| | | ᠣᠶᠢᠷᠠᠳ ᠮᠣᠩᠭᠤᠯᠴᠣᠳ ᠨᠡᠶᠢᠭᠡᠮ ᠤᠨ ᠲᠡᠤᠬᠡᠨ ᠬᠦᠭᠵᠢᠯᠳᠡ ᠶᠢᠨ ᠶᠠᠪᠤᠴᠠ ᠳᠤ ᠨᠤᠳᠤᠭ ᠤᠨ ᠠᠶᠠᠯᠭᠤ | ᠪᠣᠯᠤᠨ ᠦᠰᠦᠭ ᠪᠢᠴᠢᠭ ᠢᠶᠠᠨ ᠠᠭᠠᠵᠢᠮ ᠢᠶᠠᠷ ᠪᠦᠷᠢᠯᠳᠦᠭᠦᠯᠵᠡᠢ᠃ ᠲᠡᠳᠡᠨ ᠤ ᠦᠭᠡ ᠬᠡᠯᠡ ᠶᠢ ᠲᠣᠳᠤ ᠦᠭᠡ | ᠭᠡᠳᠡᠭ ︿︿ᠲᠣᠳᠤ︶︶ ᠭᠡᠳᠡᠭ ᠪᠣᠯ ︿︿ᠲᠣᠳᠤᠷᠬᠠᠢ︶︶ ︿︿ᠣᠶᠢᠯᠠᠭᠠᠮᠵᠢᠳᠠᠢ︶︶ ᠭᠡᠰᠡᠨ ᠣᠳᠬ᠎ᠠ ᠲᠠᠢ᠃ | ᠲᠣᠳᠤ ᠦᠰᠦᠭ ᠢ ᠪᠣᠯ ᠣᠶᠢᠭᠤᠷᠵᠢᠨ ᠮᠣᠩᠭᠤᠯ ᠦᠰᠦᠭ ᠤᠨ ᠰᠠᠭᠤᠷᠢᠨ ᠲᠡᠭᠡᠷ᠎ᠡ ᠬᠤᠱᠣᠳ ᠤᠨ ᠽᠠᠶ᠎ᠠ | ᠪᠠᠨᠳᠢᠳᠠ1648 ᠣᠨ ᠳᠤ ᠵᠣᠬᠢᠶᠠᠭᠰᠠᠨ ᠶᠤᠮ᠃ ᠲᠡᠭᠦᠨᠳᠥ ᠨᠡᠶᠢᠳᠡ15 ᠲᠣᠯᠤᠭᠠᠢ ᠦᠰᠦᠭ ᠲᠠᠢ᠂ ᠲᠣᠯᠤᠭᠠᠢ | ᠪᠦᠷᠢ ᠶᠢ ᠲᠣᠯᠤᠭᠠᠨ ᠵᠦᠢᠯ ᠢᠶᠠᠷ ᠠᠪᠢᠶᠠᠯᠠᠳᠠᠭ᠂ ᠨᠡᠶᠢᠳᠡ105 ᠵᠦᠢᠯ ᠤᠨ ᠠᠪᠢᠶ᠎ᠠ ᠲᠠᠢ᠃ ᠦᠰᠦᠭ ᠢ ᠮᠣᠳᠤᠨ | ᠪᠢᠷ ᠢᠶᠠᠷ ᠲᠡᠭᠡᠷ ᠠᠴᠠ ᠲᠣᠷᠤᠭᠰᠢ᠂ ᠵᠡᠭᠦᠨ ᠮᠦᠷ ᠠᠴᠠ ᠪᠠᠷᠠᠭᠤᠨ ᠮᠦᠷ ᠲᠡᠰᠢ ᠪᠢᠴᠢᠳᠡᠭ᠃ ᠲᠣᠳᠤ ᠦᠰᠦᠭ | ᠣᠳᠤ ᠪᠣᠯᠳᠠᠯ᠎ᠠ ᠰᠢᠨᠵᠢᠶᠠᠩ ᠵᠡᠷᠭᠡ ᠭᠠᠵᠠᠷ ᠣᠷᠤᠨ ᠤ ᠮᠣᠩᠭᠤᠯᠴᠣᠳ ᠲᠤ ᠬᠡᠷᠡᠭᠯᠡᠭᠳᠡᠭᠰᠡᠭᠡᠷ ᠪᠤᠢ᠃ | | ᠣᠶᠢᠷᠠᠳ ᠤᠳ ᠡᠯᠪᠡᠭ ᠪᠠᠶᠠᠯᠢᠭ ᠠᠷᠠᠳ ᠤᠨ ᠠᠮᠠᠨ ᠵᠣᠬᠢᠶᠠᠯ ᠤᠨ ᠪᠦᠳᠦᠭᠡᠯ ᠲᠠᠢ᠃ ︿︿ᠵᠢᠩᠭᠠᠷ︶︶ | ᠪᠣᠯ ᠨᠢᠭᠡᠨ ᠢᠵᠢ ᠣᠷᠳᠤ ᠪᠠᠭᠠᠳᠤᠷᠯᠢᠭ ᠲᠤᠤᠯᠢ ᠮᠦᠨ᠃ ᠲᠡᠷᠡ ᠨᠢ ᠤᠯᠠᠮᠵᠢᠯᠠᠭᠳᠠᠨ ᠲᠠᠷᠬᠠᠭᠰᠠᠨ ᠠᠴᠠ ᠪᠠᠨ | ᠠᠪᠤᠭᠠᠳ ᠲᠣᠭᠳᠠᠪᠤᠷᠢᠵᠢᠨ ᠬᠡᠪᠰᠢᠬᠦ ᠬᠦᠷᠳᠡᠯ᠎ᠡ ᠣᠷᠳᠤ ᠣᠳᠠᠭᠠᠨ ᠲᠡᠤᠬᠡᠨ ᠶᠠᠪᠤᠴᠠ ᠶᠢ ᠦᠩᠭᠡᠷᠡᠭᠡᠵᠤ᠂ ᠵᠠᠷᠢᠮ | ᠬᠡᠰᠡᠭ ᠪᠦᠯᠦᠭ ᠨᠢ ᠠᠷᠪᠠᠨ ᠬᠤᠶᠠᠳᠤᠭᠠᠷ ᠵᠠᠭᠤᠨ ᠤ ᠣᠢ ᠶᠢᠨ ᠠᠩᠴᠢᠳ ᠤᠨ ᠴᠠᠭ ᠦᠶ᠎ᠡ ᠳᠤ ᠡᠭᠦᠰᠴᠤ᠂ | ᠶᠡᠬᠡᠩᠬᠢ ᠦᠢᠯᠡ ᠶᠠᠪᠤᠳᠠᠯ ᠨᠢ ᠬᠠᠷᠢᠨ ᠲᠡᠳᠡᠨ ᠤ ᠡᠪᠦᠭᠡ ᠲᠡᠭᠡᠳᠦᠰ ᠠᠯᠳᠠᠢ ᠠᠭᠤᠯᠠ ᠪᠣᠯᠤᠨ ᠡᠷᠴᠢᠰ ᠭᠤᠣᠯ ᠤᠨ | ᠰᠠᠪᠠ ᠭᠠᠵᠠᠷ ᠲᠤ ᠨᠡᠭᠦᠨ ᠣᠴᠢᠵᠤ ᠰᠠᠭᠤᠷᠢᠰᠢᠭᠰᠡᠨ ᠤ ᠬᠤᠶᠢᠨᠠᠬᠢ ᠶᠢ ᠲᠤᠰᠬᠠᠭᠰᠠᠨ ᠦᠯᠢᠭᠡᠷ ᠪᠣᠯᠤᠨ᠎ᠠ᠃ | | | ︿︿ᠵᠢᠩᠭᠠᠷ︶︶ ᠲᠣᠳᠤ ᠦᠰᠦᠭ ᠢᠶᠠᠷ ᠪᠢᠴᠢᠭᠳᠡᠵᠡᠢ᠃ ᠣᠳᠤ ᠶᠢᠨ ᠬᠦᠮᠣᠰ ᠤᠨ ᠴᠤᠭᠯᠠᠭᠤᠯᠠᠨ | ᠡᠮᠬᠢᠳᠬᠡᠭᠰᠡᠨ ᠨᠢ ᠠᠷᠪᠠᠨ ᠭᠤᠷᠪᠠᠨ ᠪᠦᠯᠦᠭᠳᠤ ᠪᠠ ᠠᠷᠪᠠᠨ ᠲᠠᠪᠤᠨ ᠪᠦᠯᠦᠭᠳᠤ ᠲᠡᠪᠳᠡᠷ ᠭᠡᠵᠤ ᠪᠠᠶᠢᠳᠠᠭ᠃19 | ᠳ᠋ᠤᠭᠡᠷ ᠵᠠᠭᠤᠨ ᠤ ᠲᠣᠮᠳᠠᠴᠢ ᠦᠶ᠎ᠡ ᠠᠴᠠ ᠬᠤᠶᠢᠰᠢ ᠲᠤᠰ ᠲᠤᠤᠯᠢ ᠣᠷᠤᠰ᠂ ᠭᠧᠷᠮᠠᠨ᠂ ᠶᠠᠫᠣᠨ ᠵᠡᠷᠭᠡ ᠣᠯᠠᠨ ᠬᠡᠯᠡ | ᠪᠠᠷ ᠣᠷᠴᠢᠭᠤᠯᠤᠭᠳᠠᠵᠤ᠂ ᠲᠡᠯᠡᠬᠡᠢ ᠶᠢᠨ ᠣᠯᠠᠨ ᠤᠯᠤᠰ ᠤᠨ ᠠᠩᠬᠠᠷᠤᠯ ᠢ ᠲᠠᠳᠠᠵᠤ ᠲᠡᠯᠡᠬᠡᠢ ᠶᠢᠨ ᠠᠯᠳᠠᠷᠳᠤ | ᠲᠤᠤᠯᠢ ᠤᠳ ᠤᠨ ᠨᠢᠭᠡ ᠪᠣᠯᠵᠡᠢ | | |