ᠦᠢᠷᠡᠳ ᠮᠣᠩᠭᠤᠯᠴᠤᠳ ᠤᠨ ᠪᠡᠷᠢ ᠮᠦᠷᠬᠦᠬᠦᠯᠬᠦ ᠶᠣᠰᠣᠨ ᠤ ᠲᠤᠬᠠᠢ
ᠨᠡᠶᠢᠲᠡᠯᠡᠭᠰᠡᠨ ᠴᠠᠭ᠄
2019/6/14
ᠪᠡᠷᠢ ᠮᠦᠷᠬᠦᠬᠦᠯᠦᠨ᠎ᠠ ᠭᠡᠲᠡᠭ ᠨᠢ ᠰᠢᠨ᠎ᠠ ᠪᠡᠷᠢ ᠶᠢ ᠡᠨᠠ ᠠᠶᠢᠯ ᠤᠨ ᠵᠡᠶᠠᠭᠠᠨ ᠰᠠᠬᠢᠭᠤᠯᠰᠤᠨ ᠳᠤ ᠮᠦᠷᠬᠦᠬᠦᠯᠵᠤ᠂ ᠠᠪᠤ ᠡᠵᠢ᠂ ᠠᠪᠠᠭ᠎ᠠ ᠨᠠᠭᠠᠴᠤ ᠪᠤᠯᠤᠨ ᠠᠬ᠎ᠠ ᠶᠡᠬᠡᠰ ᠲᠤᠨᠢ ᠮᠦᠷᠬᠦᠬᠦᠯᠵᠤ᠂ ᠵᠠᠶᠠᠭ᠎ᠠ ᠶᠡᠬᠡᠲᠤ ᠪᠠᠨ ᠬᠦᠠᠲᠤᠳᠬᠡᠵᠤ ᠬᠦᠯᠢᠶᠠᠵᠤ ᠶᠠᠪᠤᠲᠤᠭᠠᠢ ᠭᠡᠰᠡᠨ ᠤᠴᠢᠷ ᠲᠠᠢ ᠶᠤᠮ᠃ ᠪᠡᠷᠢ ᠮᠦᠷᠬᠦᠬᠦᠯᠬᠦ ᠶᠤᠰᠤ ᠶᠢ ᠬᠠᠳᠠᠮ ᠠᠪᠤ ᠡᠵᠢ ᠶᠢᠨ ᠬᠢᠨᠢ ᠭᠡᠷ ᠲᠤ ᠶᠠᠪᠤᠭᠤᠯᠤᠨ᠎ᠠ᠃ ᠬᠡᠤᠬᠡᠨ ᠤ ᠲᠠᠯ᠎ᠠ ᠶᠢᠨ ᠬᠦᠷᠭᠡᠭᠦᠯ ᠤᠨ ᠬᠦᠮᠦᠰ ᠶᠣᠰᠤ ᠬᠢᠵᠤ ᠮᠦᠷᠬᠦᠬᠦᠯᠦᠭᠰᠡᠨ ᠬᠦᠮᠦᠰ ᠲᠤ ᠲᠠᠩᠰᠠ᠂ ᠬᠡᠪᠢᠰ᠂ ᠲᠡᠪᠡᠯ ᠬᠤᠪᠴᠠᠰᠤ᠂ ᠡᠮᠤᠰᠭᠡᠯ ᠵᠡᠷᠭᠡ ᠶᠢ ᠪᠡᠯᠡᠳᠬᠡᠵᠤ ᠢᠷᠡᠨ᠎ᠠ᠃ ᠪᠡᠷᠢ ᠮᠦᠷᠬᠦᠬᠦᠯᠬᠦ ᠳᠤ ᠭᠦᠰᠢᠭᠡ ᠤᠨ ᠠᠷᠤ ᠳᠤ ᠰᠢᠨ᠎ᠠ ᠪᠡᠷᠢ ᠶᠢ ᠵᠤᠭᠰᠤᠭᠠᠵᠤ ᠬᠠᠵᠠᠭᠤ ᠳᠤᠨᠢ ᠭᠦᠪᠡᠭᠦᠨ ᠤ ᠲᠠᠯ᠎ᠠ ᠶᠢᠨ ᠪᠡᠷᠭᠡᠨ ᠪᠠ ᠬᠡᠤᠬᠡᠨ ᠤ ᠲᠠᠯ᠎ᠠ ᠶᠢᠨ ᠪᠡᠷᠭᠡᠨ ᠵᠣᠭᠰᠣᠵᠤ᠂ ᠬᠦᠪᠡᠬᠦᠨ ᠤ ᠲᠠᠯ᠎ᠠ ᠠᠴᠠ ᠨᠢᠬᠡ ᠬᠦᠮᠦᠨ ︽ᠠᠪᠤ ᠡᠵᠢ ᠶᠢᠨ ᠵᠠᠶᠠᠭᠠᠨ ᠰᠠᠬᠢᠭᠤᠰᠤᠨ ᠳᠤ ᠮᠦᠷᠬᠦᠪᠠ ᠤᠤ︖︾ ᠭᠡᠬᠦ ᠳᠤ᠂ ᠭᠡᠷ ᠲᠤ ᠪᠠᠶᠢᠭᠰᠠᠨ ᠤᠯᠠᠨ ᠢᠶᠠᠷ ᠢᠶᠠᠨ ︽ᠮᠦᠷᠬᠦᠪᠠ︾ ᠬᠡᠵᠤ ᠬᠠᠷᠢᠭᠤ ᠬᠡᠯᠡᠬᠦ ᠲᠠᠢ ᠵᠡᠷᠭᠡ ᠠᠶᠠᠭ᠎ᠠ ᠲᠠᠢ ᠦᠭᠡᠬᠦ ᠪᠠᠷᠢᠭᠴᠢ ᠬᠦᠮᠦᠨ ᠭᠠᠯ ᠳᠤ ᠨᠢᠭᠡ ᠦᠭᠡᠬᠦ ᠡᠷᠬᠦᠨ᠎ᠡ᠃ ᠡᠨᠠ ᠦᠶ᠎ᠡ ᠳᠤ ᠬᠡᠤᠬᠡᠨ ᠤ ᠲᠠᠯ᠎ᠠ ᠶᠢᠨ ᠪᠡᠷᠬᠡᠨ ᠠᠴᠠ ᠪᠤᠷᠬᠠᠨ ᠳᠤ ᠴᠠᠭᠠᠨ ᠬᠠᠲᠠᠭ ᠲᠠᠲᠠᠵᠤ᠂ ᠵᠠᠯᠭᠠᠭᠠᠳ ︽ᠠᠴᠢ ᠶᠡᠬᠡᠲᠡᠢ ᠠᠪᠤ ᠳᠤ ᠮᠦᠷᠭᠦᠪᠠ ᠤᠤ︖ ︾ ᠭᠡᠬᠦ ᠳᠤ᠂ ᠮᠦᠷᠬᠦᠬᠦᠯᠵᠤ ᠪᠠᠶᠢᠭᠰᠠᠨ ᠠᠪᠤ ᠪᠤᠶᠤ ᠬᠠᠵᠠᠭᠤ ᠶᠢᠨ ᠬᠦᠮᠦᠰ ︽ᠮᠦᠷᠭᠦᠪᠠ︾ ᠭᠡᠵᠤ ᠬᠠᠷᠢᠭᠤ ᠬᠡᠯᠡᠬᠦ ᠲᠠᠢ ᠵᠡᠷᠭᠡ ᠠᠶᠠᠭ᠎ᠠ ᠲᠠᠢ ᠦᠭᠡᠬᠦ ᠪᠠᠷᠢᠭᠴᠢ ᠬᠦᠮᠦᠨ ᠭᠠᠯ ᠳᠤ ᠪᠠᠰᠠ ᠨᠢᠭᠡ ᠦᠭᠡᠬᠦ ᠡᠷᠬᠦᠨ᠎ᠡ᠃ ᠡᠨᠠ ᠦᠶ᠎ᠠ ᠳᠤ ᠬᠡᠤᠬᠡᠨ ᠤ ᠲᠠᠯ᠎ᠠ ᠶᠢᠨ ᠪᠡᠷᠭᠡᠨ ᠠᠴᠠ ᠬᠠᠳᠠᠮ ᠠᠪᠤ ᠳᠤᠨᠢ ᠲᠡᠪᠡᠯ ᠡᠮᠤᠰᠭᠡᠨ᠎ᠠ᠃ ᠠᠪᠤ ᠨᠢ᠄ ᠮᠦᠷᠭᠦᠭᠰᠡᠨ ᠲᠤᠯᠤᠭᠠᠢ ᠴᠢᠨᠢ ᠮᠦᠩᠬᠡᠷᠡᠵᠤ ᠮᠦᠩᠬᠡ ᠤᠷᠲᠤ ᠨᠠᠰᠤ ᠲᠠᠢ ᠪᠤᠯᠵᠤ ᠦᠰᠦᠨ ᠰᠢᠭ ᠴᠠᠭᠠᠨ ᠪᠤᠯᠵᠤ ᠲᠤᠰᠤᠨ ᠰᠢᠭ᠋ ᠨᠡᠪᠲᠡᠷᠬᠡᠢ ᠪᠤᠯᠵᠤ ᠪᠤᠯᠠᠭ ᠤᠨ ᠤᠰᠤᠨ ᠰᠢᠭ᠋ ᠮᠡᠯᠮᠡᠭᠡᠷ ᠪᠤᠯᠤᠷ ᠡᠷᠲᠡᠨᠢ ᠰᠢᠭ ᠲᠤᠩᠭᠠᠯᠠᠭ ᠪᠤᠯᠵᠤ ᠰᠢᠯ ᠰᠢᠭ᠋ ᠭᠡᠷᠡᠯ ᠲᠠᠢ ᠰᠢᠬᠢᠷ ᠰᠢᠭ᠋ ᠠᠮᠲᠠᠲᠠᠢ ᠪᠤᠯᠵᠤ ᠲᠠᠬᠢᠯ ᠰᠢᠬ ᠮᠡᠯᠮᠡᠭᠡᠷ ᠲᠠᠷᠢᠶᠠᠨ ᠰᠢᠭ᠋ ᠦᠷᠡᠵᠢᠯ ᠣᠯᠠᠨ ᠪᠤᠯᠵᠤ ᠬᠠᠭᠠᠨ ᠠᠪᠤ ᠶᠢᠨ ᠢᠶᠠᠨ ᠪᠠᠭᠤᠷᠢ ᠳᠤ ᠪᠠᠭᠤᠵᠤ ᠬᠠᠲᠤᠨ ᠡᠵᠢ ᠶᠢᠨ ᠢᠶᠠᠨ ᠰᠠᠭᠤᠷᠢ ᠳᠤ ᠰᠠᠭᠤᠵᠤ ᠲᠠᠭᠤᠲᠠᠬᠤ ᠳᠠᠭᠠᠨ ᠨᠡᠷ᠎ᠡ ᠲᠠᠢ ᠲᠤᠷᠠᠳᠬᠤ ᠳᠠᠭᠠᠨ ᠴᠤᠯᠠ ᠲᠠᠢ ᠶᠠᠪᠤᠵᠤ ᠮᠤᠷᠢ ᠶᠢ ᠤᠨᠤᠲᠠᠭ ᠮᠦᠩᠬᠦ ᠶᠢ ᠲᠤᠭᠠᠯᠠᠲᠠᠭ ᠭᠦᠯ ᠢ ᠬᠤᠴᠢᠳᠠᠭ ᠬᠦᠯᠦᠰᠤ ᠶᠢ ᠠᠷᠴᠢᠲᠠᠭ ᠭᠭᠢᠷ ᠶᠢ ᠤᠭᠢᠶᠠᠵᠤ ᠬᠡᠰᠢᠭ ᠢ ᠨᠢ ᠡᠳ᠋ᠯᠡᠲᠡᠭ ᠦᠯᠵᠡᠶᠢᠲᠡᠢ ᠰᠠᠶᠢᠬᠠᠨ ᠦᠷ᠎ᠡ ᠪᠤᠯᠵᠤ ᠠᠮᠤᠷ ᠠᠮᠤᠭᠤᠯᠠᠩ ᠡᠳ᠋ᠯᠡᠳᠤᠭᠡᠢ ᠭᠡᠵᠤ ᠢᠷᠦᠭᠡᠯ ᠲᠠᠯᠪᠢᠵᠤ᠂ ᠪᠡᠷᠢ ᠳᠡᠭᠡᠨ ᠦᠬᠡᠷ ᠪᠤᠶᠤ ᠮᠤᠷᠢ ᠪᠠᠷ ᠪᠡᠯᠡᠭ ᠦᠭᠭᠦᠨ᠎ᠠ᠃ ᠲᠠᠷᠠᠭ᠎ᠠ ᠨᠢ ᠡᠵᠢ᠂ ᠠᠪᠠᠭ᠎ᠠ᠂ ᠠᠪᠠᠭ᠎ᠠ ᠪᠡᠷᠭᠡᠨ ᠁ ᠭᠡᠬᠦ ᠮᠡᠲᠤ ᠪᠠᠷ ᠵᠠᠶᠠᠭ᠎ᠠ ᠶᠡᠭᠡ ᠨᠠᠰᠤ ᠠᠬ᠎ᠠ ᠠᠴᠠ ᠤᠷᠤᠭᠤᠲᠠᠭᠤᠯᠤᠨ ᠲᠤᠰ ᠲᠤᠰ ᠶᠠᠪᠤᠭᠤᠯᠤᠨ᠎ᠠ᠃ ᠮᠦᠷᠬᠦᠬᠦᠯᠦᠭᠰᠡᠨ ᠬᠦᠮᠦᠨ ᠪᠡᠷᠢ ᠳᠡᠭᠡᠨ ᠲᠠᠪᠤᠨ ᠬᠤᠰᠢᠭᠤ ᠮᠠᠯ ᠵᠢᠭᠠᠬᠤ ᠪᠦᠭᠡᠳ ᠠᠯᠲᠠᠨ ᠪᠦᠯᠡᠵᠡᠭ᠂ ᠰᠦᠢᠬᠡ᠂ ᠮᠦᠩᠭᠦᠨ ᠪᠠᠭᠤᠤ᠂ ᠬᠠᠰ ᠪᠠᠭᠤᠤ ᠭᠡᠬᠦ ᠮᠡᠲᠤ ᠶᠢᠨ ᠵᠦᠢᠯ ᠪᠤᠯᠤᠨ ᠲᠡᠪᠡᠯ ᠬᠤᠪᠴᠠᠰᠤ ᠦᠭᠭᠦᠨ᠎ᠠ᠃ ᠬᠡᠤᠬᠡᠨ ᠤ ᠲᠠᠯ᠎ᠠ ᠠᠴᠠ ᠪᠡᠷᠢ ᠮᠦᠷᠬᠦᠬᠦᠯᠵᠤ ᠶᠤᠰᠤ ᠬᠢᠭᠰᠡᠨ ᠬᠦᠮᠦᠨ ᠳᠤ ᠬᠠᠷᠢᠭᠤ ᠪᠡᠯᠡᠭ ᠲᠠᠲᠠᠲᠠᠭ ᠶᠤᠮ᠃ ᠪᠡᠷᠢ ᠮᠦᠷᠬᠦᠬᠦᠯᠬᠦ ᠶᠤᠰᠤᠨ ᠶᠠᠪᠤᠲᠠᠯ ᠲᠦᠬᠦᠷᠦᠭᠰᠡᠨ ᠤ ᠲᠠᠷᠠᠭ᠎ᠠ ᠬᠦᠷᠬᠡᠬᠦᠯ ᠤᠨ ᠬᠦᠮᠦᠰ ᠢ ᠬᠦᠪᠡᠬᠦᠨ ᠤ ᠲᠠᠯ᠎ᠠ ᠠᠴᠠ ᠬᠦᠠᠲᠤᠳᠬᠡᠨ ᠭᠡᠶᠢᠴᠢᠯᠡᠵᠤ ᠲᠠᠶᠢᠯᠠᠲᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号