ᠠᠯᠠᠱᠠ ᠠᠭᠸᠠᠩᠳᠠᠨᠳᠠᠷ ᡀᠠᠷᠠᠮᠪᠠ
ᠨᠡᠶᠢᠲᠡᠯᠡᠭᠰᠡᠨ ᠴᠠᠭ᠄
2019/6/14
              ᠠᠭᠸᠠᠩᠳᠠᠨᠳᠠᠷ ᠪᠤᠯ1758 ᠣᠨ ᠳᠤ ᠠᠯᠠᠱᠠ ᠬᠤᠰᠢᠭᠤᠨ ᠤ ᠪᠠᠶᠠᠨᠨᠢᠷᠤᠭᠤ ᠪᠠᠭ ᠤᠨ ᠨᠢᠭᠡᠨ ᠮᠠᠯᠴᠢᠨ ᠤ ᠭᠡᠷ  ᠲᠤ ᠲᠦᠷᠦᠵᠡᠢ᠃ ᠲᠣᠯᠤᠭᠠᠨ ᠨᠠᠰᠤᠳᠠᠢ ᠳᠠᠭᠠᠨ ᠰᠦᠮ᠎ᠡ ᠳᠤ ᠱᠠᠪᠢ  ᠪᠣᠯᠵᠤ᠂ ᠬᠤᠷᠢᠨ ᠨᠠᠰᠤᠳᠠᠢ ᠳᠤᠨᠢ ᠪᠠᠷᠠᠭᠤᠨ ᠵᠤᠤ ᠶᠢᠨ ᠣᠷᠤᠨ ᠳᠤ ᠰᠤᠳᠤᠷ ᠲᠠᠷᠨᠢ ᠶᠢᠨ ᠶᠣᠰᠤᠨ ᠳᠤ ᠴᠠᠭᠠᠷᠠᠭᠤᠯᠬᠤ ᠪᠠᠷ ᠶᠠᠪᠤᠭᠤᠯᠪᠠ᠃ ᠬᠤᠷᠢᠨ ᠲᠦᠷᠪᠡᠨ ᠵᠢᠯ ᠰᠢᠮᠳᠠᠨ ᠰᠤᠷᠤᠯᠴᠠᠵᠤ᠂ ᠲᠠᠪᠤᠨ ︵ᠪᠣᠳ᠋﹀ ︿︿ᠬᠡᠯᠡ ᠪᠢᠴᠢᠭ᠂ ᠤᠷᠠᠯᠢᠭ ᠮᠡᠷᠭᠡᠵᠢᠯ᠂ ᠡᠮᠨᠡᠯᠭᠡ᠂ ᠭᠦᠨ ᠤᠬᠠᠭᠠᠨ᠂ ᠱᠠᠰᠢᠨ ᠣᠬᠠᠭᠠᠨ︶︶ ᠳᠤ ᠨᠡᠪᠳᠡᠷᠡᠵᠤ᠂ ᠱᠠᠰᠢᠨ ᠤ ᠭᠦᠨ ᠤᠬᠠᠭᠠᠨ ᠳᠤ ᠭᠠᠷᠮᠠᠭᠠᠢ ᠪᠣᠯᠤᠭᠠᠳ ᡀᠠᠰᠠ ᠳᠤ ᠬᠠᠮᠤᠭ ᠲᠡᠭᠡᠳᠤ ᠴᠣᠯᠠ ︿︿ᡀᠠᠷᠠᠮᠪᠠ︶︶ ᠶᠢ ︵ᠳ᠋ᠣᠭ᠍ᠲ᠋ᠣᠷ﹀ ᠬᠦᠷᠳᠡᠵᠡᠢ᠃   ᠠᠭᠸᠠᠩᠳᠠᠨᠳᠠᠷ1800 ᠣᠨ ᠳᠤ ᠨᠤᠳᠤᠭ ᠲᠠᠭᠠᠨ ᠡᠭᠡᠵᠤ᠂ ᠪᠠᠶᠠᠨ ᠭᠤᠤᠯ ᠳᠤ ᠵᠡᠭᠦᠨ ᠬᠡᠶᠢᠳ ᠢ ᠪᠠᠶᠢᠭᠤᠯᠵᠤ ᠂1806 ᠣᠨ ᠳᠤ ︿︿ᠪᠤᠶᠠᠨ ᠢ ᠦᠨᠳᠦᠰᠦᠯᠡᠭᠴᠢ ᠰᠦᠮ᠎ᠡ︶︶ ᠭᠡᠮᠡᠨ‌ᠨᠡᠷᠡᠯᠡᠵᠡᠢ᠃ ᠠᠭᠸᠠᠩᠳᠠᠨᠳᠠᠷ ᠲᠦᠪᠡᠳ ᠬᠡᠯᠡ ᠪᠣᠯᠤᠨ ᠮᠣᠩᠭᠤᠯ ᠬᠡᠯᠡ ᠪᠢᠴᠢᠭ ᠲᠤ ᠨᠡᠪᠳᠡᠷᠡᠵᠤ᠂1828 ᠣᠨ ᠳᠤ ︿︿ᠮᠣᠩᠭᠤᠯ ᠦᠰᠦᠭ ᠤᠨ ᠶᠣᠰᠤᠨ  ᠢ ᠰᠠᠶᠢᠳᠤᠷ ᠨᠤᠮᠯᠠᠭᠰᠠᠨ ᠬᠡᠯᠡᠨ ᠤ ᠴᠢᠮᠡᠭ︶︶ ᠢ ᠨᠠᠶᠢᠷᠠᠭᠤᠯᠤᠨ ᠪᠢᠴᠢᠵᠤ᠂ ᠡᠨᠡ ᠨᠢ1300 ᠭᠠᠷᠤᠶᠢᠬᠠᠨ ᠦᠰᠦᠭ ᠲᠠᠢ ᠮᠣᠩᠭᠤᠯ ᠪᠢᠴᠢᠭ ᠤᠨ ᠬᠡᠯᠡ ᠵᠦᠢ ᠶᠢ ᠰᠤᠷᠬᠤ ᠪᠢᠴᠢᠭ᠂ ᠮᠣᠩᠭᠤᠯ ᠦᠰᠦᠭ ᠤᠨ ᠤᠯᠠᠷᠢᠨ ᠬᠤᠪᠢᠰᠬᠤ ᠰᠣᠷᠭᠠᠯ ᠤᠨ ᠲᠠᠯ᠎ᠠ ᠪᠠᠷ ᠬᠢ ᠡᠬᠢ ᠮᠠᠲ᠋ᠧᠷᠢᠶᠠᠯ ᠢ ᠣᠯᠭᠤᠨ ᠦᠭᠴᠡᠢ᠃1831 ᠣᠨ ᠳᠤ ᠭᠦᠨ ᠣᠬᠠᠭᠠᠨ ᠤ ᠵᠣᠬᠢᠶᠠᠯ ︿︿ᠬᠦᠮᠣᠨ ᠤ ᠨᠣᠮ ᠤᠨ ᠪᠠᠶᠠᠷ ᠬᠤᠷᠢᠮ︶︶ ᠨᠢ ᠨᠡᠶᠢᠳᠡᠯᠡᠭᠳᠡᠵᠤ᠂1838 ᠣᠨ ᠳᠤ ︿︿ᠨᠡᠷᠡᠰ ᠤᠨ ᠣᠳᠬ᠎ᠠ ᠶᠢᠨ ᠲᠣᠬᠢᠶᠠᠨ ᠤ ᠪᠢᠴᠢᠭ— ᠰᠠᠷᠠᠨ ᠤ ᠭᠡᠭᠡᠨ ᠭᠡᠷᠡᠯ︶︶ ᠭᠡᠬᠦ ᠲᠦᠪᠡᠳ ᠮᠣᠩᠭᠤᠯ ᠲᠣᠮᠤ ᠲᠣᠯᠢ ᠪᠢᠴᠢᠭ ᠨᠠᠶᠢᠷᠠᠭᠤᠯᠤᠨ ᠪᠡᠭᠡᠵᠢᠩ ᠤᠨ ᠰᠦᠩ ᠵᠤ᠋ ᠰᠧ ᠶᠢᠨ ᠪᠠᠷ ᠢᠶᠠᠷ ᠬᠡᠪᠯᠡᠭᠳᠡᠵᠤ ᠲᠠᠷᠬᠠᠪᠠ᠃    60 ᠭᠠᠷᠤᠢ ᠵᠢᠯ ᠤᠨ ᠲᠣᠳᠤᠷ᠎ᠠ᠂ ᠠᠭᠸᠠᠩᠳᠠᠨᠳᠠᠷ ᠮᠣᠩᠭᠤᠯ ᠲᠦᠪᠡᠳ ᠬᠡᠯᠡ ᠪᠠᠷ40 ᠭᠠᠷᠤᠢ ᠵᠣᠬᠢᠶᠠᠯ ᠦᠭᠦᠯᠡᠯ ᠨᠡᠶᠢᠳᠡᠯᠡᠪᠡ᠃ ᠲᠡᠭᠦᠨ ᠤ ᠨᠣᠮ ᠤᠨ ᠨᠡᠷ᠎ᠡ ᠨᠢ ︿︿ᠠᠭᠸᠠᠩᠳᠠᠨᠳᠠᠷ ᠤᠨ ᠪᠦᠷᠢᠨ ᠵᠣᠬᠢᠶᠠᠯ︶︶ ᠭᠡᠳᠡᠭ᠃ ᠣᠯᠠᠩᠬᠢ ᠵᠣᠬᠢᠶᠠᠯ ᠨᠢ ᠭᠦᠮᠪᠤᠮ ᠳᠤ ᠬᠡᠪᠯᠡᠭᠳᠡᠵᠡᠢ᠃ ᠡᠭᠦᠨ ᠳᠤ ᠭᠦᠨ ᠣᠬᠠᠭᠠᠨ ᠤ ᠵᠣᠬᠢᠶᠠᠯ14᠂ ᠣᠳᠬ᠎ᠠ ᠵᠣᠬᠢᠶᠠᠯ ᠪᠦᠲᠦᠭᠡᠯ13᠂ ᠬᠡᠯᠡᠨ ᠤ ᠰᠢᠨᠵᠢᠯᠡᠯ ᠤᠨ ᠵᠣᠬᠢᠶᠠᠯ9᠂ ᠨᠡᠶᠢᠳᠡ36 ᠵᠣᠬᠢᠶᠠᠯ ᠢ ᠴᠤᠭᠯᠠᠭᠤᠯᠵᠤ ᠪᠠᠷᠤᠭ20 ᠭᠠᠷᠤᠢ ᠲᠦᠮᠡᠨ ᠦᠰᠦᠭ ᠲᠠᠢ᠃    ᠠᠭᠸᠠᠩᠳᠠᠨᠳᠠᠷ ᠤᠨ ᠨᠢᠭᠡ ᠨᠠᠰᠤ ᠪᠤᠯ ᠮᠣᠩᠭᠤᠯ ᠲᠦᠪᠡᠳ ᠦᠨᠳᠦᠰᠦᠳᠡᠨ ᠤ ᠰᠣᠶᠤᠯ ᠤᠨ ᠦᠢᠯᠡᠰ ᠤᠨ ᠬᠦᠭᠵᠢᠯᠳᠡ ᠶᠢᠨ ᠲᠦᠯᠦᠭᠡ ᠲᠡᠮᠡᠴᠡᠭᠰᠡᠨ ᠨᠢᠭᠡ ᠨᠠᠰᠤ ᠮᠥᠨ᠃ ᠣᠷᠤᠰ ᠤᠨ ᠡᠷᠳᠡᠮᠳᠡᠨ ᠶ᠊᠂ ᠸᠠᠯᠠᠳᠠᠮᠠᠷᠽᠣᠸ᠋ ᠪᠣᠯᠤᠨ ᠮᠣᠩᠭᠤᠯ ᠣᠯᠤᠰ ᠤᠨ ᠡᠷᠳᠡᠮᠳᠡᠨ ᠴ᠊᠂ ᠲᠠᠮᠳᠢᠨᠰᠦᠷᠦᠩ ᠨᠠᠷ ᠲᠤᠶᠢᠯ ᠤᠨ ᠦᠨᠳᠦᠷ ᠢᠶᠠᠷ ᠦᠨᠡᠯᠡᠵᠡᠢ᠃ ᠠᠭᠸᠠᠩᠳᠠᠨᠳᠠᠷ ᡀᠠᠷᠠᠮᠪᠠ ᠪᠣᠯ ᠪᠦᠬᠦ ᠡᠨᠡᠳᠭᠡᠭ ᠪᠣᠯᠤᠨ ᠲᠦᠪᠡᠳ ᠤᠨ ᠠᠯᠢ ᠨᠢᠭᠡᠨ ᠪᠠᠨᠳᠠᠳᠢᠨ ᠠᠴᠠ ᠴᠤ ᠲᠡᠭᠡᠳᠤ ᠶᠡᠭᠡ ᠡᠷᠳᠡᠮᠳᠡᠨ᠂ ᠲᠡᠷᠡ ᠪᠤᠯ ᠨᠢᠭᠡᠨ ᠬᠡᠯᠡᠨ ᠤ ᠰᠤᠳᠤᠯᠤᠭᠴᠢ᠂ ᠣᠳᠬ᠎ᠠ ᠣᠷᠠᠯᠢᠭ ᠤᠨ ᠣᠨᠤᠯᠴᠢ᠂ ᠭᠠᠷᠮᠠᠭᠠᠢ ᠶᠡᠭᠡ ᠰᠢᠯᠦᠭᠴᠢᠨ ᠮᠥᠨ᠃ ᠴ᠊᠂ ᠲᠠᠮᠳᠢᠨᠰᠦᠷᠦᠩ ᠲᠤᠰᠬᠠᠢ ︿︿ᠠᠯᠠᠱᠠ ᠶᠢᠨ ᠠᠭᠸᠠᠩᠳᠠᠨᠳᠠᠷ ᡀᠠᠷᠠᠮᠪᠠ︶︶ ᠭᠡᠳᠡᠭ ᠡᠷᠳᠡᠮ ᠰᠢᠨᠵᠢᠯᠡᠭᠡᠨ ᠤ ᠦᠭᠦᠯᠡᠯ ᠲᠡᠭᠡᠨ ᠪᠦᠬᠦ ᠲᠠᠯ᠎ᠠ ᠪᠠᠷ ᠠᠭᠸᠠᠩᠳᠠᠨᠳᠠᠷ ᡀᠠᠷᠠᠮᠪᠠ ᠶᠢ ᠦᠨᠡᠯᠡᠭᠰᠡᠨ ᠪᠠᠶᠢᠨ᠎ᠠ᠃                        1996 ᠣᠨ ᠤ ︿︿ᠠᠯᠠᠱᠠ ᠰᠣᠨᠢᠨ︶︶ ᠠᠴᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号