| | 1882 ᠤᠨ ︵ᠪᠠᠳᠠᠷᠠᠭᠤᠯᠳᠤ ᠲᠦᠷᠤ ᠶᠢᠨ ᠨᠠᠢᠮᠠᠳᠤᠭᠠᠷ ᠤᠨ︶ ᠳᠤ ᠠᠯᠠᠱᠠ ᠶᠢᠨ ᠭᠡᠰᠡᠭ ᠭᠠᠵᠠᠷ ᠲᠤ ᠶᠡᠭᠡ | ᠭᠠᠨᠭ᠌ ᠲᠠᠢ ᠪᠤᠯᠤᠭᠰᠠᠨ ᠠᠴᠠ ᠶᠠᠪᠠᠷᠠᠢ ᠶᠢᠨ ᠰᠢᠯᠢ ᠳᠤ ᠤᠳᠤᠷᠯᠠᠵᠤ ᠤᠴᠢᠭᠰᠠᠨ ᠪᠠᠶᠢᠨ᠎ᠠ᠃ | 1883 ᠤᠨ ︵ᠪᠠᠳᠠᠷᠠᠭᠤᠯᠳᠤ ᠲᠦᠷᠤ ᠶᠢᠨ ᠶᠢᠰᠤᠳᠤᠭᠡᠷ ᠤᠨ︶ ᠳᠤ ᠠᠯᠠᠱᠠ ᠬᠤᠰᠢᠭᠤ ᠵᠢᠯ ᠲᠠᠷᠠᠭ᠎ᠠ ᠪᠠᠷ | ᠭᠠᠨᠭ᠌ ᠬᠠᠭᠰᠠᠷᠠᠭᠠᠨ ᠳᠤ ᠬᠦᠡᠳᠤ ᠠᠪᠳᠠᠭᠳᠠᠭᠰᠠᠨ ᠢ ᠲᠤᠮᠢᠯᠠᠨ ᠦᠵᠠᠵᠤ᠂ ᠴᠢᠩ ᠤᠯᠤᠰ ᠤᠨ ᠰᠠᠩ ᠤᠨ | ᠶᠠᠪᠤᠳᠠᠯ ᠤᠨ ᠶᠠᠮᠤᠨ ᠠᠴᠠ ᠲᠤᠯᠤᠭᠠᠨ ᠰᠠᠷ᠎ᠠ ᠶᠢᠨ ᠬᠤᠷᠢᠨ ᠲᠠᠪᠤᠨ ᠳᠤ ᠵᠠᠷᠯᠢᠭ ᠪᠠᠭᠤᠯᠭᠠᠵᠤ᠂ 3 ᠲᠦᠮᠠᠨ ᠯᠠᠩ | ᠮᠦᠡᠭᠬᠦ ᠲᠤᠰᠠᠯᠠᠵᠤ ᠦᠭᠴᠠᠢ᠃ | ᠮᠦᠨ ᠵᠢᠯ ᠳᠤ ᠭᠡᠰᠡᠭ ᠮᠠᠯᠴᠢᠤᠨ ᠤᠨ ᠮᠠᠯ ᠲᠠᠮᠡᠭᠡ ᠵᠤᠤᠨ ᠭᠠᠨᠭ᠌ ᠳᠤ ᠠᠪᠳᠠᠭᠳᠠᠵᠤ᠂ ᠠᠯᠪᠠ ᠡᠬᠦᠷᠭᠡᠯᠠᠬᠦ ᠴᠢᠨᠡᠭᠡ | ᠦᠭᠡᠢ ᠪᠤᠯᠤᠭᠰᠠᠨ ᠳᠤ ᠠᠯᠪᠠ ᠶᠢ ᠨᠢ ᠠᠭᠤᠴᠢᠯᠠᠭᠰᠠᠨ ᠪᠠᠶᠢᠨ᠎ᠠ᠃ | 1894 ᠤᠨ ︵ᠪᠠᠳᠠᠷᠠᠭᠤᠯᠳᠤ ᠲᠦᠷᠤ ᠶᠢᠨ ᠬᠤᠷᠢᠳᠤᠭᠠᠷ ᠤᠨ︶ ᠠᠴᠠ ᠡᠬᠢᠯᠠᠵᠤ᠂ ᠠᠯᠠᠱᠠ ᠬᠤᠰᠢᠭᠤ ᠭᠡᠳᠤᠨ | ᠵᠢᠯ ᠤᠨ ᠲᠤᠷᠰᠢ ᠭᠠᠨᠭ᠌ ᠭᠠᠮᠰᠢᠭ ᠦᠷᠬᠦᠯᠵᠢᠯᠡᠭᠰᠠᠨ ᠪᠠᠶᠢᠨ᠎ᠠ᠃ | ᠠᠯᠪᠠᠨ ᠵᠠᠷᠯᠢᠭ ᠢᠶᠠᠷ ᠲᠦᠷᠤ ᠭᠡᠷᠠᠯᠳᠤ ᠶᠢᠨ ᠲᠠᠷᠢᠬᠦᠨ ᠤᠨ ︵1821 ᠤᠨ︶ ᠳᠤ ᠠᠴᠢᠳᠤ ᠨᠤᠶᠠᠨ | ᠮᠠᠾᠠᠪᠠᠯᠨ ᠶᠢᠨ ᠬᠠᠤᠯᠢ ᠲᠤᠭᠳᠠᠭᠠᠭᠰᠠᠨ ᠶᠤᠰᠤᠭᠠᠷ ᠲᠤᠬᠠᠢ ᠶᠢᠨ ᠴᠠᠬ ᠲᠤ 640 ᠴᠢᠨ᠋ᠸ᠎ᠠ ᠶᠢ ᠠᠯᠠᠵᠤ | ᠤᠰᠠᠤᠠᠬᠠᠭᠰᠠᠨ ᠰᠠᠶᠢᠨ ᠪᠠᠶᠢᠳᠠᠯ ᠤᠨ ᠬᠤᠶᠢᠨ᠎ᠠ ᠠᠯᠠᠱᠠ ᠬᠤᠰᠢᠭᠤᠨ ᠤ ᠲᠠᠪᠤᠨ ᠬᠤᠰᠢᠭᠤ ᠮᠠᠯ ᠶᠡᠭᠡ ᠦᠰᠥᠭᠰᠠᠨ | ᠪᠠᠶᠢᠵᠠᠢ᠃ | ᠭᠡᠳᠠᠯ᠎ᠠ 1894 ᠤᠨ ︵ᠪᠠᠳᠠᠷᠠᠭᠤᠯᠳᠤ ᠲᠦᠷᠤ ᠶᠢᠨ ᠬᠤᠷᠢᠳᠤᠭᠠᠷ ᠤᠨ︶ ᠠᠴᠠ ᠨᠠᠰᠢ ᠭᠡᠳᠤᠨ ᠵᠢᠯ ᠲᠤᠳᠤᠷ᠎ᠠ | ᠴᠢᠨᠤ ᠠ᠋ ᠠᠷᠪᠢᠨ ᠦᠰᠴᠤ᠂ ᠬᠤᠰᠢᠭᠤᠨ ᠤ ᠡᠷᠭᠡᠳᠠᠨ ᠲᠦᠰᠢᠮᠠᠤᠨ᠂ ᠠᠷᠠᠤᠨ ᠤᠨ ᠮᠠᠯ ᠠᠳᠤᠭᠤ ᠶᠢ ᠬᠤᠬᠢᠷᠠᠭᠤᠯᠤᠨ | ᠰᠦᠢᠤᠠᠭᠡᠵᠤ ᠢᠷᠡᠭᠰᠠᠨ ᠤᠴᠢᠷ ᠲᠤ ᠬᠠᠭᠤᠴᠢᠨ ᠵᠢᠷᠤᠮ ᠢ ᠪᠠᠷᠢᠮᠳᠠᠯᠠᠵᠤ᠂ ᠤᠯᠠᠨ ᠪᠠᠭ᠂ ᠰᠦᠮ᠎ᠠ ᠶᠢᠨ ᠫᠤᠤ | ᠬᠠᠷᠪᠤᠬᠤ ᠮᠠᠷᠭᠡᠵᠢᠯ ᠲᠠᠢ ᠯᠠᠮᠨ ᠬᠠᠷ᠎ᠠ ᠬᠦᠮᠤᠰ ᠢ ᠵᠠᠷᠯᠠᠨ ᠲᠤᠮᠢᠯᠠᠵᠤ᠂ ᠲᠤᠰᠬᠠᠢ ᠲᠦᠰᠢᠮᠠᠯ ᠢᠶᠠᠷ | ᠤᠳᠤᠷᠢᠳᠤᠭᠤᠯᠤᠨ ᠵᠤᠬᠢᠶᠠᠨ ᠪᠠᠶᠢᠭᠤᠯᠵᠤ᠂ ᠨᠠᠶᠢᠳᠠᠮ ᠳᠤᠨᠢ ᠴᠢᠨ᠋ᠸ᠎ᠠ ᠤᠰᠠᠤᠠᠬᠠᠬᠤ ᠬᠦᠳᠠᠯᠭᠡᠭᠡᠨ ᠢ ᠦᠷᠭᠡᠨ ᠢᠶᠠᠷ | ᠶᠠᠪᠤᠭᠤᠯᠵᠠᠢ᠃ ᠬᠠᠮᠳᠤ ᠳᠤᠨᠢ ᠴᠢᠨ᠋᠊ ᠤᠠ᠋ ᠠᠷᠪᠢᠨ ᠠᠯᠠᠭᠰᠠᠤᠨ ᠢ ᠬᠦᠬᠢᠬᠦᠯᠤᠨ ᠱᠠᠩᠨᠠᠵᠤ᠂ ᠵᠦᠷᠢᠴᠡᠭᠰᠠᠨ ᠢ 25 | ᠲᠠᠰᠢᠭᠤᠷ ᠢᠶᠠᠷ ᠰᠢᠤᠠᠭᠡᠬᠦ ᠪᠠᠷ ᠲᠤᠭᠳᠠᠭᠠᠵᠤ᠂ ᠴᠢᠨᠠᠭᠰᠢᠳᠠ ᠤᠯᠠᠮ ᠴᠢᠩᠭᠠᠤᠠᠬᠠᠭᠰᠠᠨ ᠪᠠᠶᠢᠨ᠎ᠠ᠃ | 1897 ᠤᠨ ︵ᠪᠠᠳᠠᠷᠠᠭᠤᠯᠳᠤ ᠲᠦᠷᠤ ᠶᠢᠨ ᠬᠤᠷᠢᠨ ᠭᠤᠷᠪᠠᠳᠤᠭᠠᠷ ᠤᠨ︶ ᠳᠤ ᠠᠯᠠᠱᠠ ᠬᠤᠰᠢᠭᠤ ᠨᠠᠶᠢᠳᠠᠮ | ᠬᠤᠷ᠎ᠠ ᠪᠤᠷᠤᠭᠠᠨ ᠦᠭᠡᠢ ᠭᠠᠨᠭ᠍ᠳᠠᠬᠤ ᠶᠢᠨ ᠵᠠᠷᠭᠡᠴᠡᠭᠡ ᠪᠠᠷ ᠮᠠᠯ ᠳᠤ ᠬᠠᠮᠠᠭᠤ᠂ ᠪᠠᠭᠠᠰᠤ ᠠᠯᠳᠠᠬᠤ ᠭᠡᠮ ᠨᠠᠶᠢᠳᠠᠮ | ᠲᠠᠯᠭᠡᠷᠠᠵᠤ᠂ ᠲᠠᠮᠡᠭᠡ ᠶᠡᠭᠡ ᠯᠠ ᠴᠦᠭᠡᠷᠠᠵᠤ᠂ ᠪᠤᠰᠤᠤᠨ ᠮᠠᠯ ᠪᠠᠭ᠎ᠠ ᠪᠤᠰᠤ ᠬᠤᠬᠢᠷᠠᠭᠰᠠᠨ ᠪᠠᠶᠢᠨ᠎ᠠ᠃ ᠨᠤᠶᠠᠨ ᠤ | ᠲᠤᠰᠬᠠᠯ ᠠᠯᠪᠠ᠂ ᠤᠯᠠᠭ᠎ᠠ ᠳᠤ ᠲᠠᠮᠡᠭᠡ ᠠᠪᠬᠤ ᠭᠡᠳᠤᠨ ᠵᠠᠷᠭᠡ ᠶᠢᠨ ᠠᠯᠪᠠ ᠤᠯᠠᠭ᠎ᠠ ᠲᠠᠪᠬᠤᠴᠠᠭᠰᠠᠨ ᠪᠠᠷᠭᠡ | ᠵᠦᠳᠠᠬᠦᠷᠢ ᠲᠠᠢ ᠪᠠᠶᠢᠳᠠᠯ ᠤᠨ ᠲᠤᠤᠷ᠎ᠠ᠂ ᠮᠤᠩᠭᠤᠯ ᠠᠷᠠᠤᠨ ᠤᠨ ᠵᠠᠷᠢᠮ ᠨᠢ ᠬᠤᠯᠠᠭᠠᠢ ᠬᠢᠬᠦ᠂ ᠤᠷᠭᠤᠨ ᠭᠠᠳᠠᠭᠰᠢ | ᠶᠠᠪᠤᠬᠤ᠂ ᠡᠮᠡᠭᠳᠠᠶᠢᠴᠤᠤᠨ ᠨᠢ ᠮᠤᠩᠭᠤᠯ ᠬᠢᠳᠠᠤᠨ ᠶᠠᠪᠤᠭᠤᠯ ᠬᠦᠮᠤᠰ ᠢ ᠲᠠᠭᠠᠵᠤ᠂ ᠡᠷ᠎ᠠ ᠨᠦᠬᠦᠷ᠂ ᠡᠴᠢᠭᠡ ᠡᠭᠡ᠂ | ᠠᠬ᠎ᠠ ᠲᠠᠬᠦᠤ᠂ ᠬᠦᠪᠠᠬᠦᠤᠨ ᠦᠬᠢᠤᠨ ᠢᠶᠠᠨ ᠤᠷᠬᠢᠭᠠᠤᠨ ᠤᠷᠭᠤᠵᠤ ᠪᠤᠰᠤᠤᠨ ᠬᠤᠰᠢᠭᠤ ᠰᠢᠶᠠᠨ ᠤ ᠭᠠᠵᠠᠷ | ᠶᠠᠪᠤᠬᠤ᠂ ᠭᠤᠶᠢᠷᠠᠠᠴᠢ ᠶᠠᠪᠤᠳᠠᠯ ᠠᠷᠪᠢᠨ ᠭᠠᠷᠴᠤ ᠭᠡᠳᠤᠨ ᠵᠢᠯ ᠦᠷᠬᠦᠯᠵᠢᠯᠠᠪᠠ᠃ ᠡᠬᠦᠨ ᠤ ᠵᠠᠷᠭᠡᠴᠡᠭᠡ ᠪᠠᠷ ᠵᠠᠬ᠎ᠠ | ᠬᠢᠵᠠᠭᠠᠷ ᠭᠠᠵᠠᠷ ᠤᠷᠤᠨ ᠳᠤ ᠬᠤᠯᠠᠭᠠᠢ ᠲᠠᠭᠡᠷᠠᠮ ᠴᠦᠮᠤᠷᠠᠨ ᠢᠷᠠᠵᠤ᠂ ᠮᠤᠩᠭᠤᠯ ᠬᠦᠮᠤᠨ ᠢ ᠠᠯᠠᠬᠤ ᠪᠤᠯᠢᠶᠠᠬᠤ ᠨᠢ | ᠤᠯᠠᠳᠠᠵᠤ᠂ ᠤᠯᠠᠨ ᠵᠦᠢᠯ ᠤᠨ ᠵᠤᠪᠠᠯᠠᠩ ᠲᠤᠯᠭᠠᠷᠠᠭᠰᠠᠨ ᠴᠠᠬ ᠦᠶ᠎ᠠ ᠪᠠᠶᠢᠵᠠᠢ᠃ | 1903 ᠤᠨ ︵ᠪᠠᠳᠠᠷᠠᠭᠤᠯᠳᠤ ᠲᠦᠷᠤ ᠶᠢᠨ ᠬᠤᠷᠢᠨ ᠶᠢᠰᠤᠳᠤᠭᠡᠷ ᠤᠨ︶ ᠳᠤ ᠪᠦᠬᠦ ᠬᠤᠰᠢᠭᠤᠨ ᠤ ᠡᠮᠤᠨᠠᠳᠤ᠂ | ᠲᠤᠮᠳᠠᠳᠤ᠂ ᠲᠤᠷᠤᠨᠠᠳᠤ ᠨᠠᠶᠢᠳᠠᠮ ᠪᠤᠷᠤᠭᠠᠨ ᠪᠠᠭᠤᠵᠤ᠂ ᠨᠤᠳᠤᠭ ᠭᠠᠵᠠᠷ ᠰᠠᠶᠢᠵᠢᠷᠠᠵᠤ ᠦᠷᠠᠰ ᠨᠠᠶᠢᠷ ᠬᠢᠭᠰᠡᠨ | ᠪᠤᠯᠪᠠᠴᠤ ᠪᠠᠳᠠᠢ ᠶᠢᠨ ᠵᠢᠷᠠᠨ᠂ ᠡᠷᠪᠡᠭᠡᠢ ᠳᠤ ᠪᠤᠷᠤᠭᠠᠨ ᠪᠠᠭᠤᠭᠰᠠᠨ ᠦᠭᠡᠢ ᠭᠠᠨᠭ᠍ᠳᠠᠵᠤ᠂ ᠮᠠᠨᠢᠴᠢ ᠯᠠᠮᠨ ᠶᠢ ᠵᠠᠯᠠᠵᠤ | ᠵᠠᠤᠨ ᠪᠠᠷᠢᠭᠤᠯᠵᠤ ᠪᠤᠷᠤᠭᠠᠨ ᠭᠤᠶᠤᠭᠰᠠᠨ ᠪᠠᠶᠢᠨ᠎ᠠ᠃ ᠮᠦᠨ ᠲᠦᠷᠤ ᠶᠢᠨ ᠭᠤᠴᠢᠳᠤᠭᠠᠷ ᠤᠨ ᠳᠤ ᠠᠯᠠᠱᠠ | ᠪᠤᠷᠤᠭ᠎ᠠ ᠬᠤᠷ᠎ᠠ ᠦᠭᠡᠢ᠂ ᠤᠯᠠᠩᠬᠢ ᠭᠠᠵᠠᠷ ᠲᠤ ᠬᠦᠡᠳᠤ ᠭᠠᠨᠭ᠌ ᠲᠠᠢ ᠪᠠᠶᠢᠵᠠᠢ᠃ | ᠮᠦᠨ ᠤᠨ ᠳᠤ ᠨᠠᠶᠢᠳᠠᠮ ᠪᠤᠷᠤᠭᠠᠨ ᠤᠷᠤᠵᠤ᠂ ᠲᠦᠭᠡᠮᠠᠯ ᠡᠪᠠᠰᠤ ᠨᠤᠭᠤᠭ᠎ᠠ ᠤᠷᠭᠤᠭᠰᠠᠨ ᠲᠤᠯᠠᠳᠠ ᠲᠤᠯᠤᠭᠠᠨ | ᠰᠠᠷ᠎ᠠ ᠶᠢᠨ ᠨᠢᠭᠡᠨ ᠳᠤ ᠦᠷᠠᠰ ᠨᠠᠶᠢᠷ ᠲᠠᠯᠪᠢᠬᠤ ᠵᠠᠷᠤᠯᠭ᠎ᠠ ᠲᠤᠳᠠᠭᠳᠠᠬᠤ ᠤᠴᠢᠷ ᠲᠤ ᠲᠦᠰᠢᠮᠠᠯ ᠡᠷᠭᠡᠳᠠᠨ᠂ ᠨᠠᠢᠮᠠᠨ | ᠰᠤᠮᠤᠨ ᠤ ᠠᠷᠠᠤᠨ ᠤᠨ ᠪᠤᠳᠠ ᠪᠦᠷᠢ ᠠᠴᠠ 2 ᠯᠠᠩ ᠮᠦᠡᠭᠬᠦᠨ ᠤ ᠠᠯᠪᠠ ᠬᠤᠷᠢᠶᠠᠨ ᠭᠡᠷᠡᠭᠯᠠᠬᠦᠯᠬᠦ ᠭᠡᠷᠡᠭᠳᠠᠢ ᠭᠡᠵᠤ | ᠵᠠᠬᠢᠶ᠎ᠠ ᠪᠠᠭᠤᠭᠰᠠᠨ ᠪᠠᠶᠢᠨ᠎ᠠ᠃ ᠭᠤᠴᠢᠨ ᠵᠢᠷᠭᠤᠭᠠᠨ ᠪᠠᠭ ᠠᠴᠠ ᠰᠢᠬᠦᠰᠤᠨ ᠤ ᠬᠤᠨᠢ ᠲᠤᠰᠬᠠᠵᠤ᠂ ᠨᠠᠶᠢᠳᠠ 600 | ᠬᠤᠨᠢ ᠬᠤᠷᠢᠶᠠᠵᠤ ᠠᠪᠬᠤ ᠭᠡᠷᠡᠭᠳᠠᠢ ᠭᠡᠵᠠᠢ᠃ ᠦᠷᠠᠰ ᠬᠢᠬᠦ ᠲᠤᠬᠠᠢ ᠠᠯᠢᠪᠠ ᠵᠦᠢᠯ ᠢ ᠵᠤᠬᠢᠶᠠᠨ | ᠪᠠᠶᠢᠭᠤᠯᠬᠤ ᠳᠠᠭᠠᠨ᠄ | ᠶᠠᠷᠤᠩᠭᠡᠢ ᠭᠡᠷᠡᠭ ᠢ ᠡᠷᠬᠢᠯᠠᠬᠦ ᠲᠦᠰᠢᠮᠠᠯ 1 — 4 ᠨᠠᠷᠠ᠂ ᠬᠤᠰᠢᠭᠤᠨ ᠤ ᠰᠠᠩ ᠬᠠᠮᠢᠶᠠᠷᠬᠤ ᠲᠦᠰᠢᠮᠠᠯ 1 | — 3 ᠨᠠᠷᠠ᠂ ᠴᠠᠰᠢ ᠠᠷᠰᠠᠷ ᠠᠵᠢᠯ ᠲᠠᠭᠠᠭᠠᠬᠤ᠂ ᠪᠤᠷᠤ ᠭᠡᠷ ᠤᠨ ᠭᠡᠷᠡᠭ ᠲᠠᠭᠠᠭᠠᠬᠤ᠂ ᠦᠷᠬᠦᠭᠡ ᠲᠠᠭᠠᠭᠠᠬᠤ᠂ | ᠰᠠᠭᠠᠯᠢ ᠲᠠᠭᠡᠵᠢ ᠶᠢ ᠲᠠᠭᠠᠭᠠᠬᠤ᠂ ᠵᠠᠯ᠎ᠠ ᠮᠤᠷᠢ ᠲᠠᠭᠠᠭᠠᠬᠤ᠂ ᠬᠦᠭᠵᠢᠮ ᠲᠠᠭᠤᠤ ᠶᠢ ᠲᠠᠭᠠᠭᠠᠬᠤ᠂ ᠵᠠᠬ᠎ᠠ ᠲᠠᠯᠭᠡᠬᠦᠷ | ᠬᠠᠮᠢᠶᠠᠷᠬᠤ᠂ ᠪᠦᠭᠡ ᠶᠢ ᠲᠠᠭᠠᠭᠠᠬᠤ ᠲᠦᠰᠢᠮᠠᠯ ᠵᠠᠷᠭᠡ ᠲᠤᠰ ᠪᠦᠷᠢ 2 — 5 ᠲᠦᠰᠢᠮᠠᠯ ᠲᠤᠮᠢᠯᠠᠵᠤ | ᠬᠠᠷᠢᠭᠤᠴᠠᠭᠤᠯᠪᠠ᠃ | 1905 ᠤᠨ ︵ᠪᠠᠳᠠᠷᠠᠭᠤᠯᠳᠤ ᠲᠦᠷᠤ ᠶᠢᠨ ᠭᠤᠴᠢᠨ ᠨᠢᠭᠡᠳᠤᠭᠡᠷ ᠤᠨ︶ ᠳᠤ ᠵᠢᠷᠠᠳᠠᠢ᠂ ᠬᠤᠨᠭ᠍ᠭᠤᠷᠠᠦ᠋ᠯᠤᠩ᠂ | ᠲᠦᠬᠦᠮ᠂ ᠬᠠᠷᠤᠤᠨ᠎ᠠ᠂ ᠬᠥᠢᠪᠤᠷᠢ ᠵᠠᠷᠭᠡ ᠪᠠᠭ ᠤᠳ ᠲᠤ ᠭᠠᠨᠭ᠍ᠳᠠᠭᠰᠠᠨ ᠪᠦᠭᠡᠤᠨ ᠡᠪᠤᠯ ᠴᠠᠰᠤᠨ ᠵᠤᠤᠨ ᠪᠤᠯᠵᠤ᠂ | ᠮᠠᠯ ᠲᠠᠮᠡᠭᠡ ᠶᠡᠭᠡ ᠦᠬᠦᠵᠤ ᠬᠤᠬᠢᠷᠠᠭᠰᠠᠨ ᠤᠴᠢᠷ ᠲᠤ 15 ᠯᠠᠩ ᠤᠨ ᠲᠤᠰᠬᠠᠯ ᠠᠯᠪᠠᠨ ᠤ ᠮᠦᠡᠭᠬᠦ ᠶᠢ ᠲᠦᠷ | ᠠᠯᠠᠭᠤᠷᠯᠠᠵᠤ ᠲᠠᠤᠡᠬᠦᠵᠠᠢ᠃ | ᠶᠠᠪᠠᠷᠠᠢ᠂ ᠽᠤᠨ᠂ ᠰᠢᠭᠤᠢ᠂ ᠬᠤᠶᠠᠷ ᠱᠢᠷᠽᠠ ᠶᠢᠨ ᠭᠠᠵᠠᠷ ᠨᠠᠶᠢᠳᠠᠮ ᠭᠠᠨᠭ᠍ᠳᠠᠵᠤ᠂ ᠪᠦᠬᠦᠯᠢ ᠵᠢᠯ ᠲᠤᠰᠤᠯ | ᠪᠤᠷᠤᠭᠠᠨ ᠦᠭᠡᠢ ᠪᠤᠯᠤᠭᠰᠠᠨ ᠳᠤ ᠠᠷᠠᠤᠨ ᠤᠨ ᠬᠦᠷᠤᠩᠭᠡ ᠮᠠᠯ ᠮᠠᠰᠢ ᠶᠡᠭᠡ ᠬᠤᠬᠢᠷᠠᠭᠰᠠᠨ ᠪᠠᠶᠢᠨ᠎ᠠ᠃ | ᠰᠢᠭᠤᠢ ᠶᠢᠨ ᠪᠠᠭ ᠤᠨ ᠮᠠᠳᠠᠬᠦᠯᠤᠯ ᠳᠤ ᠭᠠᠨᠭ᠍ᠳᠠᠵᠤ ᠮᠠᠯ ᠢᠶᠠᠨ ᠪᠠᠷᠠᠭᠰᠠᠨ ᠵᠠᠯᠠᠨ ᠤ ᠵᠠᠷᠭᠡ ᠴᠤᠠᠠᠳᠤᠪ᠂ ᠡᠭᠡᠨᠠᠷ | ᠰᠠᠷᠠᠠᠴᠡᠴᠡᠭ᠂ ᠵᠤᠤᠽᠠ ᠵᠠᠷᠭᠡ ᠨᠠᠯᠢᠶᠠᠤᠨ ᠬᠦᠮᠤᠨ ᠦᠯᠪᠠᠷᠴᠤ ᠦᠬᠦᠵᠠᠢ᠃ | ᠡᠮᠡᠭᠳᠡᠢ ᠭᠠᠷᠮ᠎ᠠ ᠵᠠᠷᠭᠡ 31 ᠬᠦᠮᠤᠨ ᠦᠯᠪᠠᠷᠴᠤ ᠦᠬᠦᠬᠦ ᠠᠶᠤᠯ ᠲᠠᠢ ᠪᠤᠢ ᠭᠡᠵᠤ ᠮᠠᠳᠠᠬᠦᠯᠵᠠᠢ᠃ | ᠬᠥᠢᠪᠤᠷᠢ ᠤᠨ ᠪᠠᠭ ᠤᠨ ᠮᠠᠳᠠᠬᠦᠯᠤᠯ ᠳᠤ ᠭᠠᠮᠰᠢᠭ ᠭᠠᠨᠭ᠌ ᠳᠤ ᠠᠪᠳᠠᠭᠳᠠᠭᠰᠠᠨ ᠬᠦᠮᠤᠨ 71 ᠨᠠᠷᠠ ᠪᠠᠶᠢᠵᠤ᠂ | ᠬᠤᠰᠢᠭᠤ ᠠᠴᠠ ᠲᠠᠤᠡᠬᠦᠮᠵᠢ ᠬᠦᠨᠠᠰᠤ ᠲᠤᠰᠠᠯᠠᠵᠤ ᠦᠭᠴᠠᠢ᠃ | ᠪᠠᠷᠠᠭᠤᠨ ᠪᠠᠯ᠂ ᠪᠠᠶᠠᠠᠨᠢᠷᠤᠭᠤ᠂ ᠪᠠᠶ᠋ᠬᠠᠠᠭᠤᠯᠨ᠂ ᠬᠦᠭᠡᠪᠦ᠋ᠷᠢᠳᠤ᠂ ᠰᠢᠷᠠᠪᠦ᠋ᠷᠢᠳᠤ᠂ ᠰᠦᠮᠠᠳᠤ᠂ ᠵᠠᠬᠦᠨ ᠪᠠᠯ᠂ | ᠤᠷᠳᠤ᠂ ᠪᠤᠭᠤᠳᠤ᠂ ᠲᠦᠬᠦᠮ᠂ ᠬᠤᠨᠭ᠍ᠭᠤᠷᠡᠦ᠋ᠯᠤᠩ᠂ ᠵᠠᠬᠦᠨ ᠱᠢᠷᠽᠠ᠂ ᠵᠢᠷᠠᠳᠠᠢ᠂ ᠬᠥᠢᠪᠤᠷᠢ᠂ ᠳ᠋ᠸᠡᠭᠺᠸᠤ᠂ | ᠬᠠᠷᠤᠤᠨ᠎ᠠ᠂ ᠪᠠᠷᠠᠭᠤᠨ ᠱᠢᠷᠽᠠ᠂ ᠽᠤᠨ᠂ ᠭᠤᠶᠢᠽᠠ᠂ ᠰᠢᠭᠤᠢ᠂ ᠶᠠᠪᠠᠷᠠᠢ ᠵᠠᠷᠭᠡ ᠪᠠᠭ ᠤᠳ ᠲᠤ ᠭᠠᠮᠰᠢᠭ ᠲᠤ | ᠠᠪᠳᠠᠭᠳᠠᠭᠰᠠᠨ ᠮᠤᠩᠭᠤᠯ ᠠᠶᠢᠯ ᠤᠳ ᠲᠤ ᠬᠢᠳᠠᠤᠨ ᠤᠨ ᠲᠠᠮᠡᠭᠡ ᠶᠢ 1 ᠯᠠᠩ ᠮᠦᠡᠭᠬᠦ ᠪᠠᠷ ᠬᠦᠯᠤᠰᠤᠯᠠᠵᠤ᠂ ᠳ᠋ᠠᠨ | ᠪᠦᠷᠢ ᠬᠦᠨᠠᠰᠤ ᠶᠢ 9 ᠯᠠᠩ ᠮᠦᠡᠭᠬᠦ ᠪᠠᠷ ᠦᠨᠠᠯᠠᠵᠤ᠂ ᠰᠢᠷ᠎ᠠ ᠪᠤᠳᠠᠭ᠎ᠠ ᠠᠴᠢᠨ ᠲᠦᠭᠡᠭᠡᠵᠤ᠂ ᠮᠤᠩᠭᠤᠯ | ᠠᠷᠠᠤᠨ ᠤᠨ ᠠᠮᠢ ᠨᠠᠰᠤ ᠶᠢ ᠠᠪᠤᠷᠠᠭᠰᠠᠨ ᠪᠠᠶᠢᠨ᠎ᠠ᠃ |