠰᠤᠭᠠᠷ ᠨᠡᠬᠦᠷᠠᠰᠤ ᠮᠠᠯᠳᠠᠬᠤ ᠪᠠ ᠲᠠᠷᠢᠶ᠎ᠠ ᠲᠠᠷᠢᠬᠤ ᠶᠠᠪᠤᠳᠠᠯ ᠢ ᠲᠤᠰ ᠲᠤᠰ ᠭᠤᠷᠪᠠᠨ ᠵᠢᠯ ᠤᠨ ᠬᠤᠭᠤᠴᠠᠭ᠎ᠠ ᠪᠠᠷ ᠡᠷᠬᠢᠯᠡᠪᠡ᠃ ᠱᠠᠳᠠᠷᠢ ᠭᠡᠬᠦ ᠭᠠᠵᠠᠷ ᠪᠤᠯ ᠤᠳᠤ ᠶᠢᠨ ᠪᠠᠬ ︵ᠡᠳᠤᠭᠡ ᠮᠥᠷᠡᠨ ᠭᠤᠤᠯ ᠰᠤᠮᠤᠨ ᠤ ᠭᠡᠪᠴᠢᠶᠡᠨ ᠳᠤ ᠪᠤᠢ︶ ᠤᠨ ᠭᠡᠪᠴᠢᠶᠡᠨ ᠳᠤ ᠪᠤᠢ᠃ ᠲᠡᠷᠡ ᠴᠠᠬ ᠲᠤ ᠱᠠᠳᠠᠷᠢ ᠭᠡᠬᠦ ᠭᠠᠵᠠᠷ ᠲᠤ ᠬᠤᠶᠠᠷ ᠭᠠᠵᠠᠷ ᠨᠡᠬᠦᠷᠠᠰᠤ ᠮᠠᠯᠳᠠᠵᠡᠢ᠃ ᠪᠥᠷᠢᠨᠳᠤ ᠵᠠᠰᠠᠬᠴᠢ ᠶᠢᠨ ᠥᠶ᠎ᠠ ᠳᠤ ᠵᠡᠬᠦᠨ ᠪᠡᠯ ᠪᠠᠬ ᠤᠨ ᠲᠤᠤᠷᠠᠢ ᠶᠢᠨ ᠨᠡᠬᠦᠷᠠᠰᠤ ᠶᠢ ᠬᠤᠰᠢᠭᠤᠨ ᠤ ᠲᠠᠮᠠᠭ᠎ᠠ ᠶᠢᠨ ᠭᠠᠵᠠᠷ ᠠᠴᠠ ᠬᠢᠳᠠᠳ ᠯᠢ ᠰᠢᠤᠢ ᠿᠸᠠ ᠳᠤ ᠥᠭᠴᠤ ᠨᠡᠭᠡᠭᠡᠵᠤ ᠪᠠᠶᠢᠳᠠᠯ᠎ᠠ ᠬᠤᠳᠤᠩ ᠲᠡᠭᠡᠷᠡᠮ ᠤᠨ ᠬᠥᠯ ᠪᠤᠯᠤᠬᠰᠠᠨ ᠳᠤ ᠵᠤᠬᠰᠤᠬᠰᠠᠨ ᠪᠢᠯᠡ᠃ 1866 ᠤᠨ ︵ᠪᠥᠷᠢᠨᠳᠤ ᠵᠠᠰᠠᠬᠴᠢ ᠶᠢᠨ ᠲᠠᠪᠤᠳᠤᠭᠠᠷ ᠤᠨ︶ ᠳᠤ ᠰᠢᠷᠡᠬᠦ᠋ᠳᠤᠯ ᠤᠨ ᠡᠮᠤᠨ᠎ᠠ ᠠᠭᠤᠯᠠ ᠶᠢᠨ ᠬᠠᠭᠤᠴᠢᠨ ᠬᠤᠳᠳᠤᠬ ᠤᠨ ᠨᠡᠬᠦᠷᠠᠰᠤ ᠶᠢ ᠹᠠᠨ ᠮᠢᠨ ᠽᠢ ᠭᠡᠬᠦ ᠬᠥᠮᠤᠨ ᠡᠬᠢᠯᠡᠵᠤ ᠮᠠᠯᠳᠠᠬᠰᠠᠨ ᠪᠤᠯᠪᠠᠴᠤ ᠬᠤᠳᠤᠩ ᠤᠨ ᠲᠠᠶᠢᠨ ᠤ ᠬᠥᠯ ᠳᠤ ᠤᠷᠬᠢᠬᠳᠠᠵᠡᠢ᠃ ᠵᠡᠬᠦᠨ ᠪᠡᠯ ᠤᠨ ᠬᠥᠭᠡ ᠮᠤᠬᠤᠷ ᠤᠨ ᠨᠠᠬᠦᠷᠠᠰᠤ ᠶᠢ ᠱᠠᠵᠢᠨᠳᠤᠬᠤᠢ ᠶᠢᠨ ᠵᠸᠤ ᠤᠪᠤᠬᠳᠤ ᠨᠡᠭᠡᠭᠡᠵᠤ᠂ ᠤᠳᠠ ᠶᠢᠨ ᠠᠮᠠ᠂ ᠰᠢᠷ᠎ᠠ ᠮᠤᠳᠤᠨ ᠤ ᠨᠡᠬᠦᠷᠡᠰᠤ ᠶᠢ ᠵᠡᠭᠡᠯᠢ ᠶᠢᠨ ᠴᠢᠨ ᠤᠪᠤᠬᠳᠤ ᠨᠠᠷ ᠲᠤᠰ ᠪᠥᠷᠢ 50 ᠲᠥᠬᠦᠷᠢᠭ ᠤᠨ ᠲᠥᠷᠢᠯᠭᠡ ᠪᠠᠷ ᠪᠠᠳᠤᠯᠠᠨ ᠮᠠᠯᠳᠠᠶ᠎ᠠ ᠭᠡᠰᠡᠨ ᠢ ᠵᠥᠪᠰᠢᠶᠡᠷᠡᠵᠤᠬᠦᠢ᠃ ᠵᠡᠬᠦᠨ ᠪᠡᠯ ᠤᠨ ᠤᠰᠤᠳᠤ᠂ ᠲᠡᠨᠵᠢ ᠶᠢᠨ ᠬᠤᠳᠳᠤᠬ ︵ᠤᠳᠤᠬᠢ ᠤᠯᠠᠭᠠᠨ ᠤ ᠠᠭᠤᠷᠬᠠᠢ︶᠂ ᠭᠤᠷᠪᠠᠨ ᠤᠪᠤᠭ᠎ᠠ᠂ ᠬᠤᠯᠤᠰᠤᠳᠠᠢ ᠵᠡᠷᠭᠡᠮᠵᠢ ᠳᠤ ᠨᠡᠬᠦᠷᠠᠰᠤᠨ ᠤ ᠭᠠᠷᠤᠯᠳᠠ ᠲᠥᠭᠡᠮᠡᠯ ᠪᠤᠢ᠃ ᠰᠠᠩ ᠤᠨ ᠲᠠᠯᠠᠢ ᠪᠠᠬ ᠤᠨ ᠳ᠋ᠠᠳᠠᠢ᠂ ᠵᠡᠬᠦᠨ ᠪᠡᠯ ᠤᠨ ᠨᠢᠴᠤᠬᠦᠨ᠂ ᠪᠠᠷᠠᠭᠤᠨ ᠪᠡᠯ ᠪᠤᠯᠤᠨ ᠠᠯᠠᠱᠠ ᠠᠭᠤᠯᠠᠨ ᠤ ᠭᠡᠪᠴᠢᠶ᠎ᠠ ᠳᠤ ᠪᠥᠷ ᠨᠡᠬᠦᠷᠠᠰᠤ ᠪᠠᠶᠢᠳᠠᠬ᠃ ᠭᠡᠪᠡᠴᠤ ᠭᠠᠷᠤᠯᠳᠠ ᠶᠢᠨ ᠶᠡᠭᠡ ᠪᠠᠭ᠎ᠠ ᠨᠢ ᠠᠳᠠᠯᠢ ᠥᠭᠡᠢ ᠪᠢᠯᠡ᠃ ᠲᠤᠬᠠᠢ ᠶᠢᠨ ᠥᠶ᠎ᠠ ᠶᠢᠨ ᠠᠯᠠᠱᠠ ᠶᠢᠨ ᠭᠤᠤᠯ ᠨᠡᠬᠦᠷᠠᠰᠤᠨ ᠠᠭᠤᠷᠬᠠᠢ ᠨᠤᠭᠤᠳ ᠨᠢᠴᠤᠬᠦᠨ ᠤ ᠨᠡᠬᠦᠷᠠᠰᠤ ︵ᠤᠳᠠ ᠳᠤ ᠪᠤᠢ︶ ᠤᠯᠠᠭᠠᠨ ᠮᠤᠳᠤᠨ ᠤ ᠨᠡᠬᠦᠷᠡᠰᠤ ︵ᠤᠳᠠ ᠳᠤ ᠪᠤᠢ︶ ᠴᠠᠭᠠᠨ ᠬᠠᠳᠠ ᠶᠢᠨ ᠨᠡᠬᠦᠷᠠᠰᠤ ︵ᠨᠢᠩᠰᠢᠶᠠ ᠳᠤ ᠪᠤᠢ︶ ᠴᠠᠭᠠᠨ ᠴᠢᠯᠠᠭᠤᠳᠤ ᠶᠢᠨ ᠨᠡᠬᠦᠷᠠᠰᠤ ︵ᠠᠯᠠᠱᠠ ᠪᠠᠷᠠᠭᠤᠨ ᠬᠤᠰᠢᠭᠤ ᠳᠤ ᠪᠤᠢ︶ ᠡᠬᠢᠨᠬᠤᠳᠳᠤᠬ ᠤᠨ ᠨᠡᠬᠦᠷᠠᠰᠤ ︵ᠠᠯᠠᠱᠠ ᠪᠠᠷᠠᠭᠤᠨ ᠬᠤᠰᠢᠭᠤ ᠳᠤ ᠪᠤᠢ︶ ᠰᠢᠨ᠎ᠠ ᠤᠰᠤᠨ ᠤ ᠨᠡᠬᠦᠷᠠᠰᠤ ︵ᠠᠯᠠᠱᠠ ᠵᠡᠬᠦᠨ ᠬᠤᠰᠢᠭᠤᠨ ᠤ ᠵᠢᠷᠭᠠᠯᠰᠠᠶᠢᠬᠠᠨ ᠳᠤ ᠪᠤᠢ︶ ᠲᠤᠤᠷᠠᠶᠢᠳᠤ ᠶᠢᠨ ᠨᠡᠬᠦᠷᠠᠰᠤ ︵ᠠᠯᠠᠱᠠ ᠵᠡᠬᠦᠨ ᠬᠤᠰᠢᠭᠤᠨ ᠤ ᠵᠢᠷᠭᠠᠯᠰᠠᠶᠢᠬᠠᠨ ᠳᠤ ᠪᠤᠢ︶ ᠪᠠᠶᠢᠰᠢᠩᠳᠤ ᠶᠢᠨ ᠨᠡᠬᠦᠷᠠᠰᠤ ︵ᠠᠯᠠᠱᠠ ᠵᠡᠬᠦᠨ ᠬᠤᠰᠢᠭᠤᠨ ᠤ ᠵᠢᠷᠭᠠᠯᠰᠠᠶᠢᠬᠠᠨ ᠳᠤ ᠪᠤᠢ︶ ᠭᠤᠷᠪᠠᠨ ᠤᠪᠤᠭ᠎ᠠ ᠶᠢᠨ ᠨᠡᠬᠦᠷᠠᠰᠤ ︵ᠠᠯᠠᠱᠠ ᠵᠡᠬᠦᠨ ᠬᠤᠰᠢᠭᠤ ᠳᠤ ᠪᠤᠢ︶ ᠴᠠᠭᠠᠨ ᠲᠤᠬᠤᠢ ᠶᠢᠨ ᠨᠡᠬᠦᠷᠡᠰᠤ ︵ᠨᠢᠩᠰᠢᠶᠠ ᠳᠤ ᠪᠤᠢ︶ ᠱᠠᠳᠠᠷᠢ ᠶᠢᠨ ᠨᠡᠬᠦᠷᠠᠰᠤ ︵ᠤᠳᠤ ᠶᠢᠨ ᠪᠠᠬ᠂ ᠤᠳᠤ ᠶᠢᠨ ᠠᠯᠠᠱᠠ ᠵᠡᠬᠦᠨ ᠬᠤᠰᠢᠭᠤᠨ ᠤ ᠮᠥᠷᠡᠨ ᠭᠤᠤᠯ ᠰᠤᠮᠤᠨ ᠳᠤ ᠪᠤᠢ︶ ᠳ᠋ᠧᠺᠧ ᠶᠢᠨ ᠨᠡᠬᠦᠷᠠᠰᠤ ︵ᠨᠢᠩᠰᠢᠶᠠ ᠳᠤ ᠪᠤᠢ︶ ᠤᠳᠠ ᠶᠢᠨ ᠨᠡᠬᠦᠷᠠᠰᠤ ︵ᠤᠳᠠ ᠳᠤ ᠪᠤᠢ︶ ᠳ᠋ᠠᠳᠠᠢ ᠶᠢᠨ ᠨᠡᠬᠦᠷᠠᠰᠤ ︵ᠨᠢᠩᠰᠢᠶᠠ ᠳᠤ ᠪᠤᠢ︶ ᠬᠤᠯᠤᠩ ᠲᠤᠯᠤᠭᠠᠢ ᠶᠢᠨ ᠨᠡᠬᠦᠷᠠᠰᠤ ︵ᠠᠯᠠᠱᠠ ᠪᠠᠷᠠᠭᠤᠨ ᠬᠤᠰᠢᠭᠤᠨ ᠤ ᠠᠯᠳᠠᠨᠴᠤᠬ ᠰᠤᠮᠤᠨ ᠳᠤ ᠪᠤᠢ︶ ᠤᠯᠠᠭᠠᠨ ᠲᠠᠳᠠᠭᠠᠯ ᠤᠨ ᠨᠡᠬᠦᠷᠠᠰᠤ ︵ᠠᠯᠠᠱᠠ ᠪᠠᠷᠠᠭᠤᠨ ᠬᠤᠰᠢᠭᠤᠨ ᠤ ᠡᠷᠪᠡᠭᠡᠢ ᠰᠤᠮᠤᠨ ᠳᠤ ᠪᠤᠢ︶᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号