ᠳᠥᠷᠪᠡᠨ ᠣᠶᠢᠷᠠᠳ
ᠨᠡᠶᠢᠲᠡᠯᠡᠭᠰᠡᠨ ᠴᠠᠭ᠄
2019/6/14
ᠠᠷᠪᠠᠨ ᠲᠠᠪᠤᠳᠤᠭᠠᠷ ᠵᠠᠭᠤᠨ ᠤ ᠳᠤᠮᠳᠠᠴᠢ ᠳᠠᠷᠤᠢ 1437 ᠣᠨ ᠳᠤ ᠤᠶᠢᠷᠠᠳ ᠨᠢ ᠬᠦᠴᠦᠷᠬᠡᠭ ᠶᠡᠭᠡ ᠪᠠᠷᠠᠭᠤᠨ ᠮᠣᠩᠭᠤᠯ ᠤᠨ ᠬᠤᠯᠪᠤᠭᠠᠯᠠᠯ ᠢ ᠪᠠᠶᠢᠭᠤᠯᠵᠤ ᠳᠦᠷᠪᠡᠨ ᠤᠶᠢᠷᠠᠳ ᠤᠨ ᠬᠤᠯᠪᠤᠭ᠎ᠠ ᠭᠡᠵᠦ ᠬᠡᠯᠡᠳᠡᠭ᠂ ᠡᠳᠡᠭᠡᠷ ᠳᠦᠷᠪᠡᠨ ᠤᠶᠢᠷᠠᠳ ᠢ ᠬᠡᠯᠡᠪᠡᠯ᠂ ᠨᠢᠭᠡᠳᠦᠭᠡᠷ ᠤᠶᠢᠷᠠᠳ ᠨᠢ ᠴᠣᠷᠤᠰ ᠠᠶᠢᠮᠠᠭ᠂ ᠳᠦᠷᠪᠡᠳ ᠠᠶᠢᠮᠠᠭ᠂ ᠬᠤᠱᠤᠳ ᠠᠶᠢᠮᠠᠭ︔ ᠬᠤᠶᠠᠳᠤᠭᠠᠷ ᠤᠶᠢᠷᠠᠳ ᠨᠢ ᠬᠤᠶᠢᠳ ᠠᠶᠢᠮᠠᠭ᠂ ᠪᠠᠲᠤᠳ ᠠᠶᠢᠮᠠᠭ᠂ ᠲᠦᠮᠡᠳ ᠠᠶᠢᠮᠠᠭ︔ ᠭᠤᠷᠪᠠᠳᠤᠭᠠᠷ ᠤᠶᠢᠷᠠᠳ ᠨᠢ ᠪᠠᠷᠭᠤ ᠠᠶᠢᠮᠠᠭ᠂ ᠪᠦᠷᠢᠶᠠᠳ ᠠᠶᠢᠮᠠᠭ᠂ ᠤᠷᠢᠶᠠᠩᠬᠠᠢ ᠠᠶᠢᠮᠠᠭ᠂ ᠪᠤᠯᠠᠰ ᠠᠶᠢᠮᠠᠭ᠂ ᠪᠢᠷᠮᠠᠨ ᠠᠶᠢᠮᠠᠭ᠂ ᠬᠡᠷᠡᠶᠢᠳ ᠠᠶᠢᠮᠠᠭ᠂ ᠵᠢᠷᠠᠳ ᠠᠶᠢᠮᠠᠭ︔ ᠳᠦᠷᠪᠡᠳᠦᠭᠡᠷ ᠤᠶᠢᠷᠠᠳ ᠨᠢ ᠪᠣᠰᠤᠳ ᠦᠯᠡᠳᠡᠭᠰᠡᠨ ᠮᠣᠩᠭᠤᠯ ᠠᠶᠢᠮᠠᠭ ᠢ ᠵᠢᠭᠠᠨ᠎ᠠ᠃ ᠬᠤᠯᠪᠤᠭᠠᠨ ᠤ ᠠᠬᠠᠯᠠᠭᠴᠢ ᠡᠰᠡᠨ ︵1407 ~ 1454︶ ᠪᠦᠬᠦ ᠮᠣᠩᠭᠤᠯ ᠢ ᠨᠢᠭᠡᠳᠬᠡᠵᠦ ᠮᠠᠰᠢ ᠣᠬᠤᠷᠬᠠᠨ ᠬᠤᠭᠤᠴᠠᠭ᠎ᠠ ᠵᠠᠰᠠᠭ ᠪᠠᠷᠢᠭᠰᠠᠨ ᠪᠣᠯᠪᠠᠴᠤ ᠨᠢᠭᠡᠨ ᠨᠢᠭᠡᠲᠦᠭᠰᠡᠨ ᠬᠦᠴᠦᠷᠬᠡᠭ ᠶᠡᠭᠡ ᠵᠠᠰᠠᠭ ᠢ ᠪᠠᠶᠢᠭᠤᠯᠵᠤ ᠳᠡᠶᠢᠯᠦᠭᠰᠡᠨ ᠪᠢᠯᠡ᠃ 1454 ᠣᠨ ᠳᠤ ᠡᠰᠡᠨ ᠬᠤᠤᠷᠯᠠᠭᠳᠠᠬᠤ ᠶᠢ ᠳᠠᠭᠠᠯᠳᠤᠨ᠂ ᠬᠤᠯᠪᠤᠭ᠎ᠠ ᠳᠠᠬᠢᠨ ᠵᠠᠳᠠᠷᠠᠪᠠ᠃ 1487 ᠣᠨ ᠳᠤ ᠳᠠᠬᠢᠨ ᠤᠶᠢᠷᠠᠳ ᠤᠨ ᠬᠤᠯᠪᠤᠭ᠎ᠠ ᠪᠠᠶᠢᠭᠤᠯᠤᠭᠳᠠᠵᠤ᠂ ᠨᠢᠭᠡᠳᠦᠭᠡᠷ ᠤᠶᠢᠷᠠᠳ ᠨᠢ ᠦᠭᠡᠯᠡᠳ ᠠᠶᠢᠮᠠᠭ︔ ᠬᠤᠶᠠᠳᠤᠭᠠᠷ ᠤᠶᠢᠷᠠᠳ ᠨᠢ ᠬᠤᠶᠢᠳ ᠠᠶᠢᠮᠠᠭ᠂ ᠪᠠᠲᠤᠳ ᠠᠶᠢᠮᠠᠭ︔ ᠭᠤᠷᠪᠠᠳᠤᠭᠠᠷ ᠤᠶᠢᠷᠠᠳ ᠨᠢ ᠪᠠᠷᠭᠤ ᠠᠶᠢᠮᠠᠭ᠂ ᠪᠦᠷᠢᠶᠠᠳ ᠠᠶᠢᠮᠠᠭ︔ ᠳᠦᠷᠪᠡᠳᠦᠭᠡᠷ ᠤᠶᠢᠷᠠᠳ ᠨᠢ ᠴᠣᠷᠤᠰ ᠠᠶᠢᠮᠠᠭ᠂ ᠬᠤᠱᠤᠳ ᠠᠶᠢᠮᠠᠭ᠂ ᠳᠦᠷᠪᠡᠳ ᠠᠶᠢᠮᠠᠭ︔    ᠴᠣᠷᠤᠰ ᠪᠣᠯ ᠦᠭᠡᠯᠡᠳ ᠠᠶᠢᠮᠠᠭ ᠤᠨ ᠨᠢᠭᠡ ᠣᠪᠤᠭ ᠮᠦᠨ᠂ ᠵᠡᠭᠦᠨᠭᠠᠷ ᠬᠠᠭᠠᠨᠲᠤ ᠤᠯᠤᠰ ᠤᠨ ᠤᠳᠤᠷᠢᠳᠬᠤ ᠡᠲᠡᠭᠡᠳ ᠨᠢ ᠪᠦᠷ ᠡᠨᠡ ᠣᠪᠤᠭ ᠠᠶᠢᠮᠠᠭ ᠠᠴᠠ ᠢᠷᠡᠯᠲᠡᠢ᠂ ᠵᠡᠭᠦᠨᠭᠠᠷ ᠭᠡᠳᠡᠭ ᠳᠠᠭᠤᠳᠠᠯᠭ᠎ᠠ ᠨᠢ 1642 ᠣᠨ ᠳᠤ ᠤᠶᠢᠷᠠᠳ ᠤᠨ ᠬᠤᠯᠪᠤᠭ᠎ᠠ ᠲᠦᠪᠡᠳ ᠲᠤ ᠣᠷᠤᠬᠤ ᠦᠶᠡᠰ ᠵᠡᠭᠦᠨ ᠭᠠᠷ ᠨᠢ ᠪᠣᠯᠵᠤ ᠶᠠᠪᠤᠭᠰᠠᠨ ᠠᠴᠠ ᠢᠷᠡᠯᠲᠡᠢ︔ ᠬᠠᠷᠠᠴᠢᠨ ᠪᠣᠯ ᠵᠡᠭᠦᠨᠭᠠᠷ ᠬᠠᠭᠠᠨᠲᠤ ᠤᠯᠤᠰ ᠤᠨ ᠳᠣᠲᠤᠭᠠᠳᠤ ᠶᠠᠪᠤᠳᠠᠯ ᠤᠨ ᠠᠷᠮᠢ ᠠᠴᠠ ᠢᠷᠡᠯᠲᠡᠢ ᠨᠡᠷ᠎ᠡ ᠮᠦᠨ᠂ ᠮᠠᠨᠵᠤ ᠴᠢᠩ ᠤᠨ ᠬᠢᠳᠤᠯᠭ᠎ᠠ ᠳᠤ ᠦᠷᠲᠡᠵᠦ ᠠᠮᠢᠳᠤ ᠦᠯᠡᠳᠡᠭᠰᠡᠨ ᠨᠢ ᠣᠪᠤᠭ ᠠᠶᠢᠮᠠᠭ ᠢᠶᠠᠨ ᠬᠡᠯᠡᠬᠦ ᠦᠭᠡᠢ ᠵᠠᠩᠰᠢᠯ ᠲᠠᠢ︔ ᠵᠠᠬᠠᠴᠢᠨ ᠮᠢᠩᠭᠠᠳ ᠨᠢ ᠵᠡᠭᠦᠨᠭᠠᠷ ᠬᠠᠭᠠᠨᠲᠤ ᠤᠯᠤᠰ ᠤᠨ ᠦᠶ᠎ᠡ ᠳᠤ ᠴᠡᠷᠢᠭ ᠠᠩᠭᠢ ᠶᠢᠨ ᠬᠤᠪᠢᠶᠠᠷᠢᠯᠠᠯ ᠳᠤ ᠠᠶᠢᠮᠠᠭ ᠪᠦᠯᠦᠭ ᠪᠣᠯᠵᠤ ᠪᠦᠷᠢᠯᠳᠦᠭᠰᠡᠨ ᠶᠣᠮ᠂ ᠣᠳᠤ ᠭᠤᠤᠯᠳᠠᠭᠤ ᠮᠣᠩᠭᠤᠯ ᠤᠯᠤᠰ ᠪᠠ ᠦᠪᠦᠷ ᠮᠣᠩᠭᠤᠯ ᠳᠤ ᠦᠯᠡᠳᠡᠨ ᠰᠠᠭᠤᠷᠢᠰᠢᠵᠤ ᠪᠣᠢ︔ ᠮᠠᠨᠵᠤ ᠴᠢᠩ ᠤᠨ ᠬᠢᠳᠤᠯᠭ᠎ᠠ ᠨᠢ ᠤᠶᠢᠷᠠᠳ ᠲᠤ ᠰᠦᠨᠦᠭᠡᠯᠲᠡ ᠶᠢᠨ ᠴᠢᠨᠠᠷᠲᠠᠢ ᠡᠪᠳᠡᠯᠭᠡ ᠶᠢ ᠠᠪᠴᠢᠷᠠᠪᠠ᠂ ᠮᠠᠨᠵᠤ ᠴᠢᠩ ᠪᠠᠰᠠ ᠬᠦᠴᠦ ᠶᠢ ᠨᠢ ᠪᠠᠭᠤᠷᠠᠭᠤᠯᠬᠤ ᠶᠢᠨ ᠲᠦᠯᠦᠭᠡ ᠳᠠᠸᠠᠴᠢ ᠶᠢᠨ ᠠᠶᠢᠮᠠᠭ ᠪᠦᠯᠦᠭ ᠢ ᠱᠠᠨᠰᠢ᠂ ᠡᠾᠧᠪᠸᠢ᠂ ᠦᠪᠦᠷ ᠮᠣᠩᠭᠤᠯ ᠵᠡᠷᠭᠡ ᠭᠠᠵᠠᠷ ᠪᠤᠲᠠᠷᠠᠭᠤᠯᠤᠨ ᠰᠠᠭᠤᠷᠢᠰᠢᠭᠤᠯᠪᠠ᠃   ᠳᠤᠮᠳᠠᠳᠤ ᠤᠯᠤᠰ ᠤᠨ ᠬᠢᠵᠠᠭᠠᠷ ᠲᠠᠬᠢ ᠦᠭᠡᠯᠡᠳ ᠨᠢ ᠭᠤᠤᠯᠳᠠᠭᠤ ᠰᠢᠨᠵᠢᠶᠠᠩ᠂ ᠬᠦᠬᠡᠨᠠᠭᠤᠷ᠂ ᠠᠯᠠᠱᠠ᠂ ᠬᠦᠯᠦᠨ ᠪᠣᠶᠢᠷ᠂ ᠴᠧᠩᠳᠧ ᠵᠡᠷᠭᠡ ᠭᠠᠵᠠᠷ ᠲᠤ ᠲᠠᠷᠬᠠᠨ ᠪᠣᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号