ᠠᠯᠱᠠ ᠠᠮᠠᠨ ᠠᠶᠠᠯᠭᠤᠨ ᠳᠠᠬᠢ ᠶᠠᠷᠢᠶᠠᠨ ᠤ ᠬᠡᠯᠡ
ᠨᠡᠶᠢᠲᠡᠯᠡᠭᠰᠡᠨ ᠴᠠᠭ᠄
2019/6/14
   ᠮᠠᠩᠭᠠᠳᠣᠷ — ᠮᠠᠷᠭᠠᠰᠢ      ᠬᠠᠷᠠᠩᠭᠠᠯᠠᠬᠤ — ᠦᠯᠦᠰᠬᠦ      ᠪᠤᠭᠤᠷᠰᠤᠭ — ᠪᠤᠤᠪᠤ      ᠬᠠᠯᠢᠶᠠᠬᠤ — ᠬᠠᠷᠠᠬᠤ      ᠴᠠᠩᠭᠠᠬᠤ — ᠣᠮᠳᠠᠭᠠᠰᠬᠤ      ᠠᠷᠭᠠᠰᠤ᠂ ᠬᠤᠷᠭᠤᠰᠤ — ᠠᠷᠭᠠᠯ      ᠬᠠᠯᠢᠪ — ᠬᠠᠪᠬᠠᠭᠠᠰᠣ      ᠲᠠᠯᠵᠢᠭ — ᠬᠤᠰᠤᠭᠤᠷ      ᠰᠠᠷᠠᠪᠴᠢ — ᠨᠢᠳᠤᠨ ᠰᠢᠯ      ᠰᠣᠯᠢᠬᠢᠷ — ᠴᠣᠯᠢᠬᠢᠷ      ᠱᠣᠮᠳᠠᠢ — ᠭᠤᠶᠤ ᠰᠠᠶᠢᠬᠠᠨ᠂ ᠶᠠᠩᠵᠤ ᠨᠢ ᠰᠠᠶᠢᠬᠠᠨ᠃ ᠱᠣᠮᠳᠠᠢ ᠲᠡᠮᠡᠭᠡ᠃      ᠱᠣᠮ ᠲᠠᠳᠠᠭᠠᠳ — ᠮᠠᠶ᠋ᠢᠭᠯᠠᠭᠠᠳ᠂ ᠳᠡᠭᠡᠭᠦᠷ ᠬᠠᠷᠠᠵᠤ ᠶᠠᠩᠵᠤ ᠭᠠᠷᠬᠤ᠂ ᠦᠭᠡ ᠲᠣᠣᠭᠠᠷᠬᠤ ᠦᠭᠡᠢ ᠪᠠᠶᠢᠳᠠᠯ ᠢ ᠵᠢᠭᠠᠨ᠎ᠠ᠃      ᠲᠦᠷᠢᠬᠦ —  ᠣᠭᠤᠳᠠ ᠰᠠᠪᠠᠨ ᠳᠤ ᠶᠠᠭᠤᠮ᠎ᠠ ᠬᠢᠬᠦ᠃      ᠵᠣᠣᠬᠠᠨ — ᠪᠠᠭ᠎ᠠ᠂ ᠵᠢᠭᠠᠬᠠᠨ᠃      ᠰᠠᠪᠠᠭ᠎ᠠ ᠦᠭᠡᠢ — ᠬᠢᠷᠢ ᠪᠠᠨ ᠮᠡᠳᠡᠬᠦ ᠦᠭᠡᠢ᠃      ᠬᠤᠨᠵᠢᠩ ᠱᠠᠭᠠᠨ᠎ᠠ —  ᠬᠤᠨᠵᠢᠨ᠎ᠠ ᠭᠡᠬᠦ ᠣᠳᠬ᠎ᠠ᠃      ᠰᠦᠢ ︵sooi) — ᠰᠦᠨᠢ      ᠰᠠᠭᠰᠠᠢ — ᠠᠭᠰᠢᠭᠠᠭᠰᠠᠨ ᠳᠣᠳᠣᠷᠭᠠᠨ ᠪᠣᠳᠠᠭ᠎ᠠ ᠪᠤᠶᠤ ᠭᠤᠯᠢᠷ ᠪᠤᠳᠠᠭ᠎ᠠ      ᠣᠳᠠ ᠪᠣᠳᠠᠭ᠎ᠠ — ᠬᠠᠭᠤᠷᠠᠭᠰᠠᠨ ᠠᠮᠤ      ᠲᠦᠯᠳᠡᠷ — ᠡᠮᠦᠨ᠎ᠡ ᠬᠡᠳᠦᠨ ᠡᠳᠦᠷ᠃      ᠰᠢᠷᠪᠢᠬᠦ — ᠲᠤᠭᠠᠨ ᠠᠴᠠ ᠭᠠᠷᠭᠠᠬᠤ᠂ ᠭᠤᠤᠯᠳᠠᠭᠤ ᠬᠦᠴᠤ ᠮᠠᠭᠤ ᠮᠠᠯ ᠢ ᠬᠤᠳᠠᠯᠳᠣᠬᠤ ᠶᠢ ᠬᠡᠯᠡᠨ᠎ᠡ᠃      ᠦᠮᠦᠳᠤᠨ ᠤ ᠦᠯᠦᠬᠦ — ᠦᠮᠦᠳᠤᠨ ᠲᠡᠯᠡᠢ        ᠳᠡᠷᠡᠰᠤ ︵ᠪᠣᠳᠠ︶ — ᠲᠦᠩᠭᠦ᠃      ᠵᠢᠷᠡᠶᠢᠭᠡᠳ — ᠬᠤᠷᠳᠤᠨ ᠭᠦᠶᠦᠬᠦ᠃      ᠭᠡᠶᠢᠴᠢ — ᠭᠡᠶᠢᠴᠢᠨ      ᠠᠮᠠ ᠮᠦᠯᠴᠡ — ᠴᠠᠭ ᠲᠤᠨᠢ ᠨᠢ ᠠᠮᠵᠢᠭᠤᠯᠬᠤ      ᠶᠡᠯᠳᠡᠩ — ᠠᠯᠢᠶ᠎ᠠ ᠲᠡᠭᠵᠢᠨ᠃ ᠶᠡᠯᠳᠡᠩ ᠬᠡᠤᠬᠡᠳ      ᠠᠮᠠᠳᠠᠭᠳ ᠠᠪᠬᠤ — ᠲᠣᠰᠤᠭᠠᠳ ᠠᠪᠬᠤ᠃      ᠬᠢᠵᠢᠶᠠᠷ — ᠪᠦᠰ ᠤᠨ ᠦᠭᠡᠳᠡᠰᠤ      ᠲᠣᠰᠤᠨ ᠤ ᠬᠠᠰᠢᠩ — ᠲᠣᠰᠤᠨ ᠤ ᠬᠠᠯᠢᠮᠠᠭ᠂ ᠰᠢᠷᠠᠯᠠᠭᠤᠯᠤᠭᠰᠠᠨ ᠲᠣᠰᠤᠨ ᠤ ᠰᠢᠭᠠᠷᠠᠤ᠃      ᠬᠤᠢ — ᠬᠤᠨᠢ      ᠲᠡᠷᠭᠢᠭᠡᠳ — ᠣᠯᠠᠨ ᠠᠮᠢᠳᠠᠨ ᠬᠦᠶᠦᠯᠳᠦᠬᠦ᠃      ᠬᠠᠩᠭᠠᠳᠠᠭᠠᠳ — ᠠᠷᠭ᠎ᠠ ᠠᠭᠠᠰᠢ ᠪᠠᠨ ᠪᠠᠷᠠᠵᠤ᠂ ᠬᠢᠳᠡᠯ ᠠᠯᠳᠠᠨ ᠨᠠᠰᠢ ᠴᠠᠰᠢ  ᠶᠠᠪᠤᠬᠤ᠃ ᠣᠶᠠᠭ᠎ᠠ ᠲᠠᠢ ᠲᠡᠮᠡᠭᠡ ᠮᠠᠯ ᠣᠶᠠᠭᠠᠨ ᠲᠡᠭᠡᠷ᠎ᠡ ᠪᠠᠨ ᠨᠠᠰᠢ ᠴᠠᠰᠢ ᠡᠷᠭᠢᠬᠦ᠃      ᠰᠣᠮᠠᠯᠢ — ᠨᠤᠤᠰᠤᠨ ᠣᠳᠠᠰᠤ ᠪᠠᠷ ᠨᠡᠬᠡᠵᠤ ᠬᠢᠭᠰᠡᠨ ᠣᠭᠤᠳᠠ᠃      ᠬᠤᠯᠬᠢᠬᠤ  — ᠬᠢᠳᠠᠯ ᠠᠯᠳᠠᠨ ᠨᠠᠰᠢ ᠴᠠᠰᠢ ᠶᠠᠪᠤᠬᠤ᠃      ᠬᠠᠪᠳᠠᠷᠠᠭᠠᠬᠤ — ᠢᠴᠢᠭᠡᠬᠦ᠃      ᠶᠠᠭᠤ ᠬᠠᠶᠢᠨ ᠳᠤ ᠦᠭᠡᠢ — ᠶᠠᠭᠠᠬᠢᠬᠤ ᠶᠢᠨ ᠵᠠᠪ ᠦᠭᠬᠦ ᠦᠭᠡᠢ᠃      ᠭᠤᠩᠳᠣᠤ  —  ᠨᠢᠮᠪᠠᠢ᠃      ᠱᠦᠭᠦᠷᠮᠡᠭ — ᠠᠭᠠᠷᠣᠣᠯ᠃      ᠬᠤᠷᠤᠰ — ᠬᠦᠮᠡᠯᠢ ᠶᠢ ᠴᠢᠭᠢᠭᠳᠡᠢ ᠪᠠᠷ ᠨᠢ ᠨᠦᠳᠦᠵᠤ ᠲᠣᠭᠤᠢ ᠪᠤᠶᠣ ᠪᠦᠭᠡᠷᠡᠩᠬᠡᠢ ᠪᠤᠯᠭᠠᠵᠤ ᠬᠢᠭᠰᠡᠨ ᠬᠠᠳᠠᠭᠠᠮᠠᠯ᠃      ᠣᠬᠢᠷᠠᠬᠤ — ᠣᠬᠢᠯᠠᠬᠤ᠃      ᠴᠠᠩᠬᠢᠶᠠᠯᠠᠬᠤ — ᠬᠡᠷᠡᠭ ᠦᠭᠡᠢ ᠶᠠᠭᠤᠮᠠᠨ ᠳᠤ ᠲᠣᠷᠠᠯᠠᠨ ᠣᠷᠤᠯᠴᠠᠬᠤ᠃      ᠬᠠᠮᠪᠠᠭᠠᠯᠠᠬᠤ — ᠶᠠᠭᠤᠮᠠᠨ ᠳᠤ ᠬᠤᠪᠳᠣᠭᠯᠠᠵᠤ ᠦᠮᠴᠢᠯᠡᠬᠦ᠃      ᠭᠠᠵᠠᠭ᠎ᠠ — ᠭᠠᠳᠠᠨ᠎ᠠ᠃      ᠭᠠᠵᠠᠭᠠᠯᠠᠬᠤ — ᠪᠡᠶ᠎ᠡ ᠵᠠᠰᠠᠬᠤ ᠶᠢᠨ ᠬᠦᠨᠳᠦᠳᠬᠡᠯ ᠦᠭᠡ᠃      ᠠᠬᠠᠷ — ᠣᠬᠤᠷ᠃      ᠭᠠᠵᠠᠷ ᠤᠨ ᠴᠠᠭᠠᠨ ᠳᠤ ᠭᠠᠷᠬᠤ — ᠠᠮᠣᠷ ᠮᠡᠨᠳᠤ ᠲᠦᠷᠦᠬᠦ᠃      ᠲᠣᠵᠢ ᠲᠠᠭᠠᠨ — ᠦᠷᠭᠦᠯᠵᠢ ᠳᠡᠭᠡᠨ᠃      ᠡᠭᠦᠣᠷ — ᠬᠡᠵᠢᠶᠡᠳᠡ᠃      ᠶᠠᠯᠢᠩ — ᠬᠡᠵᠢᠶᠡᠳᠡ᠃      ᠬᠤᠩᠭᠤ —  ᠲᠠᠰᠢᠶ᠎ᠠ᠂ ᠰᠠᠭᠤᠷᠢ      ᠬᠦᠭ ᠲᠠᠢ — ᠱᠣᠭᠳᠠᠢ᠂ ᠰᠣᠨᠢᠨ᠃      ᠪᠠᠷᠠᠮᠬᠠᠨ — ᠬᠦᠭᠡᠷᠦᠬᠡᠨ᠂ ᠭᠤᠶᠤᠬᠠᠨ᠃      ᠦᠬᠡᠷᠬᠡᠨ — ᠬᠦᠭᠡᠷᠦᠬᠡᠨ᠃      ᠠᠭᠰᠠᠶᠢᠳᠠᠬᠤ — ᠪᠦᠳᠦᠭᠡᠨ ᠰᠢᠭ ᠶᠠᠭᠤᠮ᠎ᠠ ᠶᠢ ᠦᠢᠷ᠎ᠠ ᠵᠠᠭᠤᠷ᠎ᠠ ᠬᠠᠶᠠᠵᠤ ᠶᠠᠪᠤᠭᠤᠯᠬᠤ᠃      ᠴᠢᠯᠠᠭᠤᠳᠠᠬᠤ — ᠪᠠᠭ᠎ᠠ ᠰᠢᠭ ᠶᠠᠭᠤᠮ᠎ᠠ ᠶᠢ ᠬᠤᠯᠠ ᠬᠠᠶᠠᠵᠤ ᠶᠠᠪᠤᠭᠤᠯᠬᠤ᠃      ᠲᠠᠪᠤᠨ ᠰᠠᠯᠠᠭ᠎ᠠ ᠲᠠᠢ ᠪᠤᠭᠤᠷᠰᠤᠭ ᠢᠳᠡᠭᠦᠯᠬᠦ — ᠠᠯᠠᠭᠠᠳᠠᠭᠤᠯᠬᠤ      ᠰᠠᠪᠳᠠᠷᠭᠠᠨ —  ᠶᠠᠭᠤᠮ᠎ᠠ ᠪᠤᠯᠭᠠᠨ ᠳᠤ ᠭᠠᠷ ᠬᠦᠷᠭ᠊�
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号