ᠲᠠᠪᠣᠨ ᠬᠤᠰᠢᠭᠤ ᠮᠠᠯ ᠤᠨ ᠮᠦᠷᠳᠡᠯᠲᠡ ᠶᠢᠨ ᠣᠬᠠᠭᠠᠨ
ᠨᠡᠶᠢᠲᠡᠯᠡᠭᠰᠡᠨ ᠴᠠᠭ᠄
2019/6/14
 ᠮᠣᠩᠭᠤᠯᠴᠣᠳ ᠤᠨ ᠲᠠᠪᠣᠨ ᠬᠤᠰᠢᠭᠤ ᠮᠠᠯ ᠭᠡᠳᠡᠭ ᠨᠢ ᠳᠠᠷᠣᠢ ᠮᠣᠷᠢ᠂ ᠲᠡᠮᠡᠭᠡ᠂ ᠦᠬᠡᠷ᠂ ᠬᠤᠨᠢ᠂ ᠢᠮᠠᠭ᠎ᠠ ᠵᠡᠷᠭᠡ ᠪᠣᠯᠣᠨ᠎ᠠ᠃ ᠡᠭᠦᠨ ᠳᠤ ᠮᠣᠷᠢᠨ ᠤ ᠬᠦᠯ ᠤᠨ ᠬᠠᠮᠤᠭ ᠳᠣᠣᠷᠠᠬᠢ ᠡᠪᠡᠷᠯᠢᠭ ᠬᠠᠯᠢᠰᠣᠨ ᠭᠡᠰᠡᠭ ᠢ ᠲᠣᠭᠤᠷᠠᠢ ᠭᠡᠵᠣ᠂ ᠲᠡᠮᠡᠭᠡᠨ ᠤ ᠰᠢᠭᠢᠷ᠎ᠠ ᠶᠢᠨ ᠬᠠᠮᠤᠭ ᠳᠣᠣᠷᠠᠬᠢ ᠭᠡᠰᠡᠭ ᠢ ᠲᠠᠪᠠᠭ ᠭᠡᠵᠣ᠂ ᠦᠬᠡᠷ᠂ ᠬᠤᠨᠢ᠂ ᠢᠮᠠᠭᠠᠨ ᠤ ᠰᠢᠭᠢᠷ᠎ᠠ ᠶᠢᠨ ᠬᠠᠮᠤᠭ ᠳᠣᠣᠷᠠᠬᠢ ᠡᠪᠡᠷᠯᠢᠭ ᠰᠠᠯᠠᠭᠠᠲᠣ ᠭᠡᠰᠡᠭ ᠢ ᠬᠤᠬᠢᠰᠦ ᠭᠡᠳᠡᠭ᠃ ᠮᠣᠩᠭᠤᠯᠴᠣᠳ ᠤᠨ ᠮᠦᠷ ᠮᠦᠷᠳᠡᠬᠦ ᠣᠬᠠᠭᠠᠨ ᠪᠣᠯ ᠳᠠᠷᠣᠢ᠂ ᠲᠣᠭᠤᠷᠠᠢ᠂ ᠲᠠᠪᠠᠭ᠂ ᠬᠤᠬᠢᠰᠦ ᠶᠢᠨ ᠭᠠᠵᠠᠷ ᠤᠨ ᠨᠢᠭᠤᠷ ᠲᠤ ᠦᠯᠡᠳᠡᠭᠡᠭᠰᠡᠨ ᠲᠣᠭᠲᠠᠭᠰᠡᠨ ᠳᠦᠷᠰᠦ ᠪᠠᠶᠢᠳᠠᠯ ᠤᠨ ᠣᠯᠠ ᠮᠦᠷ ᠤᠨ ᠬᠡᠪ ᠵᠢᠷᠤᠭ ᠪᠣᠶᠣ ᠬᠡᠮᠵᠢᠶᠡᠲᠣ ᠣᠷᠣ ᠮᠦᠷ ᠢ ᠦᠨᠳᠦᠰᠦᠯᠡᠨ᠂ ᠲᠣᠬᠠᠢ ᠶᠢᠨ ᠣᠯᠠ ᠮᠦᠷ ᠢ ᠦᠯᠡᠳᠡᠭᠡᠭᠰᠡᠨ ᠮᠠᠯ ᠤᠨ ᠨᠠᠰᠦ ᠵᠢᠯ᠂ ᠲᠠᠷᠭᠤᠨ ᠡᠴᠡᠩᠬᠢ᠂ ᠨᠠᠰᠣᠨ  ᠤ ᠶᠡᠭᠡ ᠪᠠᠭ᠎ᠠ ᠵᠠᠯᠠᠭᠤ ᠬᠦᠭᠰᠢᠨ᠂ ᠪᠡᠶ᠎ᠡ ᠪᠢᠯᠳᠠᠷ ᠢ ᠣᠨᠣᠭᠠᠨ ᠲᠠᠨᠢᠬᠤ ᠣᠬᠠᠭᠠᠨ ᠮᠦᠨ᠃ ᠮᠣᠩᠭᠤᠯᠴᠣᠳ ᠲᠠᠪᠣᠨ ᠬᠤᠰᠢᠭᠤ ᠮᠠᠯ ᠤᠨ ᠲᠣᠭᠤᠷᠠᠢ᠂ ᠲᠠᠪᠠᠭ᠂ ᠬᠤᠬᠢᠰᠦ ᠶᠢᠨ ᠦᠯᠡᠳᠡᠭᠡᠭᠰᠡᠨ ᠣᠯᠠ ᠮᠦᠷ ᠤᠨ ᠶᠡᠭᠡ ᠪᠠᠭ᠎ᠠ᠂ ᠮᠠᠯ ᠤᠨ ᠲᠣᠰ ᠪᠡᠶᠡᠨ ᠤ ᠬᠢᠨᠢ ᠳᠦᠷᠪᠡᠨ ᠲᠣᠭᠤᠷᠠᠢ ᠪᠣᠶᠣ ᠳᠦᠷᠪᠡᠨ ᠲᠠᠪᠠᠭ᠂ ᠳᠦᠷᠪᠡᠨ ᠬᠤᠬᠢᠰᠦ ᠶᠢᠨ ᠠᠳᠠᠯᠢ ᠪᠣᠰᠣ ᠣᠨᠴᠣᠭᠤᠢ ᠣᠨᠴᠢᠯᠢᠭ᠂ ᠡᠮᠦᠨ᠎ᠡ ᠬᠤᠶᠢᠨᠠᠬᠢ ᠬᠦᠯ ᠤᠨ ᠮᠦᠷ ᠤᠨ ᠬᠤᠭᠤᠷᠣᠨᠳᠣᠬᠢ ᠵᠠᠢ ︵ᠬᠤᠶᠢᠨᠠᠬᠢ ᠬᠦᠯ ᠤᠨ ᠮᠦᠷ ᠨᠢ ᠡᠮᠦᠨᠡᠬᠢ ᠬᠦᠯ ᠤᠨ ᠮᠦᠷ ᠳᠡᠭᠡᠷ᠎ᠡ ᠳᠠᠪᠬᠤᠷᠯᠠᠵᠣ ᠬᠢᠰᠬᠢᠵᠣ ᠭᠠᠷᠣᠭᠰᠡᠨ ᠵᠢᠰᠢᠭᠦᠦ ᠵᠦᠷᠢᠭᠦᠯᠦᠭᠰᠡᠨ ᠵᠠᠢ᠂ ᠠᠰ ᠠᠷᠣ ᠳᠤᠨᠢ ᠪᠠᠶᠢᠭ᠎ᠠ ᠵᠠᠢ᠂ ᠬᠤᠶᠢᠨᠠᠬᠢ ᠬᠦᠯ ᠨᠢ ᠡᠮᠦᠨᠡᠬᠢ ᠬᠦᠯ ᠤᠨ ᠮᠦᠷ ᠳᠡᠭᠡᠷ᠎ᠡ ᠬᠢᠰᠬᠢᠵᠣ ᠭᠦᠢᠴᠡᠳ ᠲᠠᠪᠬᠤᠷᠯᠠᠵᠣ ᠭᠠᠷᠣᠭᠰᠡᠨ ᠵᠠᠢ︶ ᠪᠣᠶᠣ ᠨᠢᠭᠡᠮᠰᠦᠨ ᠠᠷᠣ ᠭᠦᠯ ᠤᠨ ᠮᠦᠷ ᠡᠮᠦᠨ᠎ᠡ ᠬᠦᠯ ᠤᠨ ᠮᠦᠷ ᠲᠠᠢ ᠭᠠᠳᠠᠭᠤᠷ ᠲᠠᠯ᠎ᠠ ᠪᠠᠷ ᠪᠠᠷᠤᠭ ᠵᠡᠷᠭᠡᠴᠡᠨ ᠭᠠᠷᠣᠭᠰᠡᠨ ᠣᠯᠠ ᠮᠦᠷ᠂ ᠬᠤᠬᠢᠰᠦ ᠶᠢᠨ ᠰᠠᠯᠠᠭᠠᠨ ᠤ ᠣᠷᠭᠤᠴᠠ ᠶᠢᠨ ᠳᠡᠭᠰᠢ ᠪᠣᠰᠣ ᠠᠴᠠ ᠪᠣᠯᠵᠣ ᠦᠯᠡᠳᠡᠭᠡᠭᠰᠡᠨ ᠣᠯᠠ ᠮᠦᠷ᠂ ᠲᠠᠪᠠᠭ ᠤᠨ ᠶᠡᠭᠡ ᠪᠠᠭ᠎ᠠ ᠪᠠ ᠲᠠᠪᠠᠭ ᠤᠨ ᠬᠤᠸᠠᠷ ᠤᠨ ᠠᠳᠠᠯᠢ ᠪᠣᠰᠣ ᠠᠴᠠ ᠪᠣᠯᠵᠣ ᠭᠠᠵᠠᠷ ᠤᠨ ᠭᠠᠳᠠᠷᠭᠤ ᠳᠤ ᠪᠦᠷᠢᠯᠳᠦᠭᠰᠡᠨ ᠣᠯᠠ ᠮᠦᠷ᠂ ᠰᠢᠷᠡᠭᠡ ᠪᠦᠬᠦ᠂ ᠠᠶᠠᠰ ᠪᠦᠬᠦ᠂ ᠰᠣᠯᠪᠢ ᠪᠦᠬᠦ ᠠᠴᠠ ᠰᠢᠯᠲᠠᠭᠠᠯᠠᠵᠣ ᠦᠯᠡᠳᠡᠭᠰᠡᠨ ᠲᠠᠪᠠᠭ ᠤᠨ ᠣᠯᠠ ᠮᠦᠷ᠂ ᠬᠤᠬᠢᠰᠦ ᠶᠢᠨ ᠪᠡᠷᠪᠡᠬᠡᠢ ᠬᠡᠪ ᠭᠠᠯᠪᠡᠷ  ᠤᠨ ᠠᠳᠠᠯᠢ ᠪᠣᠰᠣ ᠦᠢᠯᠡᠳᠣᠯᠴᠡᠯ ᠠᠴᠠ ᠪᠣᠯᠵᠣ ᠪᠦᠷᠢᠯᠳᠦᠭᠰᠡᠨ ᠦᠬᠡᠷ᠂ ᠬᠤᠨᠢ᠂ ᠢᠮᠠᠭ᠎ᠠ ᠶᠢᠨ ᠣᠯᠠ ᠮᠦᠷ᠂ ᠮᠠᠯ ᠤᠨ ᠴᠢᠳᠦᠷ ᠳᠣᠱᠠᠭ᠎ᠠ ᠲᠠᠢ ᠪᠠᠶᠢᠬᠤ ᠦᠶ᠎ᠡ ᠶᠢᠨ ᠣᠯᠠ ᠮᠦᠷ ᠵᠡᠷᠭᠡ ᠶᠢ ᠶᠡᠬᠡᠬᠡᠨ ᠰᠣᠳᠣᠯᠣᠭᠰᠡᠨ ᠪᠠᠶᠢᠳᠠᠭ᠃ ᠮᠠᠯ ᠤᠨ ᠣᠯᠠ ᠮᠦᠷ ᠢ ᠨᠡᠶᠢᠳᠡᠮᠴᠢ ︵ᠲᠦᠭᠡᠮᠡᠯ︶ ᠴᠢᠨᠠᠷ᠂ ᠵᠢᠮ᠎ᠡ ᠶᠣᠰᠣᠴᠢ ᠴᠢᠨᠠᠷ᠂ ᠦᠪᠡᠷᠮᠢᠴᠡ ᠣᠨᠴᠣᠭᠤᠢ ᠴᠢᠨᠠᠷ᠂ ᠲᠣᠭᠲᠠᠮᠠᠯ ᠴᠢᠨᠠᠷ᠂ ᠦᠷᠭᠦᠯᠵᠢᠯᠡᠭᠰᠡᠨ ᠴᠢᠨᠠᠷ ᠲᠠᠢ ᠭᠡᠵᠣ ᠰᠢᠨᠵᠢᠯᠡᠨ ᠦᠵᠡᠵᠣ ᠪᠣᠯᠬᠤ ᠪᠦᠭᠡᠳ ᠡᠨᠡ ᠬᠡᠳᠣᠨ ᠲᠠᠯ᠎ᠠ ᠶᠢ ᠬᠤᠯᠪᠣᠨ ᠣᠯᠠ ᠮᠦᠷ ᠤᠨ ᠬᠡᠯᠪᠡᠷᠢ ᠳᠡᠭᠡᠷ᠎ᠡ ᠨᠢ ᠬᠦᠳᠡᠯᠬᠦ ᠬᠦᠳᠡᠯᠭᠡᠭᠡᠨ ᠢ ᠨᠡᠮᠡᠵᠣ᠂ ᠰᠢᠯᠵᠢᠬᠦ ᠠᠯᠬᠤᠯᠲᠠ ᠶᠢᠨ ᠮᠠᠶ᠋ᠢᠭ ᠲᠦᠯᠦᠪ ᠰᠢᠨᠵᠢ ᠶᠢ ᠪᠠᠰᠠ ᠰᠣᠳᠣᠯᠵᠣ ᠪᠣᠯᠣᠨ᠎ᠠ᠃ ᠪᠠᠰᠠ ᠭᠠᠵᠠᠷ ᠤᠨ ᠭᠠᠳᠠᠷᠭᠤ ᠶᠢᠨ ᠬᠠᠲᠠᠭᠤ ᠵᠦᠭᠡᠯᠡᠨ᠂ ᠬᠦᠷᠦᠰᠦ ᠰᠢᠷᠣᠢ ᠶᠢᠨ ᠴᠢᠩᠭ᠎ᠠ ᠰᠣᠯᠠ ᠪᠣᠶᠣ ᠰᠢᠷᠣᠢ ᠵᠢᠨ‌ᠨᠢᠭᠲᠠᠴᠠ᠂ ᠬᠠᠯᠲᠣᠷᠢᠵᠣ ᠭᠤᠯᠭᠤᠷᠰᠡᠨ ᠡᠰᠡᠬᠦ᠂ ᠳᠠᠷᠣᠯᠲᠠ ᠶᠢᠨ ᠶᠡᠭᠡ ᠪᠠᠭ᠎ᠠ ᠪᠣᠶᠣ ᠴᠢᠭᠯᠡᠯ ᠵᠡᠷᠭᠡ ᠶᠢ ᠠᠩᠬᠠᠷᠴᠣ᠂ ᠬᠠᠪᠲᠠᠭᠠᠢ ᠪᠡᠶᠡᠲᠣ ᠶᠢᠨ ᠰᠡᠷᠡᠯ ᠰᠡᠬᠦᠯ᠎ᠡ ᠪᠣᠰᠤᠭ᠎ᠠ ᠪᠡᠶᠡᠲᠣ ᠶᠢᠨ ᠰᠡᠷᠡᠯ ᠵᠡᠷᠭᠡ ᠬᠠᠷᠠᠭᠠᠰᠣᠨ ᠠᠴᠠ ᠪᠠᠰᠠ ᠰᠣᠳᠣᠯᠵᠣ ᠪᠣᠯᠣᠨ᠎ᠠ᠃ ᠪᠠᠰᠠ ᠴᠠᠭ ᠬᠤᠭᠤᠴᠠᠭᠠᠨ ᠤ ᠲᠠᠯ᠎ᠠ ᠠᠴᠠ ᠰᠢᠨ᠎ᠡ ᠮᠦᠷ ᠪᠣᠶᠣ ᠬᠠᠭᠤᠴᠢᠨ ᠮᠦᠷ ᠭᠡᠳᠡᠭ ᠢ ᠲᠣᠳᠣᠯᠠᠬᠤ᠂ ᠰᠠᠯᠬᠢᠨ ᠪᠣᠷᠣᠭᠠᠨ ᠤ ᠡᠮᠦᠨᠡᠬᠢ ᠮᠦᠷ ᠪᠣᠶᠣ ᠳᠠᠷᠠᠭᠠᠬᠢ ᠮᠦᠷ ᠭᠡᠳᠡᠭ ᠢ ᠰᠢᠨᠵᠢᠯᠡᠬᠦ᠂ ᠪᠠᠰᠠ ᠦᠷᠭᠦᠯᠵᠢᠯᠡᠭᠰᠡᠨ ᠴᠢᠨᠠᠷ ᠤᠨ ᠲᠠᠯ᠎ᠠ ᠠᠴᠠ ᠮᠠᠯ ᠤᠨ ᠠᠯᠬᠤᠴᠠ ᠶᠢ ᠡᠩ ᠤᠨ ᠠᠯᠬᠤᠴᠠ᠂ ᠡᠩ ᠤᠨ ᠪᠣᠰᠣ ᠠᠯᠬᠤᠴᠠ᠂ ᠳᠠᠩ ᠠᠯᠬᠤᠴᠠ ᠪᠠ ᠲᠠᠪᠲᠠᠬᠤ ᠠᠯᠬᠤᠴᠠ ᠭᠡᠵᠣ ᠬᠤᠪᠢᠶᠠᠨ ᠦᠵᠡᠵᠣ ᠪᠣᠯᠣᠨ᠎ᠠ᠃ ᠡᠭᠦᠨ ᠳᠤ ᠭᠠᠵᠠᠷ ᠤᠨ ᠭᠠᠳᠠᠷᠭᠤ ᠶᠢᠨ ᠰᠢᠷᠣᠢ ᠶᠢᠨ ᠦᠡᠭᠭᠡ ᠨᠢ ᠠᠯᠢ ᠴᠦ ᠦᠶ᠎ᠡ ᠶᠢᠨ ᠣᠯᠠ ᠮᠦᠷ ᠲᠤ ᠣᠨᠴᠣᠭᠤᠢ ᠦᠢᠯᠡᠳᠦᠯ ᠦᠵᠡᠭᠦᠯᠳᠡᠭ᠃ ᠪᠦᠷᠬᠦᠭ ᠪᠣᠶᠣ ᠰᠠᠯᠬᠢᠨ ᠲᠠᠢ ᠡᠳᠣᠷ᠂ ᠰᠢᠲᠠᠮ᠎ᠠ ᠬᠠᠯᠠᠭᠤᠨ ᠡᠳᠣᠷ᠂ ᠪᠣᠷᠣᠭᠠᠨ ᠴᠠᠰᠣ ᠲᠠᠢ ᠡᠳᠣᠷ ᠵᠡᠷᠭᠡ ᠨᠢ ᠮᠠᠯ ᠤᠨ ᠣᠯᠠ ᠮᠦᠷ ᠤᠨ ᠰᠢᠨ᠎ᠡ ᠬᠠᠭᠤᠴᠢᠨ ᠲᠠᠢ ᠰᠢᠭᠤᠳ ᠬᠤᠯᠪᠣᠭᠳᠠᠬᠤ ᠪᠠᠷ ᠪᠠᠷᠠᠬᠤ ᠦᠭᠡᠢ ᠣᠯᠠ ᠮᠦᠷ ᠤᠨ ᠴᠢᠨᠠᠷ ᠴᠢᠨᠰᠠᠭ᠎ᠠ ︵ᠰᠠᠶᠢᠨ᠂ ᠮᠠᠭᠤ︶ ᠲᠠᠢ ᠶᠡᠬᠡᠬᠡᠨ ᠬᠤᠯᠪᠣᠭ᠎ᠠ ᠲᠠᠢ ᠪᠠᠶᠢᠳᠠᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号